《ᠮᠣᠩᠭᠤᠯ ᠵᠥᠪ ᠪᠢᠴᠢᠯᠭᠡ ᠶᠢᠨ ᠲᠣᠯᠢ》 ᠳᠠᠬᠢ ᠰᠢᠨ᠎ᠡ ᠪᠡᠷ ᠳᠦᠷᠢᠮᠵᠢᠭᠦᠯᠦᠭᠰᠡᠨ ᠦᠭᠡᠰ ᠦ᠋ᠨ ᠬᠡᠷᠡᠭᠯᠡᠭᠡᠨ ᠦ᠌ ᠪᠠᠢᠳᠠᠯ ᠤᠨ ᠲᠤᠬᠠᠢ ᠪᠠᠢᠴᠠᠭᠠᠨ ᠰᠤᠳᠤᠯᠤᠯᠲᠠ ( ᠨᠢᠭᠡ )
ᠵᠣᠬᠢᠶᠠᠭᠴᠢ᠄ ᠲᠦᠮᠡᠨᠵᠢᠷᠭᠠᠯ ᠰᠡᠴᠡᠨᠪᠠᠭᠠᠲᠤᠷ ᠬᠦᠷᠡᠯᠪᠠᠭᠠᠲᠤᠷ
2018.06.06

ᠮᠣᠩᠭᠤᠯ ᠬᠡᠯᠡ ᠪᠢᠴᠢᠭ ᠦ᠋ᠨ ᠲᠡᠦᠬᠡᠨ ᠬᠥᠭᠵᠢᠯ ᠦᠨ ᠪᠤᠳᠤᠯᠢᠶᠠᠨᠲᠤ ᠶᠠᠪᠤᠴᠠ᠂ ᠪᠢᠴᠢᠭ ᠦ᠋ᠨ ᠬᠡᠯᠡ ᠪᠠ ᠶᠠᠷᠢᠶᠠᠨ ᠤ ᠬᠡᠯᠡᠨ ᠦ ᠢᠳᠡᠭ ᠢᠳᠡᠭ ᠢᠶᠡᠷ ᠵᠠᠢᠳᠠᠭᠰᠠᠨ ᠠᠰᠠᠭᠤᠳᠠᠯ᠂ ᠮᠣᠩᠭᠤᠯ ᠦᠰᠦᠭ ᠪᠢᠴᠢᠭ ᠦ᠋ᠨ ᠲᠤᠰ ᠪᠡᠶ᠎ᠡ ᠶᠢᠨ ᠬᠢᠨᠢ ᠥᠪᠡᠷᠮᠢᠴᠡ ᠣᠨᠴᠠᠯᠢᠭ ᠵᠢᠴᠢ ᠮᠣᠩᠭᠤᠯ ᠬᠡᠯᠡ ᠰᠢᠨᠵᠢᠯᠡᠯ ᠦᠨ ᠣᠨᠤᠯ ᠦᠢᠯᠡᠳᠦᠯᠭᠡ ᠵᠡᠷᠭᠡ ᠣᠯᠠᠨ ᠲᠠᠯ᠎ᠠ ᠶᠢᠨ ᠰᠢᠯᠲᠠᠭᠠᠨ᠂ ᠮᠡᠳᠡᠭᠡ ᠵᠠᠩᠭᠢ ᠶᠢᠨ ᠲᠦᠭᠡᠮᠡᠯᠵᠢᠯ ᠪᠠ ᠥᠷᠭᠡᠨ ᠣᠯᠠᠨ ᠮᠣᠩᠭᠤᠯᠴᠤᠳ ᠤᠨ ᠬᠡᠯᠡ ᠰᠣᠶᠤᠯ ᠤᠨ ᠤᠬᠠᠮᠰᠠᠷ ᠤᠨ ᠥᠨᠳᠦᠷᠵᠢᠬᠦ ᠶᠢ ᠳᠠᠭᠠᠯᠳᠤᠨ 1999 ᠣᠨ ᠤ 12 ᠰᠠᠷ᠎ᠠ ᠳᠤ ᠠᠩᠬ᠎ᠠ ᠬᠡᠪᠯᠡᠭᠳᠡᠵᠦ᠂ 2012 ᠣᠨ ᠤ 12 ᠰᠠᠷ᠎ᠠ ᠳᠤ ᠲᠠᠬᠢᠨ ᠬᠡᠪᠯᠡᠭᠳᠡᠭᠰᠡᠨ 《ᠮᠣᠩᠭᠤᠯ ᠵᠥᠪ ᠪᠢᠴᠢᠯᠭᠡ ᠶᠢᠨ ᠲᠣᠯᠢ》ᠨᠢ ᠬᠥᠮᠦᠰ ᠦᠨ ᠡᠳᠦᠷ ᠳᠣᠳᠤᠮ ᠤᠨ ᠶᠠᠷᠢᠯᠴᠠᠭᠠᠨ ᠤ ᠰᠡᠳᠦᠪ ᠪᠣᠯᠤᠭᠰᠠᠨ ᠪᠠᠢᠨ᠎ᠠ᠃ ᠡᠢᠮᠦᠷᠬᠦᠦ ᠪᠠᠢᠳᠠᠯ ᠳᠤ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ ᠲᠤᠰ ᠠᠵᠢᠯ ᠢ ᠮᠠᠰᠢ ᠬᠦᠨᠳᠦᠳᠭᠡᠨ ᠦᠵᠡᠵᠦ᠂ ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠶᠢᠨ ᠰᠡᠴᠡᠨᠪᠠᠭᠠᠲᠤᠷ᠂ ᠬᠦᠷᠡᠯᠪᠠᠭᠠᠲᠤᠷ᠂ ᠲᠦᠮᠡᠨᠵᠢᠷᠭᠠᠯ ᠵᠡᠷᠭᠡ ᠭᠤᠷᠪᠠᠨ ᠪᠠᠭᠰᠢ ᠪᠠᠷ ᠲᠣᠯᠤᠭᠠᠢᠯᠠᠭᠤᠯᠤᠭᠰᠠᠨ ᠪᠠᠢᠴᠠᠭᠠᠨ ᠰᠤᠳᠤᠯᠤᠯᠲᠠ ᠶᠢᠨ ᠳᠤᠭᠤᠢᠯᠠᠩ ᠢ ᠵᠣᠬᠢᠶᠠᠨ ᠪᠠᠢᠭᠤᠯᠵᠤ᠂ 2015 ᠣᠨ ᠤ 8 — 12 ᠳ᠋ᠤᠭᠠᠷ ᠰᠠᠷ᠎ᠠ ᠶᠢᠨ ᠬᠣᠭᠤᠷᠤᠨᠳᠤ ᠭᠤᠷᠪᠠᠨ ᠳᠤᠭᠤᠢᠯᠠᠩ ᠬᠤᠪᠢᠶᠠᠨ ᠪᠦᠬᠦ ᠣᠷᠤᠨ ᠤ ᠪᠠᠷᠠᠭᠤᠨ᠂ ᠳᠤᠮᠳᠠ᠂ ᠵᠡᠭᠦᠨ ᠭᠤᠷᠪᠠᠨ ᠬᠡᠰᠡᠭ ᠭᠠᠵᠠᠷ ᠣᠷᠤᠨ ᠤ ᠬᠡᠪᠯᠡᠯ ᠦᠨ ᠬᠣᠷᠢᠶ᠎ᠠ᠂ ᠰᠣᠨᠢᠨ ᠤ ᠬᠣᠷᠢᠶ᠎ᠠ᠂ ᠰᠡᠳᠭᠦᠯ ᠦᠨ ᠬᠣᠷᠢᠶ᠎ᠠ᠂ ᠤᠳᠭ᠎ᠠ ᠤᠷᠠᠯᠢᠭ ᠤᠨ ᠬᠢᠨ ᠤ ᠬᠣᠯᠪᠤᠭ᠎ᠠ᠂ ᠨᠠᠮ ᠤᠨ ᠬᠣᠷᠢᠶᠠᠨ ᠤ᠋ ᠤᠬᠠᠭᠤᠯᠬᠤ ᠬᠡᠯᠲᠡᠰ᠂ ᠣᠷᠴᠢᠭᠤᠯᠭ᠎ᠠ ᠶᠢᠨ ᠰᠠᠯᠠᠭ᠎ᠠ᠂ ᠨᠢᠭᠡᠳᠦᠮᠡᠯ ᠹᠷᠣᠨᠲ ᠤᠨ ᠬᠡᠯᠲᠡᠰ᠂ ᠦᠨᠳᠦᠰᠦᠲᠡᠨ ᠱᠠᠰᠢᠨ ᠰᠤᠷᠲᠠᠬᠤᠨ ᠤ ᠲᠣᠪᠴᠢᠶ᠎ᠠ᠂ ᠮᠣᠩᠭᠤᠯ ᠢᠶᠠᠷ ᠬᠢᠴᠢᠶᠡᠯᠯᠡᠬᠦ ᠶᠡᠬᠡ ᠳᠡᠭᠡᠳᠦ ᠰᠤᠷᠭᠠᠭᠤᠯᠢ ᠪᠠ ᠵᠠᠷᠢᠮ ᠳᠤᠮᠳᠠᠳᠤ ᠪᠠᠭ᠎ᠠ ᠰᠤᠷᠭᠠᠭᠤᠯᠢ᠂ ᠵᠢᠭᠠᠬᠤ ᠶᠢ ᠰᠤᠳᠤᠯᠬᠤ ᠭᠡᠷ᠂ ᠷᠠᠳᠢᠣ᠋ ᠲᠧᠯᠸᠢᠰ ᠬᠣᠷᠢᠶ᠎ᠠ ᠵᠡᠷᠭᠡ ᠪᠠᠢᠭᠤᠯᠭ᠎ᠠ ᠨᠢᠭᠡᠴᠢ ᠶᠢᠨ ᠨᠠᠢᠷᠠᠭᠤᠯᠤᠭᠴᠢ᠂ ᠰᠤᠷᠪᠤᠯᠵᠢᠯᠠᠭᠴᠢ᠂ ᠴᠢᠮᠡᠭᠡᠯᠡᠭᠴᠢ᠂ ᠣᠷᠴᠢᠭᠤᠯᠤᠭᠴᠢ ᠵᠢᠴᠢ ᠮᠣᠩᠭᠤᠯ ᠬᠡᠯᠡᠨ ᠦ ᠪᠠᠭᠰᠢ ᠨᠠᠷ ᠢᠶᠠᠷ ᠭᠣᠣᠯᠳᠠᠭ᠎ᠠ ᠲᠠᠢ ᠪᠠᠢᠴᠠᠭᠠᠯᠲᠠ ᠶᠢᠨ ᠳ᠋ᠦᠢᠰᠢᠶᠠᠩ ᠪᠣᠯᠭᠠᠨ 2012 ᠣᠨ ᠤ 12 ᠰᠠᠷ᠎ᠠ ᠳᠤ ᠬᠡᠪᠯᠡᠭᠦᠯᠦᠭᠰᠡᠨ 《ᠮᠣᠩᠭᠤᠯ ᠵᠥᠪ ᠪᠢᠴᠢᠯᠭᠡ ᠶᠢᠨ ᠲᠣᠯᠢ》 ( ᠨᠡᠮᠡᠨ ᠵᠠᠰᠠᠭᠰᠠᠨ ᠳᠡᠪᠲᠡᠷ) ᠳᠤ ᠨᠢᠭᠡᠳᠭᠡᠨ ᠳᠦᠷᠢᠮᠵᠢᠭᠦᠯᠦᠭᠰᠡᠨ 2180 ᠦᠭᠡ ᠶᠢ ᠬᠡᠷᠡᠭᠯᠡᠵᠦ ᠪᠠᠢᠭ᠎ᠠ ᠪᠠᠢᠳᠠᠯ ᠤᠨ ᠲᠤᠬᠠᠢ ᠪᠣᠳᠠᠲᠠᠢ ᠪᠠᠷ ᠪᠠᠢᠴᠠᠭᠠᠨ ᠰᠤᠳᠤᠯᠤᠯᠲᠠ ᠬᠢᠭᠰᠡᠨ ᠪᠠᠢᠨ᠎ᠠ᠃

 

ᠨᠢᠭᠡ᠂ ᠮᠣᠩᠭᠤᠯ ᠬᠡᠯᠡᠨ ᠦ ᠳᠠᠩ ᠦᠭᠡᠰ ᠦᠨ ᠪᠢᠴᠢᠯᠭᠡ ᠶᠢ ᠳᠦᠷᠢᠮᠵᠢᠭᠦᠯᠦᠭᠰᠡᠨ ᠪᠠ  《ᠮᠣᠩᠭᠤᠯ ᠵᠥᠪ ᠪᠢᠴᠢᠯᠭᠡ ᠶᠢᠨ ᠲᠣᠯᠢ》 ᠶᠢ ᠨᠠᠢᠷᠠᠭᠤᠯᠵᠤ ᠬᠡᠪᠯᠡᠭᠦᠯᠦᠭᠰᠡᠨ ᠦ ᠤᠴᠢᠷ

 

(ᠨᠢᠭᠡ) ᠮᠣᠩᠭᠤᠯ ᠬᠡᠯᠡᠨ ᠤ ᠳᠠᠩ ᠦᠭᠡᠰ ᠤᠨ ᠪᠢᠴᠢᠯᠭᠡ ᠨᠢᠭᠡᠲᠦᠯ ᠦᠭᠡᠢ ᠪᠠᠢᠭᠰᠠᠨ ᠲᠡᠦᠬᠡᠨ ᠪᠠᠢᠳᠠᠯ ᠮᠣᠩᠭᠤᠯᠴᠤᠳ ᠴᠤᠬᠤᠮ ᠬᠡᠵᠢᠶ᠎ᠡ ᠦᠰᠦᠭ  ᠪᠢᠴᠢᠭ᠌ ᠲᠠᠢ ᠪᠣᠯᠤᠭᠰᠠᠨ ᠲᠤᠬᠠᠢ ᠣᠳᠣ ᠪᠤᠯᠲᠠᠯ᠎ᠠ ᠨᠠᠢᠳᠠᠪᠤᠷᠢᠲᠠᠢ ᠮᠠᠲ᠋ᠧᠷᠢᠶᠠᠯ ᠣᠯᠳᠠᠭ᠎ᠠ ᠦᠭᠡᠢ ᠪᠤᠯᠪᠠᠴᠤ ᠮᠣᠩᠭᠤᠯ ᠦᠰᠦᠭ ᠤᠨ ᠪᠢᠴᠢᠯᠭᠡ ᠶᠢᠨ ᠬᠡᠪᠰᠢᠯ᠂ 1225 ᠣᠨ ᠤ 《ᠴᠢᠩᠭᠢᠰ ᠤᠨ ᠴᠢᠯᠠᠭᠤᠨ ᠤ  ᠪᠢᠴᠢᠭ᠌》 ᠵᠡᠷᠭᠡ ᠳᠤ ᠦᠨᠳᠦᠰᠦᠯᠡᠨ ᠮᠣᠩᠭᠤᠯᠴᠤᠳ ᠨᠠᠭᠠᠲᠤ ᠵᠠᠬ᠎ᠠ ᠳᠠᠭᠠᠨ ᠮᠢᠩᠭ᠎ᠠ ᠰᠢᠬᠠᠮ ᠵᠢᠯ ᠤᠨ ᠦᠰᠦᠭ  ᠪᠢᠴᠢᠭ᠌ ᠤᠨ ᠬᠦᠭᠵᠢᠯ ᠤᠨ ᠲᠡᠦᠬᠡ ᠲᠠᠢ ᠭᠡᠵᠦ ᠡᠷᠳᠡᠮᠲᠡᠳ ᠦᠵᠡᠳᠡᠭ᠃ ᠡᠨᠡ  ᠬᠦ ᠮᠢᠩᠭ᠎ᠠ ᠰᠢᠬᠠᠮ ᠵᠢᠯ ᠤᠨ ᠲᠤᠷᠰᠢᠳᠠ ᠮᠣᠩᠭᠤᠯ ᠪᠢᠴᠢᠭ᠌ ᠨᠢ ᠠᠳᠠᠯᠢ ᠪᠤᠰᠤ ᠬᠦᠭᠵᠢᠯ ᠤᠨ ᠱᠠᠲᠤ ᠦᠶ᠎ᠡ ᠶᠢ ᠳᠠᠮᠵᠢᠵᠤ ᠴᠦᠢᠵᠢᠠᠣᠳᠰᠠᠷ᠂ ᠳᠠᠨᠵᠠᠨᠳᠠᠭᠪᠠ᠂ ᠠᠭᠸᠠᠩᠳᠠᠨᠳᠠᠷ᠂ ᠲᠦᠮᠡᠳ ᠤᠨ ᠭᠠᠯᠰᠠᠩ ᠲᠦᠷᠦᠭᠦᠲᠡᠢ ᠳᠡᠭᠡᠷ᠎ᠡ ᠦᠶ᠎ᠡ ᠶᠢᠨ ᠡᠷᠳᠡᠮᠲᠡᠳ ᠪᠠ ᠪᠦᠬᠡᠵᠢᠷᠭᠠᠯ᠂ ᠰᠢᠨᠡᠳᠭᠡ᠂ ᠼ᠊ · ᠨᠣᠷᠵᠢᠨ᠂ ᠼ᠊ · ᠫᠦᠷᠪᠦ᠂ ᠨᠠ᠊ · ᠭᠤᠨᠴᠤᠭᠰᠦ᠋ᠷᠤᠩ᠂  ᠳᠠᠮᠳᠢᠨ᠂ ᠹᠦᠯᠢᠩᠭ᠎ᠠ᠂ ᠳ᠋ᠠᠨᠽᠠᠨ᠂ ᠲᠤᠯᠭᠠᠭᠤᠷᠢ ᠲᠦᠷᠦᠭᠦᠲᠡᠢ ᠣᠳᠣ ᠦᠶ᠎ᠡ ᠶᠢᠨ ᠡᠷᠳᠡᠮᠲᠡᠳ ᠤᠨ ᠴᠢᠷᠮᠠᠢᠯᠭ᠎ᠠ ᠪᠠᠷ ᠢᠳᠡᠭ ᠢᠳᠡᠭ ᠢᠶᠠᠷ ᠪᠤᠯᠪᠠᠰᠤᠷᠠᠨ ᠲᠡᠭᠦᠯᠳᠡᠷᠵᠢᠵᠦ ᠦᠪᠡᠷ ᠤᠨ ᠭᠡᠬᠦ ᠵᠦᠪ ᠪᠢᠴᠢᠬᠦ ᠵᠦᠢ ᠶᠢᠨ ᠲᠣᠭᠲᠠᠯᠴᠠᠭ᠎ᠠ ᠲᠠᠢ ᠪᠣᠯᠵᠤ ᠲᠦᠯᠦᠪᠵᠢᠨ ᠲᠣᠭᠲᠠᠭᠰᠠᠨ ᠪᠢᠯᠡ᠃ ᠭᠡᠪᠡᠴᠦ ᠮᠣᠩᠭᠤᠯ ᠬᠡᠯᠨ ᠪᠢᠴᠢᠭ᠌ ᠤᠨ ᠲᠡᠦᠬᠡᠨ ᠬᠦᠭᠵᠢᠯ ᠤᠨ ᠪᠤᠳᠤᠯᠢᠶᠠᠨᠳᠤ ᠶᠠᠪᠤᠴᠠ᠂  ᠪᠢᠴᠢᠭ᠌ ᠤᠨ ᠬᠡᠯᠡ ᠪᠠ ᠶᠠᠷᠢᠶᠠᠨ ᠤ ᠬᠡᠯᠡᠨ ᠤ ᠢᠳᠡᠭ ᠢᠳᠡᠭ ᠢᠶᠠᠷ ᠵᠠᠢᠳᠠᠭᠰᠠᠨ ᠠᠰᠠᠭᠤᠳᠠᠯ᠂ ᠮᠣᠩᠭᠤᠯ ᠦᠰᠦᠭ  ᠪᠢᠴᠢᠭ᠌ ᠤᠨ ᠲᠤᠰ ᠪᠡᠶ᠎ᠡ ᠶᠢᠨ ᠬᠢᠨᠢ ᠦᠪᠡᠷᠮᠢᠴᠡ ᠣᠨᠴᠠᠯᠢᠭ ᠵᠡᠷᠭᠡ ᠠᠴᠠ ᠪᠣᠯᠵᠤ᠂ ᠮᠣᠩᠭᠤᠯ ᠦᠰᠦᠭ  ᠪᠢᠴᠢᠭ᠌ ᠤᠨ ᠲᠡᠦᠬᠡᠨ ᠶᠠᠪᠤᠴᠠ ᠳᠤ ᠦᠭᠡᠷᠡᠴᠢᠯᠡᠯᠲᠡ᠂ ᠰᠠᠢᠵᠢᠷᠠᠭᠤᠯᠤᠯᠲᠠ᠂ ᠳᠦᠷᠢᠮᠵᠢᠭᠦᠯᠦᠯᠲᠡ ᠶᠢᠨ ᠠᠵᠢᠯ ᠨᠢ ᠵᠣᠭᠰᠤᠯ ᠦᠭᠡᠢ ᠦᠷᠭᠦᠯᠵᠢᠯᠡᠭᠰᠡᠭᠡᠷ ᠢᠷᠡᠵᠡᠢ᠃ ᠡᠭᠦᠨ ᠳᠤ ᠮᠣᠩᠭᠤᠯ ᠬᠡᠯᠡᠨ ᠤ ᠳᠠᠩ ᠦᠭᠡᠰ ᠤᠨ ᠪᠢᠴᠢᠯᠭᠡ ᠶᠢᠨ ᠳᠦᠷᠢᠮᠵᠢᠯ ᠪᠣᠯ ᠡᠳᠡᠭᠡᠷ ᠠᠰᠠᠭᠤᠳᠠᠯ ᠤᠨ ᠳᠣᠲᠤᠷᠠᠬᠢ ᠨᠢᠭᠡᠨ ᠲᠣᠪᠤᠢᠮ᠎ᠠ ᠪᠦᠭᠡᠳ ᠬᠦᠮᠦᠰ ᠤᠨ ᠰᠠᠨᠠᠯ ᠪᠣᠳᠤᠯ ᠤᠨ ᠵᠦᠷᠢᠶ᠎ᠡ ᠶᠡᠭᠡ ᠲᠠᠢ᠂ ᠮᠣᠩᠭᠤᠯᠴᠤᠳ ᠦᠰᠦᠭ  ᠪᠢᠴᠢᠭ᠌ ᠲᠠᠢ ᠪᠣᠯᠤᠭᠰᠠᠨ ᠲᠡᠷᠡ ᠦᠶ᠎ᠡ ᠠᠴᠠ ᠣᠳᠣ ᠳᠤ ᠲᠤᠯᠲᠠᠯ᠎ᠠ ᠦᠷᠭᠦᠯᠵᠢᠯᠡᠭᠰᠡᠭᠡᠷ ᠢᠷᠡᠭᠰᠡᠨ ᠪᠤᠳᠠᠲᠠᠢ ᠠᠰᠠᠭᠤᠳᠠᠯ ᠶᠤᠮ᠃ ᠡᠨᠡ ᠲᠤᠬᠠᠢ ᠪ᠊ · ᠶ᠊ · ᠸᠯᠠᠳᠢᠮᠢᠷᠼᠣᠸ ᠲᠡᠭᠦᠨ ᠤ 《ᠮᠣᠩᠭᠤᠯ  ᠪᠢᠴᠢᠭ᠌ ᠤᠨ ᠬᠡᠯᠡ ᠪᠠ ᠬᠠᠯᠬ᠎ᠠ ᠠᠶᠠᠯᠭᠤᠨ ᠤ ᠬᠠᠷᠢᠴᠠᠭᠤᠯᠤᠭᠰᠠᠨ ᠬᠡᠯᠡᠨ ᠤ ᠵᠦᠢ》 ᠭᠡᠳᠡᠭ ᠨᠣᠮ ᠳᠠᠭᠠᠨ 《᠁ ᠬᠡᠳᠦ᠋ᠢᠪᠡᠷ ᠮᠣᠩᠭᠤᠯ  ᠪᠢᠴᠢᠭ᠌ ᠤᠨ ᠬᠡᠯᠡᠨ᠎ᠡ ᠡᠷᠲᠡ ᠦᠶ᠎ᠡ ᠠᠴᠠ ᠪᠦᠷᠢᠨ ᠢᠵᠢ ᠵᠦᠪ ᠪᠢᠴᠢᠬᠦ ᠵᠦᠢ ᠲᠠᠢ ᠪᠠᠢᠭᠰᠠᠨ ᠪᠦᠭᠡᠳ ᠮᠣᠩᠭᠤᠯ  ᠪᠢᠴᠢᠭ᠌ ᠤᠨ ᠬᠡᠯᠡ ᠲᠠᠢ ᠪᠣᠯᠤᠭᠰᠠᠨ ᠠᠴᠠ ᠨᠠᠭᠠᠰᠢᠬᠢ ᠪᠦᠬᠦᠶ ᠯᠡ ᠬᠤᠭᠤᠴᠠᠭᠠᠨ ᠤ ᠬᠤᠭᠤᠷᠤᠨᠳᠤ ᠡᠨᠡ  ᠬᠦ ᠪᠦᠷᠢᠨ ᠢᠵᠢ ᠵᠦᠪ ᠪᠢᠴᠢᠬᠦ ᠵᠦᠢ ᠶᠢ ᠴᠦᠮ ᠲᠠᠰᠤᠷᠬᠠᠢ ᠮᠦᠷᠳᠡᠵᠦ᠂ ᠬᠠᠮᠠᠭᠠᠯᠠᠭᠰᠠᠭᠠᠷ ᠢᠷᠡᠭᠰᠡᠨ ᠪᠣᠯᠪᠠᠴᠤ ᠮᠣᠩᠭᠤᠯ ᠨᠣᠮ ᠵᠣᠬᠢᠶᠠᠯ — ᠭᠠᠷ ᠪᠢᠴᠢᠮᠡᠯ ᠳᠡᠪᠲᠡᠷ ᠲᠤ ᠵᠠᠷᠢᠮ ᠳᠠᠭᠠᠨ ᠮᠣᠳᠤᠨ ᠪᠠᠷ ᠤᠨ ᠬᠡᠪᠯᠡᠯ ᠤᠨ ᠰᠢᠨ᠎ᠡ ᠬᠠᠭᠤᠴᠢᠨ ᠠᠯᠢ ᠠᠯᠢᠨ ᠳᠤᠨᠢ  ᠴᠦ ᠪᠠᠢᠲᠤᠭᠠᠢ᠂ ᠣᠨᠴᠠᠭᠠᠢ ᠪᠠᠢᠳᠠᠯ ᠢ ᠭᠠᠷᠭᠠᠪᠠᠯ ᠵᠠᠷᠢᠮ ᠵᠦᠪ ᠪᠢᠴᠢᠬᠦ ᠵᠦᠢ ᠶᠢᠨ ᠰᠢᠨᠵᠢᠲᠡᠢ ᠲᠠᠰᠢᠶ᠎ᠠ᠂ ᠶᠡᠷᠦ ᠨᠢ ᠡᠭᠡᠭᠡ ᠠᠳᠠᠯᠢ ᠭᠠᠷᠴᠤ ᠢᠷᠡᠭᠰᠡᠭᠡᠷ ᠪᠠᠢᠪᠠ᠃ ᠲᠡᠭᠦᠨ ᠤ ᠲᠣᠳᠤᠷ᠎ᠠ ᠭᠠᠷ ᠪᠢᠴᠢᠮᠡᠯ ᠤᠨ ᠲᠠᠰᠢᠶ᠎ᠠ ᠨᠢ ᠮᠣᠳᠤᠨ ᠪᠠᠷ ᠤᠨ ᠬᠢ ᠠᠴᠠ ᠶᠠᠷᠢᠶᠠᠨ ᠦᠭᠡᠢ ᠠᠷᠪᠢᠨ ᠪᠠᠢᠬᠤ ᠳᠤ ᠬᠠᠷᠢᠨ ᠰᠢᠨ᠎ᠡ ᠬᠡᠪᠯᠡᠯ ᠤᠨ ᠨᠣᠮ ᠵᠣᠬᠢᠶᠠᠯ ᠳᠤ 17 — 18 ᠳ᠋ᠤᠭᠠᠷ ᠵᠠᠭᠤᠨ ᠤ ᠦᠶ᠎ᠡ ᠶᠢᠨ ᠬᠠᠭᠤᠴᠢᠨ ᠮᠣᠳᠤᠨ ᠪᠠᠷ ᠤᠨ ᠬᠢ ᠠᠴᠠ ᠴᠦ ᠢᠯᠡᠭᠦᠦ ᠪᠠᠢᠳᠠᠭ ᠪᠠᠢᠯ᠎ᠠ》᠂ 《18 — 20 ᠳ᠋ᠤᠭᠠᠷ ᠵᠠᠭᠤᠨ ᠤ ᠦᠶ᠎ᠡ ᠶᠢᠨ ᠮᠣᠩᠭᠤᠯ  ᠪᠢᠴᠢᠭ᠌ ᠬᠠᠷ᠎ᠠ ᠳᠤ ᠳᠠᠷᠠᠭᠠᠬᠢ ᠮᠡᠲᠦ ᠶᠢᠨ ᠬᠡᠯᠪᠡᠷᠢ ᠶᠢᠨ ᠲᠠᠰᠢᠶ᠎ᠠ ᠦᠭᠡ ᠨᠦᠭᠦᠳ ᠢ ᠦᠷᠬᠦᠯᠵᠢ ᠣᠯᠵᠤ ᠬᠠᠷᠠᠳᠠᠭ ᠠᠵᠢ᠃ ᠵᠢᠱ᠌ᠢᠶᠡᠯᠡᠪᠡᠯ᠄ ᠠᠮᠢᠰᠬᠤᠯ → ᠠᠮᠢᠰᠬᠠᠯ᠂ ᠲᠠᠩᠭᠠᠷᠠᠭ → ᠲᠠᠩᠭᠠᠷᠢᠭ᠂ ᠡᠴᠡᠭᠡ → ᠡᠴᠢᠭᠡ᠂ ᠦᠨᠢᠭᠡ → ᠦᠨᠡᠭᠡ᠂ ᠳᠠᠷᠤᠰᠤ → ᠳᠠᠷᠠᠰᠤ᠂ ᠬᠠᠷᠤᠲᠤ → ᠬᠠᠷᠠᠲᠤ᠂ ᠬᠡᠷᠢᠭ → ᠬᠡᠷᠡᠭ᠂ ᠴᠢᠨᠳᠠᠮᠤᠨᠢ → ᠴᠢᠨᠳᠠᠮᠠᠨᠢ᠂ ᠡᠪᠢᠰᠦᠨ → ᠡᠪᠡᠰᠦᠨ᠂ ᠬᠦᠢᠲᠦᠨ → ᠬᠦᠢᠲᠡᠨ᠂ ᠵᠡᠭᠦᠳᠡᠨ → ᠵᠡᠭᠦᠳᠦᠨ᠂ ᠶᠡᠷᠦᠨᠳᠦᠭ → ᠶᠡᠷᠦᠨᠳᠡᠭ᠂ ᠡᠷᠢᠭᠴᠢᠨ → ᠡᠷᠡᠭᠴᠢᠨ᠂  ᠵᠠᠷᠤᠳᠠᠰᠠᠨ →ᠵᠠᠷᠤᠳᠠᠰᠤᠨ᠂ ᠭᠠᠷᠪᠠᠰᠤ → ᠭᠠᠷᠤᠪᠠᠰᠤ (《ᠭᠠᠷᠪᠠᠰᠤ》 ᠨᠢ ᠵᠦᠪ)᠂ ᠡᠮᠢᠭᠴᠢᠨ → ᠡᠮᠡᠭᠴᠢᠨ᠂ ᠬᠤᠯᠤᠭᠠᠨ → ᠬᠤᠯᠤᠭᠠᠨ᠎ᠠ᠂ ᠡᠪᠦᠳᠡᠭ → ᠡᠪᠦᠳᠦᠭ᠂ ᠰᠠᠪ → ᠰᠠᠪᠠ᠂ ᠪᠠᠷᠠᠰ → ᠪᠠᠷᠰ᠂ ᠭᠦᠨ᠎ᠡ → ᠭᠦᠨ᠂ ᠤᠷᠠᠭᠰᠢ → ᠤᠷᠤᠭᠰᠢ᠂ ᠵᠠᠷᠯᠠᠭ → ᠵᠠᠷᠯᠢᠭ᠂ ᠬᠠᠨᠡᠷᠡ → ᠬᠠᠨᠦᠷᠡ᠂ ᠱᠢᠭᠢᠷ → ᠰᠢᠬᠡᠷ᠂ ᠵᠠᠬᠢᠳᠤᠯ → ᠵᠠᠬᠢᠳᠠᠯ᠂ ᠬᠠᠷᠴᠤ → ᠬᠠᠷᠠᠴᠤ ᠭᠡᠬᠦ ᠮᠡᠲᠦ᠃ ᠡᠭᠦᠨ ᠲᠠᠢ ᠠᠳᠠᠯᠢᠬᠠᠨ ᠦᠵᠡᠭᠳᠡᠯ ᠢ ᠡᠷᠲᠡ ᠦᠶ᠎ᠡ ᠶᠢᠨ ᠮᠣᠩᠭᠤᠯ ᠬᠡᠯᠡᠨ ᠤ ᠲᠤᠯᠭᠤᠷ  ᠪᠢᠴᠢᠭ᠌᠂ ᠲᠤᠬᠠᠢᠯᠠᠪᠠᠯ ᠰᠢᠯᠵᠢᠯᠲᠡ ᠶᠢᠨ ᠦᠶ᠎ᠡ᠂ ᠳᠤᠮᠳᠠᠳᠤ ᠦᠶ᠎ᠡ ᠬᠢᠭᠡᠳ ᠡᠷᠲᠡᠨ ᠤ ᠦᠶ᠎ᠡ ᠳᠤ ᠬᠠᠮᠤᠷᠤᠭᠳᠠᠬᠤ ᠲᠤᠯᠭᠤᠷ  ᠪᠢᠴᠢᠭ᠌ ᠤᠨ ᠬᠢ ᠯᠦᠭᠡ ᠬᠠᠷᠢᠴᠠᠭᠤᠯᠪᠠᠯ ᠮᠦᠨ ᠣᠯᠵᠤ ᠬᠠᠷᠠᠳᠠᠭ ᠪᠢᠯᠡ᠃ ᠵᠢᠱ᠌ᠢᠶᠡᠯᠡᠪᠡᠯ᠄ ᠶᠡᠷᠲᠦᠨᠴᠦ → ᠶᠢᠷᠲᠢᠨᠴᠦ᠂ ᠤᠰᠤᠮᠪᠠᠳ → ᠤᠰᠠᠮᠪᠠᠳ᠂  ᠰᠢᠨᠢ → ᠰᠢᠨ᠎ᠡ᠂ ᠵᠠᠷᠯᠠᠭ → ᠵᠠᠷᠯᠢᠭ ( 17 ᠳ᠋ᠤᠭᠠᠷ ᠵᠠᠭᠤᠨ ᠤ ᠪᠡᠭᠡᠵᠢᠩ ᠤᠨ ᠴᠢᠯᠠᠭᠤᠨ ᠬᠦᠰᠢᠶᠡᠨ ᠤ ᠪᠢᠴᠢᠭᠡᠰᠦ )᠂ ᠴᠢᠨᠤ → ᠴᠢᠨ᠋ᠸ᠎ᠠ (ᠴᠣᠭᠲᠤ ᠲᠠᠢᠵᠢ ᠶᠢᠨ ᠬᠦᠰᠢᠶᠡᠨ ᠤ  ᠪᠢᠴᠢᠭ᠌)᠂ ᠪᠣᠯᠤᠩᠬᠢᠷ → ᠪᠤᠯᠠᠩᠬᠢᠷ (ᠰᠣᠳᠤᠷ ᠤᠨ ᠪᠢᠴᠢᠯᠭᠡ ᠳᠤ)᠂ ᠢᠪᠢᠭᠡᠨ → ᠢᠪᠡᠭᠡᠨ (ᠰᠣᠲᠤᠷ ᠲᠤ)᠂ ᠬᠠᠭᠠᠯᠳᠠᠬᠤᠢ → ᠬᠠᠭᠠᠯᠳᠤᠬᠤᠢ (ᠳᠡᠭᠡᠷᠡᠬᠢ ᠯᠦᠭᠡ ᠠᠳᠠᠯᠢ)᠂ ᠦᠳᠦᠭᠡ → ᠦᠳᠡᠭᠡ (ᠳᠡᠭᠡᠷᠡᠬᠢ ᠯᠦᠭᠡ ᠠᠳᠠᠯᠢ)᠂ ᠬᠦᠷᠡᠭ → ᠬᠦᠷᠦᠭ (ᠪᠤᠷᠬᠠᠨ ᠤ ᠠᠷᠪᠠᠨ ᠬᠤᠶᠠᠷ ᠬᠤᠷᠢᠶᠠᠩᠭᠤᠢ)᠂ ᠬᠤᠪᠢᠯᠵᠤ → ᠬᠤᠪᠢᠯᠠᠵᠤ (《ᠬᠤᠪᠢᠯᠵᠤ》 ᠨᠢ ᠵᠦᠪ᠂ ᠳᠡᠭᠡᠷᠡᠬᠢ ᠯᠦᠭᠡ ᠠᠳᠠᠯᠢ)᠂ ᠳᠤᠮᠠᠳᠠᠳᠤ → ᠳᠤᠮᠳᠠᠳᠤ (14 — 15 ᠳ᠋ᠤᠭᠠᠷ ᠵᠠᠭᠤᠨ ᠤ ᠮᠠᠲ᠋ᠧᠷᠢᠶᠠᠯ)᠂ ᠦᠲᠦᠭᠦᠰ → ᠦᠲᠡᠭᠦᠰ (ᠠᠷᠤ ᠸᠠᠩ ᠤᠨ ᠴᠢᠯᠠᠭᠤᠨ ᠤ ᠬᠦᠰᠢᠶ᠎ᠡ)᠂ ᠪᠤᠰᠠᠭᠰᠠᠨ → ᠪᠤᠰᠤᠭᠰᠠᠨ (ᠳ᠋ᠦᠨ ᠬᠤᠸᠠᠩ ᠤᠨ ᠬᠦᠰᠢᠶᠡᠨ ᠤ  ᠪᠢᠴᠢᠭᠡᠰᠦ)》 ① ᠭᠡᠬᠦ ᠮᠡᠲᠦ ᠪᠠᠷ ᠲᠡᠮᠳᠡᠭᠯᠡᠭᠰᠡᠨ ᠨᠢ ᠮᠣᠩᠭᠤᠯ ᠦᠰᠦᠭ  ᠪᠢᠴᠢᠭ᠌ ᠤᠨ ᠲᠡᠦᠬᠡᠨ ᠬᠦᠭᠵᠢᠯᠲᠡ ᠶᠢᠨ ᠦᠨᠡᠨ ᠪᠠᠢᠳᠠᠯ ᠲᠠᠢ ᠶᠠᠭ ᠨᠡᠢᠴᠡᠵᠦ ᠪᠠᠢᠨ᠎ᠠ᠃ ᠪᠤᠳᠠᠲᠠᠢ ᠳᠤᠷᠠᠰᠬᠠᠯ  ᠪᠢᠴᠢᠭ᠌ ᠤᠨ ᠵᠠᠷᠢᠮ  ᠵᠢᠱ᠌ᠢᠶ᠎ᠡ ᠪᠠᠷ ᠠᠪᠴᠤ ᠦᠵᠡᠬᠦ ᠳᠤ 13 ᠪᠣᠶᠤ 14 ᠳ᠋ᠤᠭᠡᠷ  ᠵᠠᠭᠤᠨ ᠤ ᠦᠶ᠎ᠡ ᠳᠤ ᠮᠣᠩᠭᠤᠯ ᠢᠶᠠᠷ ᠣᠷᠴᠢᠭᠤᠯᠤᠭᠳᠠᠭᠰᠠᠨ 《ᠰᠠᠢᠨ ᠦᠭᠡᠲᠦ ᠡᠷᠳᠡᠨᠢ ᠶᠢᠨ ᠰᠠᠩ ᠨᠡᠷᠡᠲᠦ ᠱᠠᠰᠲᠢᠷ》 ᠲᠤ 《ᠠᠷᠢᠭᠠᠲᠠᠨ ~ ᠠᠷᠢᠶᠠᠲᠠᠨ᠂ ᠠᠳᠠᠭᠤᠰᠤᠨ ~ ᠠᠳᠤᠭᠤᠰᠤᠨ᠂ ᠤᠳᠬᠤᠢ ~ ᠤᠳ᠋ᠬᠤᠢ᠂ ᠬᠤᠣᠷ ~ ᠬᠤᠣᠷᠤ ~ ᠬᠤᠷᠤ ~ ᠬᠤᠷ᠂ ᠬᠤᠲᠠᠯᠠ ~ ᠬᠤᠲᠤᠯᠠ᠂ ᠰᠦᠮᠡᠷ ~ ᠰᠦᠮᠦᠷ (ᠰᠦᠮᠪᠦᠷ)᠂ ᠳᠠᠭᠤᠨ ~ ᠳ᠋ᠠᠭᠤᠨ᠂ ᠳᠡᠭᠡᠯ ~ ᠳ᠋ᠡᠭᠡᠯ᠂ ᠲᠣᠳᠤᠷ᠎ᠠ ~ ᠲᠣᠲᠤᠷᠠ᠂ ᠴᠢᠬᠤᠯ ~ ᠴᠣᠬᠤᠯ᠂ ᠺᠠᠷᠤᠳᠢ ~ ᠺᠡᠷᠦᠲ᠋ᠢ ᠁》᠂ 17 ᠳ᠋ᠤᠭᠠᠷ ᠵᠠᠭᠤᠨ ᠤ ᠦᠶ᠎ᠡ ᠳᠤ ᠵᠣᠬᠢᠶᠠᠭᠳᠠᠭᠰᠠᠨ 《ᠡᠷᠳᠡᠨᠢ ᠶᠢᠨ ᠲᠣᠪᠴᠢ》 ᠳᠤ 《ᠲᠤᠤᠶᠠᠨ ~ ᠲᠤᠶᠠᠭᠠᠨ᠂ ᠳᠠᠯᠠᠢ ~ ᠳ᠋ᠠᠯᠠᠢ᠂ ᠰᠢᠷᠤ ~ ᠰᠢᠷᠤᠢ᠂ ᠡᠷᠡ ~ ᠡᠷ᠎ᠡ᠂ ᠡᠮᠡ ~ ᠡᠮ᠎ᠡ᠂ ᠰᠢᠨᠢ ~ ᠰᠢᠨ᠎ᠡ᠂  ᠬᠠᠪᠠᠷ ~ ᠬᠠᠮᠠᠷ᠂ ᠶᠠᠬᠢᠨ ~ ᠶᠠᠭᠠᠬᠢᠨ᠂ ᠵᠦᠰᠦ ~ ᠵᠢᠰᠦ᠂ ᠦᠮᠬᠦᠬᠦ ~ ᠡᠮᠬᠦᠬᠦ᠂ ᠱᠠᠰᠢᠨ ~ ᠱᠠᠵᠢᠨ ~ ᠱᠠᠴᠢᠨ᠂ ᠬᠤᠯᠤᠭᠤᠨᠠ ~ ᠬᠤᠯᠤᠭᠠᠨ᠎ᠠ᠂ ᠴᠢᠨᠤ ~ ᠴᠢᠨ᠋ᠸ᠎ᠠ᠂ ᠪᠠᠷᠠ ~ ᠪᠠᠷᠠᠰ ~ ᠪᠠᠷᠰ᠂ ᠬᠤᠰ ~ ᠬᠤᠣᠰ᠂ ᠳᠣᠣᠷᠠᠳᠤ ~ ᠳᠣᠷᠠᠳᠤ ᠁》᠂ 1717 ᠣᠨ ᠤ 《ᠬᠤᠷᠢᠨ ᠨᠢᠭᠡᠲᠦ ᠲᠠᠢᠯᠪᠤᠷᠢ ᠳᠣᠯᠢ》 ᠳᠤ 《ᠡᠯᠭᠦᠷ (ᠡᠯᠭᠦᠭᠦᠷ)᠂ ᠡᠷᠭᠢᠦ (ᠡᠷᠭᠢᠭᠦᠦ)᠂ ᠢᠳᠡᠦᠷ (ᠢᠳᠡᠭᠦᠷ)᠂ ᠣᠪᠤ (ᠣᠪᠤᠭ᠎ᠠ)᠂ ᠨᠣᠪᠠ (ᠣᠨᠤᠪᠠ)᠂ ᠪᠦᠷᠬᠡᠰᠦ (ᠪᠦᠷᠬᠦᠭᠡᠰᠦ)᠂ ᠮᠤᠤᠬᠠᠢ (ᠮᠠᠭᠤᠬᠠᠢ)᠂ ᠰᠠᠤᠷᠢ (ᠰᠠᠭᠤᠷᠢ)᠂ ᠲᠣᠭᠤ (ᠲᠣᠭᠤᠭ᠎ᠠ)᠂ ᠳᠣᠯᠣᠪᠤᠷ (ᠲᠣᠯᠢᠶᠠᠪᠤᠷ)᠂ ᠶᠠᠬᠢᠪᠠ (ᠶᠠᠭᠠᠬᠢᠪᠠ)᠂ ᠦᠳᠡᠷᠢ (ᠦᠳᠡᠭᠡᠷᠢ)᠂ ᠪᠠᠷᠠᠩ (ᠪᠠᠭᠠᠷᠠᠩ)᠂ ᠨᠣᠷᠤ (ᠨᠢᠷᠤᠭᠤ)᠂ ᠤᠷᠪᠠᠴᠢ (ᠤᠷᠪᠠᠭᠠᠴᠢ)᠂ ᠵᠤᠷᠠᠳᠠᠰᠤ (ᠵᠢᠷᠤᠭᠠᠳᠠᠰᠤ)᠂ ᠲᠠᠰᠢᠤ (ᠲᠠᠰᠢᠭᠤ)᠂ ᠪᠦᠮ (ᠪᠦᠭᠡᠮ)᠂ ᠣᠷᠢᠶᠠᠮᠤᠢ (ᠳᠡᠭᠡᠰᠦ ᠣᠭᠤᠰᠤᠷ ᠢᠶᠠᠷ ᠲᠣᠭᠤᠷᠢᠭᠤᠯᠤᠨ ᠪᠣᠭᠤᠬᠤᠢ)— ᠣᠷᠤᠭᠠᠮᠤᠢ (ᠮᠣᠭᠠᠢ ᠵᠡᠷᠭᠡ ᠶᠢᠨ ᠮᠣᠷᠤᠯᠵᠠᠨ ᠣᠷᠢᠶᠠᠬᠤᠢ)᠂ ᠢᠯᠡᠦᠷ (ᠪᠠᠷᠠᠭ᠎ᠠ ᠳᠣᠯᠢᠷᠠᠭᠤᠯᠬᠤ ᠬᠡᠷᠡᠭᠰᠡᠯ)— ᠢᠯᠢᠭᠦᠷ (ᠬᠡᠷᠡᠮ ᠲᠣᠭᠤᠷᠭᠠᠨ ᠳᠤ ᠴᠣᠬᠤᠢ ᠰᠢᠷᠤᠢ ᠨᠠᠭᠠᠯᠳᠤᠭᠤᠯᠬᠤ ᠬᠡᠷᠡᠭᠰᠡᠯ)᠂ ᠢᠮᠠᠨ ᠪᠣᠷᠤ (ᠤᠷᠭᠤᠮᠠᠯ)— ᠢᠮᠠᠭᠠᠨ ᠭᠦᠷᠦᠭᠡᠰᠦ (ᠠᠮᠢᠲᠠᠨ)᠂ ᠤᠬᠢᠶᠠᠮᠤᠢ (ᠪᠡᠶ᠎ᠡ ᠤᠬᠢᠶᠠᠬᠤᠢ ᠶᠢ)— ᠤᠭᠠᠮᠤᠢ (ᠤᠰᠤᠨ ᠳᠤ ᠵᠠᠢᠯᠠᠬᠤᠢ ᠶᠢ)᠂ ᠨᠢᠭᠤᠴᠠ (ᠠᠯᠢᠪᠠ ᠢᠯᠡᠷᠬᠡᠢ ᠦᠭᠡᠢ ᠶᠢ)— ᠨᠤᠭᠤᠴᠠ (ᠪᠡᠶ᠎ᠡ ᠳᠠᠯᠳᠠᠯᠠᠬᠤ ᠨᠦᠬᠡ)᠁》᠂ 19 ᠳ᠋ᠤᠭᠡᠷ  ᠵᠠᠭᠤᠨ ᠤ ᠦᠶ᠎ᠡ ᠳᠤ ᠵᠣᠬᠢᠶᠠᠭᠳᠠᠭᠰᠠᠨ 《ᠪᠣᠯᠤᠷ ᠲᠣᠯᠢ》 ᠳᠤ 《ᠦᠷᠭᠦᠨ ~ ᠦᠷᠭᠡᠨ᠂  ᠴᠠᠢᠰᠢ ~ ᠴᠢᠨᠠᠭᠰᠢ᠂ ᠰᠦᠮᠢᠷ ~ ᠰᠦᠮᠪᠡᠷ ~ ᠰᠦᠮᠪᠦᠷ᠂ ᠦᠨᠡᠶ᠎ᠡ ~ ᠦᠨᠢᠶ᠎ᠡ᠂ ᠵᠣᠪᠤᠬᠤ ~ ᠵᠣᠪᠠᠬᠤ᠂ ᠤᠤᠯᠠ ~ ᠠᠭᠤᠯᠠ᠂ ᠤᠷᠢᠳᠠ ~ ᠤᠷᠢᠳ᠂ ᠵᠦᠰᠦ ~ ᠵᠢᠰᠦ᠂ ᠪᠠᠲᠤᠷ ~ ᠪᠠᠭᠠᠲᠤᠷ᠂ ᠰᠠᠪ ~ ᠰᠠᠪᠠ᠂ ᠤᠳᠠᠨ ~ ᠤᠳᠠᠭᠠᠨ᠂ ᠮᠦᠷᠢᠨ ~ ᠮᠦᠷᠦᠨ᠂ ᠡᠴᠢᠭ ~ ᠡᠴᠢᠭᠡ᠂ ᠬᠦᠳᠦᠭᠡ ~ ᠬᠦᠳᠡᠭᠡ᠂ ᠬᠤᠤᠯᠢ ~ ᠬᠠᠤᠯᠢ᠂ ᠬᠠᠮᠴᠢ ~ ᠬᠠᠩᠴᠤᠢ ~ ᠬᠠᠨᠴᠤᠢ᠂ ᠱᠠᠪᠠᠷ ~ ᠰᠢᠪᠠᠷ᠂ ᠰᠢᠪᠠᠤ ~ ᠰᠢᠪᠠᠭᠤᠨ᠂ ᠴᠢᠭᠡᠷ ~ ᠴᠡᠭᠡᠷ ᠁》᠂ ᠲᠦᠮᠡᠳ ᠤᠨ ᠭᠠᠯᠰᠠᠩ ᠤᠨ 1828 ᠣᠨ ᠤ 《ᠮᠣᠩᠭᠤᠯ ᠦᠰᠦᠭ ᠤᠨ ᠪᠦᠭᠦᠳᠡ ᠲᠠᠢᠯᠪᠤᠷᠢ  ᠪᠢᠴᠢᠭ᠌》 ᠤᠨ 《ᠰᠠᠨᠠᠭ᠎ᠠ ᠠᠳᠠᠯᠢ ᠳᠦᠷᠰᠦ ᠦᠪᠡᠷ᠎ᠡ ᠦᠰᠦᠭ ᠤᠳ》 ᠲᠤ 《ᠪᠤᠳᠢᠰᠠᠳᠤ — ᠪᠤᠳᠢᠰᠠᠳ᠋ᠸ᠎ᠠ — ᠪᠤᠳᠢᠰᠤᠩ — ᠪᠤᠳᠢᠰᠦᠭ — ᠪᠤᠳᠢᠰᠠᠳᠪᠠ — ᠪᠣᠸᠳᠢᠰᠠᠳᠤ — ᠪᠤᠳ᠋ᠾᠢᠰᠠᠳᠤ — ᠪᠤᠸ᠋ᠳ᠋ᠾᠢᠰᠠᠳᠤ — ᠪᠤᠸᠠᠨᠳᠢᠰᠠᠳᠠᠸ᠎ᠠ — ᠪᠤᠳᠢᠰᠠᠳᠦ᠋ᠨ᠂ ᠡᠪᠡᠰᠦ — ᠦᠪᠦᠰᠦ᠂ ᠡᠪᠳᠴᠢᠨ — ᠡᠪᠡᠴᠢᠨ᠂ ᠬᠢᠵᠠᠯᠠᠩ — ᠬᠢᠵᠠᠭᠠᠯᠠᠩ᠂ ᠤᠭᠢᠶᠠᠮᠤᠢ — ᠤᠭᠠᠮᠤᠢ᠂ ᠤᠬᠢᠯᠠᠮᠤᠢ — ᠤᠢᠯᠠᠮᠤᠢ᠂ ᠲᠦᠯᠡᠭᠡ — ᠲᠦᠯᠢᠶ᠎ᠡ᠂ ᠳᠡᠪᠡᠯ — ᠳᠡᠭᠡᠯ᠂ ᠴᠢᠯᠦᠭᠡ — ᠴᠦᠯᠡ᠂ ᠲᠠᠷᠠᠭ᠎ᠠ — ᠲᠠᠷᠢᠶ᠎ᠠ ᠁》 ᠭᠡᠰᠡᠨ ᠪᠠ 《ᠶᠣᠰᠤᠴᠢᠯᠠᠨ ᠪᠢᠴᠢᠬᠦ᠂ ᠤᠢᠷᠠᠴᠢᠯᠠᠨ ᠪᠢᠴᠢᠬᠦ ᠶᠢᠨ ᠢᠯᠭᠠᠯ》 ᠳᠤ 《ᠵᠡᠷᠳᠡ — ᠵᠡᠭᠡᠷᠳᠡ᠂ ᠬᠦᠴᠢ — ᠬᠦᠴᠦ᠂ ᠰᠠᠤᠯᠭ᠎ᠠ — ᠰᠠᠭᠤᠯᠠᠭ᠎ᠠ᠂ ᠵᠡᠦ — ᠵᠡᠭᠦᠦ᠂ ᠱᠡᠷᠡᠩ — ᠰᠢᠭᠡᠷᠡᠩ᠂ ᠪᠠᠷᠠᠩ — ᠪᠠᠭᠠᠷᠠᠩ᠂ ᠣᠪᠤ — ᠣᠪᠤᠭ᠎ᠠ᠂ ᠲᠠᠰᠢᠤ — ᠲᠠᠰᠢᠭᠤ᠂ ᠦᠵᠦᠷ — ᠦᠵᠦᠭᠦᠷ᠂ ᠨᠣᠯᠤᠤᠷ — ᠨᠣᠣᠯᠤᠭᠤᠷ᠂ ᠬᠠᠵᠠᠤ — ᠬᠠᠵᠠᠭᠤ᠂ ᠰᠢᠪᠠᠤ — ᠰᠢᠪᠠᠭᠤ᠂ ᠴᠠᠲᠤ — ᠴᠠᠭᠠᠲᠤ ᠁》 ᠭᠡᠰᠡᠨ᠂ 1924 ᠣᠨ ᠳᠤ ᠭᠤᠪᠢ ᠶᠢᠨ ᠡᠮᠦᠨᠡᠬᠢ ᠵᠢᠩ ᠰᠢᠨ ᠬᠡᠪᠯᠡᠯ ᠤᠨ ᠬᠤᠷᠢᠶᠠᠨ ᠤ ᠬᠡᠪᠯᠡᠭᠦᠯᠦᠭᠰᠡᠨ 《ᠮᠣᠩᠭᠤᠯ ᠤᠳᠬ᠎ᠠ ᠶᠢᠨ ᠰᠤᠷᠭᠠᠬᠤ  ᠪᠢᠴᠢᠭ᠌》 ᠲᠤ 《ᠦᠯᠠᠩᠬᠢᠨ (ᠣᠯᠠᠩᠬᠢ)᠂ ᠦᠮᠲᠠᠬᠤ (ᠤᠨᠲᠠᠬᠤ)᠂ ᠬᠤ᠍ᠢ᠍ᠳᠳᠤᠭ(ᠬᠤᠳᠳᠤᠭ)᠂ ᠬᠡᠰᠡᠺ᠂ ᠢᠷᠮᠡᠭ ~ ᠢᠷᠮᠡᠺ (g ᠭᠡᠢᠭᠦᠯᠦᠭᠴᠢ ᠶᠢ ᠦᠭᠡ ᠶᠢᠨ ᠠᠳᠠᠭ ᠲᠤ < ᠊ᠭ᠌ >᠂ <‍ᠺ > ᠢᠶᠠᠷ  ᠨᠢᠭᠡᠲᠦᠯ ᠦᠭᠡᠢ ᠳᠡᠮᠳᠡᠭᠯᠡᠭᠰᠡᠨ)᠂ ᠳ᠋ᠠᠭᠠᠪᠠᠢ᠂ ᠳ᠋ᠡᠮᠡᠢᠯᠡ (d ᠭᠡᠢᠭᠦᠯᠦᠭᠴᠢ ᠶᠢ ᠦᠭᠡ ᠶᠢᠨ ᠡᠬᠢᠨ ᠳᠤ <ᠲ᠊ >᠂ <ᠳ᠋᠊ > ᠢᠶᠠᠷ ᠨᠢᠭᠡᠲᠦᠯ ᠦᠭᠡᠢ ᠳᠡᠮᠳᠡᠭᠯᠡᠭᠰᠡᠨ)᠂ ᠣᠷᠣᠰ᠊ᠭᠠᠯ ᠂ ᠪᠤᠰ᠊ᠭᠠᠨ᠂ ᠴᠢᠳ᠊ᠭᠤᠨ᠂ ᠲᠣᠭ᠋ᠱᠢᠨ᠂ ᠭᠠᠳᠠᠭ᠋ᠱᠢ᠂ ᠭᠠᠮᠱᠢᠭ᠂ ᠢᠮᠠᠭᠤ (ᠢᠮᠠᠬᠤ)᠁》᠂ ᠱᠠᠭᠵᠠ ᠶᠢᠨ 1937 ᠣᠨ ᠳᠤ ᠤᠯᠠᠭᠠᠨᠪᠠᠭᠠᠲᠤᠷ ᠬᠤᠲᠠᠨ᠎ᠠ ᠬᠡᠪᠯᠡᠭᠳᠡᠵᠦ 1951 ᠣᠨ ᠳᠤ ᠦᠪᠦᠷ ᠮᠣᠩᠭᠤᠯ ᠳᠤ ᠬᠡᠪᠯᠡᠭᠳᠡᠭᠰᠡᠨ᠂ ᠮᠣᠩᠭᠤᠯ ᠬᠡᠯᠡᠨ ᠤ ᠵᠦᠪ ᠪᠢᠴᠢᠬᠦ ᠳᠦᠷᠢᠮ ᠤᠨ ᠤᠤᠭᠠᠨ ᠲᠣᠯᠢ ᠪᠤᠯᠤᠠᠠᠰᠠᠨ 《ᠮᠣᠩᠭᠤᠯ ᠦᠰᠦᠭ ᠤᠨ ᠳᠦᠷᠢᠮ ᠤᠨ ᠳᠣᠯᠢ  ᠪᠢᠴᠢᠭ᠌》 ᠲᠤ 《ᠪᠠᠷᠠᠩ (ᠪᠠᠭᠠᠷᠠᠩ)᠂ ᠬᠢᠵᠠᠯᠠᠩ (ᠬᠢᠵᠠᠭᠠᠯᠠᠩ)᠂ ᠡᠳᠡᠮᠡᠭ (ᠡᠭᠡᠳᠡᠮᠡᠭ)᠂ ᠦᠳᠡᠷᠢ (ᠦᠳᠡᠭᠡᠷᠢ)᠂ ᠰᠣᠶᠤᠯᠠᠩ (ᠰᠣᠶᠤᠭᠠᠯᠠᠩ)᠂ ᠱᠡᠷᠡᠩ (ᠰᠢᠭᠡᠷᠡᠩ)᠂ ᠴᠠᠲᠤ (ᠴᠠᠭᠠᠲᠤ)᠂ ᠴᠠᠰᠢ (ᠴᠠᠭᠠᠰᠢ)᠂ ᠲᠣᠨᠤᠳᠠᠰᠤ᠂ ᠤᠭᠠᠬᠤ — ᠤᠭᠢᠶᠠᠬᠤ᠂ ᠤᠰᠤᠯᠬᠤ — ᠤᠰᠤᠯᠠᠬᠤ᠂ ᠢᠳᠤᠬᠠᠨ — ᠢᠳᠤᠭᠠᠨ᠂ ᠬᠠᠪᠠᠷ — ᠬᠠᠮᠠᠷ᠂ ᠮᠦᠷᠢ — ᠮᠦᠷᠦ᠂ ᠰᠢᠭᠦᠷᠬᠦ — ᠰᠢᠭᠦᠷᠡᠬᠦ᠂ ᠨᠢᠭᠤᠴᠠ — ᠨᠤᠭᠤᠴᠠ᠂ ᠣᠪᠣᠣ — ᠣᠪᠤᠭ᠎ᠠ᠂ ᠤᠷᠤᠭᠠᠬᠤ — ᠣᠷᠢᠶᠠᠬᠤ᠂ ᠬᠦᠢᠰ — ᠬᠦᠢᠰᠦ᠂ ᠭᠡᠷᠢᠶᠡᠰ — ᠭᠡᠷᠢᠶᠡᠰᠦ᠂ ᠬᠤᠤᠳᠠᠰᠤ — ᠬᠠᠭᠤᠳᠠᠰᠤ᠂ ᠬᠤᠱᠣᠣ — ᠬᠤᠰᠢᠭᠤ᠂ ᠬᠦᠷᠢᠨ — ᠬᠦᠷᠡᠩ᠂ ᠬᠤᠮᠤᠰᠤ — ᠬᠢᠮᠤᠰᠤ᠂ ᠲᠠᠭᠤᠯᠬᠤ — ᠲᠣᠭᠤᠯᠬᠤ᠂ ᠳᠠᠯᠠᠪᠠᠷ — ᠲᠠᠯᠠᠪᠤᠷ᠂ ᠲᠤᠱᠠ — ᠲᠤᠱᠠᠭ᠎ᠠ᠂ ᠲᠦᠬᠡᠢ — ᠲᠦᠬᠦᠭᠡᠢ᠂ ᠲᠦᠳᠦ — ᠲᠦᠳᠡ᠂ ᠨᠢᠷᠤᠭᠤ — ᠨᠤᠷᠤᠭᠤ᠂ ᠵᠦᠯᠭᠦᠷ — ᠵᠦᠯᠭᠦᠦᠷ — ᠵᠦᠯᠭᠦᠭᠦᠷ᠂ ᠴᠢᠪᠡᠷ — ᠴᠡᠪᠡᠷ᠂ ᠠᠪᠤᠴᠠᠭ᠎ᠠ᠂ ᠡᠪᠦᠴᠡᠯ᠂ ᠲᠠᠰᠮᠠᠭᠠᠢ᠂ ᠳᠠᠳᠮᠠᠭᠠᠢ᠂ ᠰᠤᠷᠮᠠᠭᠠᠢ᠂ ᠭᠠᠷᠤᠵᠠ ᠁》᠂ ᠮᠣᠩᠭᠤᠯ ᠤᠯᠤᠰ ᠤᠨ ᠠᠷᠪᠠᠨ ᠨᠠᠢ᠍ᠮᠠᠳᠤᠭᠠᠷ ᠣᠨ ᠳᠤ ᠤᠯᠠᠭᠠᠨᠪᠠᠭᠠᠲᠤᠷ ᠬᠤᠲᠠ ᠳᠠᠬᠢ ᠮᠣᠩᠭᠤᠯ ᠦᠰᠦᠭ ᠤᠨ ᠬᠡᠪᠯᠡᠯ ᠤᠨ ᠬᠤᠷᠢᠶᠠᠨ ᠤ ᠬᠡᠪᠯᠡᠭᠦᠯᠦᠭᠰᠡᠨ 《ᠭᠦᠩ ᠤᠨ ᠵᠤᠤ ᠶᠢᠨ ᠭᠡᠭᠡᠭᠡᠨ ᠤ ᠠᠯᠲᠠᠨ ᠰᠤᠷᠭᠠᠯ ᠨᠢᠭᠡᠨ ᠳᠡᠪᠲᠡᠷ ᠣᠷᠤᠰᠢᠪᠠᠢ》 ᠳᠤ《ᠭᠡᠭᠡᠭᠡᠨ᠂ ᠭᠤᠢᠯᠢᠩᠴᠢ᠂ ᠳᠠᠬᠢᠭᠠᠷ (ᠳᠠᠬᠢᠷ)᠂ ᠱᠠᠷᠠ (ᠰᠢᠷ᠎ᠠ)᠂ ᠬᠠᠷᠠ (ᠬᠠᠷ᠎ᠠ)᠂ ᠪᠯᠠᠮ᠎ᠠ ~ ᠯᠠᠮ᠎ᠠ᠂ ᠱᠢᠯᠦ (ᠱᠦᠯᠦ)᠂ ᠡᠯᠴᠢᠨ (ᠢᠯᠴᠢ)᠂ ᠰᠠᠯᠤᠬᠤ (ᠰᠠᠯᠬᠤ)᠂ ᠠᠮᠠ ~ ᠠᠮ᠂ ᠮᠠᠢᠮᠠ (ᠮᠠᠢᠮᠠᠢ)᠂ ᠮᠤᠤᠬᠠᠢ (ᠮᠠᠭᠤᠬᠠᠢ)》᠂ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ 1976 ᠣᠨ ᠳᠤ ᠬᠡᠪᠯᠡᠭᠦᠯᠦᠭᠰᠡᠨ 《ᠮᠣᠩᠭᠤᠯ ᠬᠢᠲᠠᠳ ᠲᠣᠯᠢ》 ᠳᠤ 《ᠠᠢᠬᠤ = ᠠᠶᠤᠬᠤ᠂ ᠢᠯᠡᠦᠷ = ᠢᠯᠢᠭᠦᠷ᠂ ᠢᠳᠡᠦᠷ = ᠢᠳᠡᠭᠦᠷ᠂ ᠤᠭᠠᠬᠤ = ᠤᠬᠢᠶᠠᠬᠤ᠂ ᠣᠨᠴᠤ = ᠣᠨᠴᠠ᠂ ᠦᠨᠡᠷ = ᠦᠨᠡᠭᠡᠷ᠂  ᠳᠣᠯᠣ = ᠳᠣᠯᠤᠭ᠎ᠠ᠂ ᠬᠠᠨᠴᠤ = ᠬᠠᠨᠴᠤᠢ᠂ ᠰᠠᠤᠷᠢ = ᠰᠠᠭᠤᠷᠢ ᠁》᠂ 1989 ᠣᠨ ᠳᠤ ᠬᠤᠶᠠᠳᠤᠭᠠᠷ ᠤᠳᠠᠭ᠎ᠠ ᠬᠡᠪᠯᠡᠭᠦᠯᠦᠭᠰᠡᠨ 《ᠰᠤᠷᠤᠭᠴᠢ ᠶᠢᠨ ᠮᠣᠩᠭᠤᠯ ᠬᠡᠯᠡᠨ ᠤ ᠲᠣᠯᠢ》 ᠳᠤ 《ᠠᠢᠬᠤ = ᠠᠶᠤᠬᠤ᠂ ᠢᠯᠡᠦᠷ — ᠢᠯᠢᠭᠦᠷ᠂ ᠤᠭᠠᠬᠤ = ᠤᠬᠢᠶᠠᠬᠤ᠂ ᠣᠨᠴᠠ — ᠣᠨᠴᠤᠭᠤᠢ᠂ ᠰᠣᠶᠤᠯᠠᠩ — ᠰᠣᠶᠤᠭᠠᠯᠠᠬᠤ ᠁》 ᠭᠡᠬᠦ ᠮᠡᠲᠦ ᠪᠠᠷ ᠳᠠᠩ ᠦᠭᠡᠰ ᠤᠨ ᠨᠢᠭᠡᠲᠦᠯ ᠦᠭᠡᠢ ᠪᠢᠴᠢᠯᠭᠡ ᠨᠢ 13 ᠳ᠋ᠤᠭᠠᠷ ᠵᠠᠭᠤᠨ ᠤ ᠦᠶ᠎ᠡ ᠠᠴᠠ 20 ᠳ᠋ᠤᠭᠠᠷ ᠵᠠᠭᠤᠨ ᠤ ᠨᠠᠶᠠᠭᠠᠳ ᠣᠨ᠂ ᠴᠢᠨᠠᠭᠰᠢᠯᠠᠪᠡᠯ ᠣᠷᠴᠢᠮ ᠤᠨ ᠬᠡᠳᠦᠨ ᠵᠢᠯ ᠪᠣᠯᠲᠠᠯ᠎ᠠ ᠦᠷᠬᠦᠯᠵᠢᠯᠡᠭᠰᠡᠭᠡᠷ ᠢᠷᠡᠵᠡᠢ᠃ ᠡᠳᠡᠭᠡᠷ ᠳᠠᠩ ᠦᠭᠡᠰ ᠤᠨ ᠪᠢᠴᠢᠯᠭᠡ ᠶᠢᠨ ᠨᠢᠭᠡᠲᠦᠯ ᠦᠭᠡᠢ ᠪᠣᠯᠤᠭᠰᠠᠨ ᠰᠢᠯᠲᠠᠭᠠᠨ ᠢ ᠨᠠ᠊ · ᠭᠤᠨᠴᠤᠭᠰᠦ᠋ᠷᠦᠩ  《ᠨᠢᠭᠡ ᠦᠭᠡ ᠶᠢᠨ ᠣᠯᠠᠨ ᠪᠢᠴᠢᠯᠭᠡ ᠶᠢᠨ ᠲᠠᠰᠢᠶ᠎ᠠ ᠪᠣᠶᠤ ᠪᠣᠳᠤᠯᠢᠶᠠᠨᠲᠠᠢ ᠪᠣᠯᠤᠭᠰᠠᠨ ᠪᠠᠢᠳᠠᠯ ᠢ ᠣᠨᠤᠯ ᠤᠨ ᠲᠠᠯ᠎ᠠ ᠠᠴᠠ ᠬᠤᠷᠢᠶᠠᠩᠭᠤᠢᠯᠠᠪᠠᠯ ᠂ ᠳᠣᠣᠷᠠᠬᠢ ᠬᠡᠳᠦᠨ ᠠᠭᠤᠯᠭ᠎ᠠ ᠪᠠᠷ ᠳ᠋ᠦᠩᠨᠡᠵᠦ ᠪᠣᠯᠤᠨ᠎ᠠ᠃ 1. ᠢᠵᠠᠭᠤᠷ ᠦᠭᠡ ᠶᠢ ᠳᠦᠷᠰᠦ ᠢᠯᠭᠠᠵᠤ ᠪᠢᠴᠢᠬᠦ ᠵᠡᠷᠭᠡ ᠠᠴᠠ ᠪᠣᠯᠵᠤ᠂ ᠲᠡᠭᠦᠨ ᠤ ᠠᠯᠢ ᠨᠢᠭᠡ ᠨᠢ ᠪᠣᠶᠤ ᠬᠡᠳᠦ ᠨᠢ ᠲᠠᠰᠢᠶ᠎ᠠ ᠪᠢᠴᠢᠯᠭᠡ ᠲᠠᠢ ᠪᠣᠯᠬᠤ ᠦᠵᠡᠭᠳᠡᠯ; 2. ᠦᠭᠡ ᠶᠢᠨ ᠢᠵᠠᠭᠤᠷ ᠢ ᠡᠯᠳᠡᠪ ᠶᠠᠩᠵᠤ ᠪᠠᠷ ᠦᠭᠡᠷᠡᠲᠦᠭᠦᠯᠵᠦ ᠪᠢᠴᠢᠬᠦ ᠦᠵᠡᠭᠳᠡᠯ; 3. ᠳᠠᠭᠠᠪᠤᠷᠢ ᠶᠢᠨ ᠲᠣᠭᠲᠠᠭᠰᠠᠨ ᠬᠡᠯᠪᠡᠷᠢ ᠶᠢ ᠡᠪᠳᠡᠵᠦ ᠪᠢᠴᠢᠬᠦ ᠠᠴᠠ ᠪᠣᠯᠤᠭᠰᠠᠨ ᠲᠠᠰᠢᠶ᠎ᠠ ᠪᠢᠴᠢᠯᠭᠡ ᠶᠢᠨ ᠦᠵᠡᠭᠳᠡᠯ; 4. ᠨᠦᠭᠦᠴᠡᠯ ᠤᠨ ᠲᠣᠭᠲᠠᠭᠰᠠᠨ ᠬᠡᠯᠪᠡᠷᠢ ᠶᠢ ᠬᠤᠪᠢᠯᠭᠠᠵᠤ ᠪᠢᠴᠢᠬᠦ ᠦᠵᠡᠭᠳᠡᠯ; 5. ᠵᠠᠷᠢᠮ ᠵᠢᠭᠡᠯᠡᠭᠡ ᠦᠭᠡ ᠶᠢᠨ ᠪᠢᠴᠢᠯᠭᠡ ᠳᠠᠬᠢ ᠬᠡᠳᠦ ᠬᠡᠳᠦᠨ ᠶᠠᠩᠵᠤ ᠪᠠᠷ ᠪᠢᠴᠢᠬᠦ ᠦᠵᠡᠭᠳᠡᠯ; 6. ᠰᠠᠯᠤᠩᠬᠢ ᠪᠠ ᠨᠡᠢᠯᠡᠩᠬᠢ ᠪᠢᠴᠢᠬᠦ ᠳᠦᠷᠢᠮ ᠢ ᠡᠪᠳᠡᠭᠰᠡᠨ ᠪᠢᠴᠢᠯᠭᠡ》 ② ᠵᠡᠷᠭᠡ ᠵᠢᠷᠭᠤᠭᠠᠨ ᠲᠠᠯ᠎ᠠ ᠠᠴᠠ ᠬᠤᠷᠢᠶᠠᠩᠭᠤᠢᠯᠠᠨ ᠳ᠋ᠦᠩᠨᠡᠵᠦ ᠥᠩᠭᠡᠷᠡᠭᠰᠡᠨ ᠪᠢᠯᠡ᠃

ᠡᠨᠳᠡ ᠣᠨᠴᠠᠭᠠᠢᠯᠠᠨ ᠳᠤᠷᠠᠳᠤᠭᠤᠰᠢᠲᠠᠢ ᠵᠦᠢᠯ ᠭᠡᠪᠡᠯ᠂ ᠡᠢᠮᠦᠷᠬᠦᠦ ᠳᠠᠩ ᠦᠭᠡᠰ ᠦᠨ ᠨᠢᠭᠡᠲᠦᠯ ᠦᠭᠡᠢ ᠪᠢᠴᠢᠯᠭᠡ ᠪᠤᠶᠤ ᠶᠠᠷᠢᠶᠠᠴᠢᠯᠠᠨ ᠪᠢᠴᠢᠵᠦ ᠳᠦᠷᠰᠦ ᠪᠡᠷ ᠦᠭᠡ ᠶᠢᠨ ᠤᠳᠭ᠎ᠠ ᠶᠢ ᠢᠯᠭᠠᠬᠤ ᠭᠡᠰᠡᠨ ᠣᠷᠤᠯᠳᠤᠯᠭ᠎ᠠ ᠨᠢ 1717 ᠣᠨ ᠤ 《ᠬᠣᠷᠢᠨ ᠨᠢᠭᠡᠲᠦ ᠲᠠᠢᠯᠪᠤᠷᠢ ᠲᠣᠯᠢ》 — 《ᠬᠠᠭᠠᠨ ᠤ ᠪᠢᠴᠢᠭᠰᠡᠨ ᠮᠠᠨᠵᠤ ᠮᠣᠩᠭᠤᠯ ᠦᠭᠡᠨ ᠦ ᠲᠣᠯᠢ  ᠪᠢᠴᠢᠭ》 ᠠᠴᠠ 1937 ᠣᠨ ᠳᠤ ᠤᠯᠠᠭᠠᠨᠪᠠᠭᠠᠲᠤᠷ ᠬᠣᠲᠠᠨ᠎ᠠ ᠬᠡᠪᠯᠡᠭᠳᠡᠵᠦ᠂ 1951 ᠣᠨ ᠳᠤ ᠥᠪᠦᠷ ᠮᠣᠩᠭᠤᠯ ᠳᠤ ᠬᠡᠪᠯᠡᠭᠳᠡᠭᠰᠡᠨ ᠱᠠᠭᠵᠠ ᠶᠢᠨ 《ᠮᠣᠩᠭᠤᠯ ᠦᠰᠦᠭ ᠦᠨ ᠳᠦᠷᠢᠮ ᠦᠨ ᠲᠣᠯᠢ  ᠪᠢᠴᠢᠭ》ᠲᠦ᠍ ᠤᠯᠠᠮ ᠢᠶᠠᠷ  ᠴᠢᠬᠤᠯᠠᠴᠢᠯᠠᠭᠳᠡᠨ《ᠵᠦᠢ ᠶᠣᠰᠤᠨ ᠤ ᠪᠢᠴᠢᠯᠭᠡ》 ᠮᠡᠲᠦ ᠪᠣᠯᠤᠭᠰᠠᠨ ᠶᠠᠪᠤᠳᠠᠯ ᠶᠤᠮ᠃ ᠡᠨᠡ ᠨᠢ ᠴᠣᠬᠤᠮ ᠳᠠᠭᠠᠨ ᠮᠣᠩᠭᠤᠯ ᠪᠢᠴᠢᠭ ᠦ᠋ᠨ ᠵᠥᠪ ᠪᠢᠴᠢᠯᠭᠡ ᠶᠢᠨ ᠳᠦᠷᠢᠮᠵᠢᠯ ᠪᠠ ᠲᠣᠯᠢ  ᠪᠢᠴᠢᠭ ᠦ᠋ᠨ ᠳᠦᠷᠢᠮᠵᠢᠯ ᠳᠦ ᠨᠢᠭᠡ ᠬᠡᠮᠵᠢᠶᠡᠨ ᠦ᠌ ᠰᠠᠮᠠᠭᠤᠷᠠᠯ ᠢ ᠪᠤᠢ ᠪᠣᠯᠭᠠᠵᠠᠢ᠃

 

(ᠬᠣᠶᠠᠷ) ᠮᠣᠩᠭᠤᠯ ᠬᠡᠯᠡᠨ ᠦ ᠳᠠᠩ ᠦᠭᠡᠰ ᠦᠨ ᠪᠢᠴᠢᠯᠭᠡ ᠨᠢᠭᠡᠲᠦᠯ ᠦᠭᠡᠢ ᠪᠠᠢᠭᠰᠠᠨ ᠦᠵᠡᠭᠳᠡᠯ ᠦ᠋ᠨ ᠲᠤᠬᠠᠢ ᠡᠷᠳᠡᠮᠲᠡᠳ ᠦ᠋ᠨ ᠠᠳᠠᠯᠢ ᠪᠤᠰᠤ ᠰᠠᠨᠠᠯ

 

《ᠨᠢᠭᠡ ᠵᠦᠢᠯ ᠦ᠋ᠨ ᠦᠰᠦᠭ  ᠪᠢᠴᠢᠭ ᠵᠠᠪᠠᠯ ᠲᠡᠭᠦᠨ ᠦ᠌ ᠲᠡᠮᠳᠡᠭᠯᠡᠵᠦ ᠪᠦᠬᠦᠢ ᠬᠡᠯᠡᠨ ᠦ᠌ ᠪᠡᠨ ᠶᠠᠮᠠᠷ ᠨᠢᠭᠡᠨ ᠴᠠᠭ ᠦᠶ᠎ᠡ᠂ ᠶᠠᠮᠠᠷ ᠨᠢᠭᠡᠨ ᠠᠶᠠᠯᠭᠤᠨ ᠳᠡᠭᠡᠷ᠎ᠡ ᠰᠠᠭᠤᠷᠢᠯᠠᠭᠰᠠᠨ ᠪᠠᠢᠬᠤ ᠶᠣᠰᠤᠲᠠᠢ ᠪᠥᠭᠡᠳ ᠬᠠᠷᠢᠴᠠᠩᠭᠤᠢ ᠲᠣᠭᠲᠠᠪᠤᠷᠢᠲᠤ ᠰᠢᠨᠵᠢ ᠲᠡᠢ ᠪᠠᠢᠳᠠᠭ ᠪᠣᠯᠬᠣᠷ ᠬᠡᠯᠡᠨ ᠦ ᠬᠥᠭᠵᠢᠯᠲᠡ ᠬᠤᠪᠢᠷᠠᠯᠲᠠ ᠶᠢ ᠳᠠᠭᠠᠯᠳᠤᠨ ᠬᠡᠯᠡ ᠦᠰᠦᠭ  ᠪᠢᠴᠢᠭ ᠦ᠋ᠨ ᠬᠣᠭᠤᠷᠤᠨᠳᠤ ᠦᠷᠭᠦᠯᠵᠢ ᠶᠢᠨ ᠴᠢᠨᠠᠷᠲᠠᠢ <ᠵᠥᠷᠢᠴᠡᠯ > ᠭᠠᠷᠴᠤ ᠪᠠᠢᠳᠠᠭ》 ③᠃ ᠡᠢᠮᠦ ᠡᠴᠡ ᠳᠡᠭᠡᠷ᠎ᠡ ᠶᠠᠷᠢᠭᠰᠠᠨᠴᠢᠯᠠᠨ ᠮᠣᠩᠭᠤᠯ ᠬᠡᠯᠡᠨ ᠦ ᠳᠠᠩ ᠦᠭᠡᠰ ᠦᠨ ᠪᠢᠴᠢᠯᠭᠡ ᠨᠢ 13 ᠳ᠋ᠤᠭᠠᠷ ᠵᠠᠭᠤᠨ ᠤ ᠦᠶ᠎ᠡ ᠡᠴᠡ ᠨᠠᠭᠠᠰᠢ ᠨᠢᠭᠡᠳᠴᠦ ᠳᠦᠷᠢᠮᠵᠢᠭᠡ ᠦᠭᠡᠢ ᠢᠷᠡᠭᠰᠡᠨ ᠪᠠ  ᠪᠢᠴᠢᠭ ᠦ᠋ᠨ ᠬᠡᠯᠡ ᠪᠠ ᠶᠠᠷᠢᠶᠠᠨ ᠤ ᠬᠡᠯᠡᠨ ᠦ ᠵᠠᠢᠳᠠᠭᠰᠠᠨ ᠠᠰᠠᠭᠤᠳᠠᠯ ᠮᠣᠩᠭᠤᠯ ᠦᠰᠦᠭ  ᠪᠢᠴᠢᠭ ᠦ᠋ᠨ ᠪᠦᠬᠦᠶ ᠯᠡ ᠲᠡᠦᠬᠡᠨ ᠶᠠᠪᠤᠴᠠ ᠳᠤ ᠣᠷᠤᠰᠢᠭᠰᠠᠭᠠᠷ ᠢᠷᠡᠵᠡᠢ᠃ ᠡᠨᠡ ᠲᠤᠬᠠᠢ ᠫᠠᠭᠪᠠ᠂ ᠴᠦᠢᠵᠢᠠᠣᠳᠰᠠᠷ᠂ ᠳᠠᠨᠵᠠᠨᠳᠠᠭᠪᠠ᠂ ᠽᠠᠶ᠎ᠠ ᠪᠠᠨᠳᠢᠳᠠ ᠨᠠᠮᠬᠠᠢᠵᠠᠮᠰᠤ᠂ ᠠᠭᠸᠠᠩᠳᠠᠨᠳᠠᠷ᠂ ᠲᠦᠮᠡᠳ ᠦ᠋ᠨ ᠭᠠᠯᠰᠠᠩ᠂ ᠯᠣᠪᠰᠠᠩᠴᠦ᠋ᠢᠺᠤᠸᠠᠷ᠂ ᠪᠥᠬᠡᠵᠢᠷᠭᠠᠯ᠂ ᠰᠢᠨᠡᠳᠭᠡ᠂  ᠼ᠊ · ᠨᠣᠷᠵᠢᠨ᠂ ᠼ ·ᠫᠦᠷᠪᠦ᠂ ᠨᠠ᠊ · ᠭᠣᠨᠴᠤᠭᠰᠦ᠋ᠷᠦᠩ᠂ ᠳᠠᠮᠳᠢᠨ᠂ ᠹᠦᠯᠢᠩᠭ᠎ᠠ᠂ ᠲᠡᠭᠰᠢᠳᠦ᠋ᠭᠦᠷᠡᠩ᠂ ᠡᠩᠬᠡ᠂ ᠳ᠋ᠠᠨᠽᠠᠨ᠂ ᠲᠤᠯᠭᠠᠭᠤᠷᠢ᠂ ᠳ᠋᠊ · ᠪᠠᠭᠠᠲᠤᠷ᠂ ᠴᠢ᠊ · ᠰᠡᠴᠡᠨ ᠵᠡᠷᠭᠡ ᠨᠡᠯᠢᠶᠡᠳ ᠣᠯᠠᠨ ᠡᠷᠳᠡᠮᠲᠡᠨ ᠠᠯᠢ ᠡᠷᠲᠡᠨ ᠡᠴᠡ ᠠᠩᠬᠠᠷᠤᠯ ᠳᠠᠭᠠᠨ ᠠᠪᠴᠤ ᠥᠪᠡᠷ ᠦᠨ ᠦᠵᠡᠯᠲᠡ ᠪᠡᠨ ᠳᠤᠷᠠᠳᠤᠭᠰᠠᠭᠠᠷ ᠢᠷᠡᠵᠡᠢ᠃ ᠡᠭᠦᠨ ᠳᠦ ᠶᠡᠷᠦᠩᠬᠡᠢ ᠳᠡᠭᠡᠨ ᠬᠣᠶᠠᠷ ᠵᠦᠢᠯ ᠦ᠋ᠨ ᠪᠠᠢᠳᠠᠯ ᠲᠠᠢ᠃ ᠨᠢᠭᠡ ᠵᠦᠢᠯ ᠨᠢ᠂ ᠦᠰᠦᠭ ᠪᠢᠴᠢᠭ ᠢ᠋ᠶ᠋ᠡᠨ ᠪᠦᠷᠢᠮᠦᠰᠦᠨ ᠥᠭᠡᠷᠡᠴᠢᠯᠡᠬᠦ; ᠨᠥᠭᠦᠭᠡ ᠨᠢᠭᠡ ᠵᠦᠢᠯ ᠨᠢ᠂ ᠬᠤᠳᠤᠮ ᠮᠣᠩᠭᠤᠯ ᠦᠰᠦᠭ ᠢᠶᠡᠨ ᠵᠠᠰᠠᠨ ᠰᠠᠢᠵᠢᠷᠠᠭᠤᠯᠬᠤ ᠶᠠᠪᠤᠳᠠᠯ ᠪᠣᠯᠤᠨ᠎ᠠ᠃

1. ᠨᠢᠭᠡᠳᠦᠭᠡᠷ ᠦᠵᠡᠯᠲᠡ — ᠮᠣᠩᠭᠤᠯᠴᠤᠳ ᠦᠰᠦᠭ ᠪᠢᠴᠢᠭ ᠲᠡᠢ ᠪᠣᠯᠤᠭᠰᠠᠨ ᠮᠢᠩᠭ᠎ᠠ ᠰᠢᠬᠠᠮ ᠵᠢᠯ ᠦ᠋ᠨ ᠲᠤᠷᠰᠢᠳᠠ ᠲᠡᠦᠬᠡ ᠶᠢᠨ ᠠᠳᠠᠯᠢ ᠪᠤᠰᠤ ᠶᠢᠨ ᠱᠠᠲᠤ ᠦᠶ᠎ᠡ ᠳᠦ  ᠪᠢᠴᠢᠭ ᠶᠠᠷᠢᠶ᠎ᠠ ᠶᠢ ᠣᠢᠷᠠᠲᠤᠭᠤᠯᠬᠤ᠂ ᠤᠯᠤᠰ ᠲᠥᠷᠦ᠂ ᠱᠠᠰᠢᠨ ᠰᠤᠷᠲᠠᠬᠤᠨ ᠵᠡᠷᠭᠡ ᠶᠢᠨ ᠠᠳᠠᠯᠢ ᠪᠤᠰᠤ ᠶᠢᠨ ᠬᠡᠷᠡᠭᠴᠡᠭᠡ ᠱᠠᠭᠠᠷᠳᠠᠯᠭ᠎ᠠ ᠪᠠᠷ ᠬᠡᠷᠡᠭᠯᠡᠵᠦ ᠪᠦᠬᠦᠢ ᠦᠰᠦᠭ ᠪᠢᠴᠢᠭ ᠢ᠋ᠶ᠋ᠡᠨ ᠥᠭᠡᠷᠡᠴᠢᠯᠡᠵᠦ ᠬᠡᠷᠡᠭᠯᠡᠬᠦ ᠶᠢ ᠣᠷᠤᠯᠳᠤᠭᠰᠠᠭᠠᠷ ᠢᠷᠡᠵᠡᠢ᠃ ᠡᠭᠦᠨ ᠳᠦ 1269 ᠣᠨ ᠳᠤ ᠵᠣᠬᠢᠶᠠᠭᠳᠠᠭᠰᠠᠨ ᠳᠥᠷᠪᠡᠯᠵᠢᠨ ᠦᠰᠦᠭ᠂ 1648 ᠣᠨ ᠳᠤ ᠵᠣᠬᠢᠶᠠᠭᠳᠠᠭᠰᠠᠨ ᠲᠣᠳᠤ ᠦᠰᠦᠭ᠂ 1686 ᠣᠨ ᠳᠤ ᠵᠣᠬᠢᠶᠠᠭᠳᠠᠭᠰᠠᠨ ᠰᠣᠶᠤᠮᠪᠤ ᠦᠰᠦᠭ᠂ 1905 ᠣᠨ ᠳᠤ ᠵᠣᠬᠢᠶᠠᠭᠳᠠᠭᠰᠠᠨ ᠸᠠᠭᠢᠨᠳᠠᠷ᠎ᠠ ᠦᠰᠦᠭ᠂ ᠪᠤᠷᠢᠶᠠᠳ᠂ ᠬᠠᠯᠢᠮᠠᠭ ᠪᠣᠯᠤᠨ ᠮᠣᠩᠭᠤᠯ ᠤᠯᠤᠰ ᠤᠨ ᠬᠣᠷᠢᠳᠤᠭᠠᠷ ᠵᠠᠭᠤᠨ ᠤ ᠭᠤᠴᠢ ᠳᠥᠴᠢᠭᠡᠳ ᠣᠨ ᠤ ᠦᠶ᠎ᠡ ᠳᠦ ᠠᠪᠴᠤ ᠬᠡᠷᠡᠭᠯᠡᠭᠰᠡᠨ ᠺᠢᠷᠢᠯ ᠮᠣᠩᠭᠤᠯ ᠦᠰᠦᠭ ᠵᠡᠷᠭᠡ ᠶᠢ ᠳᠤᠷᠠᠳᠴᠤ ᠪᠣᠯᠤᠨ᠎ᠠ᠃ ᠡᠳᠡᠭᠡᠷ ᠦ᠋ᠨ ᠳᠣᠲᠤᠷ᠎ᠠ ᠲᠣᠳᠤ ᠦᠰᠦᠭ᠂ ᠺᠢᠷᠢᠯ ᠮᠣᠩᠭᠤᠯ ᠦᠰᠦᠭ ᠵᠡᠷᠭᠡ ᠨᠢ ᠨᠢᠭᠡ ᠬᠡᠮᠵᠢᠶᠡᠨ᠎ᠡ ᠮᠣᠩᠭᠤᠯ ᠬᠡᠯᠡᠨ ᠦ  ᠪᠢᠴᠢᠭ ᠶᠠᠷᠢᠶ᠎ᠠ ᠶᠢ ᠣᠢᠷᠠᠲᠤᠭᠤᠯᠬᠤ ᠭᠡᠰᠡᠨ ᠣᠷᠤᠯᠳᠤᠯᠭ᠎ᠠ ᠪᠣᠯᠤᠨ᠎ᠠ ᠭᠡᠵᠦ ᠪᠢᠳᠡ ᠦᠵᠡᠵᠦ ᠪᠠᠢᠨ᠎ᠠ᠃

2. ᠬᠣᠶᠠᠳᠤᠭᠠᠷ ᠦᠵᠡᠯᠲᠡ — ᠬᠤᠳᠤᠮ ᠮᠣᠩᠭᠤᠯ ᠦᠰᠦᠭ ᠢᠶᠡᠨ ᠵᠠᠰᠠᠨ ᠰᠠᠢᠵᠢᠷᠠᠭᠤᠯᠬᠤ ᠭᠡᠰᠡᠨ ᠦᠵᠡᠯᠲᠡ᠃ ᠲᠤᠰ ᠦᠵᠡᠯᠲᠡ ᠶᠢ ᠪᠠᠷᠢᠮᠲᠠᠯᠠᠵᠤ ᠪᠠᠢᠭ᠎ᠠ ᠡᠷᠳᠡᠮᠲᠡᠳ ᠦ᠋ᠨ ᠳᠣᠲᠤᠷ᠎ᠠ  ᠴᠦ ᠶᠡᠬᠡ ᠲᠥᠯᠦᠪ ᠬᠣᠶᠠᠷ ᠵᠦᠢᠯ ᠦ᠋ᠨ ᠪᠠᠢᠳᠠᠯ ᠲᠠᠢ ᠪᠠᠢᠨ᠎ᠠ᠃

(1) ᠣᠯᠠᠩᠬᠢ ᠡᠷᠳᠡᠮᠲᠡᠨ ᠮᠣᠩᠭᠤᠯ ᠬᠡᠯᠡᠨ ᠦ ᠳᠠᠩ ᠦᠭᠡᠰ ᠦᠨ ᠨᠢᠭᠡᠲᠦᠯ ᠦᠭᠡᠢ ᠪᠢᠴᠢᠯᠭᠡ᠂ ᠲᠠᠰᠢᠶ᠎ᠠ ᠪᠤᠷᠤᠭᠤ ᠪᠢᠴᠢᠯᠭᠡ᠂ ᠶᠠᠷᠢᠶᠠᠴᠢᠯᠠᠨ ᠪᠢᠴᠢᠵᠦ ᠳᠦᠷᠰᠦ ᠪᠡᠷ ᠤᠳᠭ᠎ᠠ ᠢᠯᠭᠠᠬᠤ ᠭᠡᠰᠡᠨ ᠪᠤᠶᠤ ᠦᠭᠡ ᠶᠢᠨ ᠢᠵᠠᠭᠤᠷ᠂ ᠦᠨᠳᠦᠰᠦ᠂ ᠳᠠᠭᠠᠪᠤᠷᠢ ᠶᠢᠨ ᠪᠦᠲᠦᠴᠡ ᠶᠢ ᠡᠪᠳᠡᠭᠰᠡᠨ ᠪᠢᠴᠢᠯᠭᠡ ᠶᠢᠨ ᠬᠤᠪᠢ ᠳᠤ ᠦᠭᠡ ᠶᠢᠨ ᠪᠦᠲᠦᠴᠡ ᠶᠢ ᠡᠪᠳᠡᠬᠦ ᠦᠭᠡᠢ ᠪᠡᠷ ᠪᠢᠴᠢᠬᠦ ᠬᠡᠯᠪᠡᠷᠢ ᠵᠦᠢ ᠶᠢᠨ ᠵᠠᠷᠴᠢᠮ ᠢᠶᠠᠷ ᠭᠣᠣᠯ ᠦᠨᠳᠦᠰᠦᠯᠡᠯ ᠪᠣᠯᠭᠠᠨ ᠤᠯᠠᠮᠵᠢᠯᠠᠯᠲᠤ ᠪᠢᠴᠢᠯᠭᠡ ᠪᠤᠶᠤ ᠲᠣᠭᠲᠠᠮᠠᠯ ᠪᠢᠴᠢᠯᠭᠡ ᠶᠢ ᠴᠢᠩᠭ᠎ᠠ ᠪᠠᠷᠢᠮᠲᠠᠯᠠᠨ᠎ᠠ ᠭᠡᠰᠡᠨ ᠦᠵᠡᠯᠲᠡ ᠶᠢ ᠪᠠᠷᠢᠮᠲᠠᠯᠠᠵᠤ ᠪᠠᠢᠨ᠎ᠠ᠃ ᠡᠭᠦᠨ ᠳᠦ᠄

ᠶᠠᠭᠤᠨ ᠤ ᠡᠮᠦᠨ᠎ᠡ ᠳᠡᠭᠡᠷ᠎ᠡ ᠦᠶ᠎ᠡ ᠶᠢᠨ ᠡᠷᠳᠡᠮᠲᠡᠳ ᠡᠴᠡ ᠴᠦᠢᠵᠢᠠᠣᠳᠰᠠᠷ᠂ ᠳᠠᠨᠵᠠᠨᠳᠠᠭᠪᠠ᠂ ᠠᠭᠸᠠᠩᠳᠠᠨᠳᠠᠷ᠂ ᠲᠦᠮᠡᠳ ᠦ᠋ᠨ ᠭᠠᠯᠰᠠᠩ᠂ ᠯᠣᠪᠰᠠᠩᠴᠦ᠋ᠢᠺᠤᠸᠠᠷ᠂ ᠳᠤᠭᠠᠷᠵᠠᠪ᠂ ᠷᠣᠯᠭᠠᠷᠵᠠᠪ᠂ ᠬᠡᠰᠢᠩᠭᠡ ᠵᠡᠷᠭᠡ ᠡᠷᠳᠡᠮᠲᠡᠳ ᠢ ᠳᠤᠷᠠᠳᠴᠤ ᠪᠣᠯᠤᠨ᠎ᠠ᠃ ᠵᠢᠱ᠌ᠢᠶᠡᠯᠡᠪᠡᠯ᠄ 14 ᠳ᠋ᠤᠭᠡᠷ ᠵᠠᠭᠤᠨ ᠤ ᠦᠶ᠎ᠡ ᠶᠢᠨ ᠪᠣᠭᠳᠠ ᠡᠷᠳᠡᠮᠲᠡᠨ ᠴᠦᠢᠵᠢᠠᠣᠳᠰᠠᠷ ᠤᠨ 《ᠵᠢᠷᠦᠬᠡᠨ ᠦ᠌ ᠲᠣᠯᠲᠤ》 ᠶᠢᠨ ᠲᠠᠢᠯᠪᠤᠷᠢ ᠪᠣᠯᠬᠤ ᠳᠠᠨᠵᠠᠨᠳᠠᠭᠪᠠ ᠶᠢᠨ 《ᠣᠭᠲᠠᠷᠭᠤᠢ ᠶᠢᠨ ᠮᠠᠨᠢ》 ᠳᠤ 《ᠡᠨᠡ ᠮᠡᠲᠦ ᠨᠣᠮ ᠤᠨ ᠦᠭᠡ ᠯᠦᠭᠡ ᠬᠠᠷ᠎ᠠ ᠦᠭᠡ ᠢᠯᠭᠠᠯ ᠦᠭᠡᠢ ᠨᠣᠮ ᠳᠤᠷ ᠪᠢᠴᠢᠭᠰᠡᠨ ᠢᠨᠤ ᠦᠯᠦ ᠵᠣᠬᠢᠬᠤ ᠪᠤᠯᠠᠢ》᠂ ᠠᠭᠸᠠᠩᠳᠠᠨᠳᠠᠷ ᠤᠨ 《ᠬᠡᠯᠡᠨ ᠦ ᠴᠢᠮᠡᠭ》ᠲᠦ᠍ 《ᠬᠤᠳᠳᠤᠭ ᠢ ᠬᠤᠳᠳᠦᠭ ᠬᠡᠮᠡᠨ ᠪᠢᠴᠢᠭᠰᠡᠨ ᠠᠨᠤ ᠮᠣᠩᠭᠤᠯ ᠦᠰᠦᠭ ᠦᠨ ᠶᠣᠰᠤᠨ ᠪᠤᠰᠤ ᠁ ᠵᠠᠷᠢᠮ ᠪᠢᠴᠢᠭ ᠲᠣᠷ ᠲᠡᠳᠦ᠋ᠬᠡᠨ (ᠲᠡᠳᠦᠢᠬᠡᠨ)ᠬᠡᠮᠡᠨ ᠨᠢᠭᠡᠨ ᠰᠢᠯᠪᠢ ᠲᠠᠯᠪᠢᠵᠤ ᠠᠭᠰᠠᠨ ᠪᠤᠢ》 ᠭᠡᠬᠦ ᠮᠡᠲᠦ ᠪᠡᠷ ᠲᠡᠮᠳᠡᠭᠯᠡᠭᠰᠡᠨ ᠪᠠᠢᠨ᠎ᠠ᠃ ᠪᠠᠰᠠ ᠲᠦᠮᠡᠳ ᠦ᠋ᠨ ᠭᠠᠯᠰᠠᠩ ᠤᠨ 《ᠮᠣᠩᠭᠤᠯ ᠦᠰᠦᠭ ᠦᠨ ᠪᠦᠭᠦᠳᠡ ᠲᠠᠢᠯᠪᠤᠷᠢ  ᠪᠢᠴᠢᠭ》ᠲᠦ᠍ ᠬᠡᠳᠦᠢᠪᠡᠷ ᠨᠢᠭᠡ ᠦᠭᠡ ᠶᠢᠨ ᠣᠯᠠᠨ ᠪᠢᠴᠢᠯᠭᠡ (《ᠰᠠᠨᠠᠭ᠎ᠠ ᠠᠳᠠᠯᠢ ᠳᠦᠷᠰᠦ ᠥᠪᠡᠷ᠎ᠡ ᠦᠰᠦᠭ ᠤᠳ》)᠂ 《ᠶᠣᠰᠤᠴᠢᠯᠠᠨ ᠪᠢᠴᠢᠬᠦ》 ᠪᠠ 《 ᠤᠢᠷᠠᠴᠢᠯᠠᠨ ᠪᠢᠴᠢᠬᠦ》 ᠬᠡᠮᠡᠨ ᠳᠤᠷᠠᠳᠴᠤ᠂ ᠲᠣᠳᠤᠷᠬᠠᠢ ᠵᠥᠪᠯᠡᠯᠭᠡ ᠥᠭᠭᠦᠭᠡ ᠦᠭᠡᠢ ᠪᠣᠯᠪᠠᠴᠤ ᠦᠨᠡᠨ ᠳᠡᠭᠡᠨ ᠲᠦᠮᠡᠳ ᠦ᠋ᠨ ᠭᠠᠯᠰᠠᠩ ᠤᠨ 《ᠶᠣᠰᠤᠴᠢᠯᠠᠨ ᠪᠢᠴᠢᠬᠦ》 ᠭᠡᠳᠡᠭ ᠦ᠋ᠨ 《ᠶᠣᠰᠤᠴᠢᠯᠠᠨ》 ᠭᠡᠳᠡᠭ ᠦᠭᠡ ᠡᠴᠡ ᠲᠡᠭᠦᠨ ᠦ᠌ ᠤᠯᠠᠮᠵᠢᠯᠠᠯᠲᠤ ᠪᠢᠴᠢᠯᠭᠡ ᠪᠤᠶᠤ ᠲᠣᠭᠲᠠᠮᠠᠯ ᠪᠢᠴᠢᠯᠭᠡ ᠶᠢ ᠴᠢᠩᠭ᠎ᠠ ᠪᠠᠷᠢᠮᠲᠠᠯᠠᠵᠤ ᠪᠠᠢᠭ᠎ᠠ ᠭᠡᠰᠡᠨ ᠢ ᠦᠵᠡᠨ ᠭᠠᠷᠴᠤ ᠪᠣᠯᠤᠨ᠎ᠠ᠃

ᠳᠠᠷᠠᠭᠠᠯᠠᠪᠠᠯ᠂ 20 ᠳ᠋ᠤᠭᠠᠷ ᠵᠠᠭᠤᠨ ᠤ ᠰᠡᠭᠦᠯ ᠦ᠋ᠨ ᠬᠠᠭᠠᠰ ᠠᠴᠠ ᠬᠣᠢᠰᠢᠬᠢ ᠣᠳᠣ ᠪᠣᠯᠲᠠᠯᠠᠬᠢ ᠡᠷᠳᠡᠮᠲᠡᠳ ᠡᠴᠡ ᠪᠥᠬᠡᠵᠢᠷᠭᠠᠯ᠂ ᠰᠢᠨᠡᠳᠭᠡ᠂ ᠼ᠊ · ᠨᠣᠷᠵᠢᠨ᠂ ᠼ᠊ · ᠫᠦᠷᠪᠦ᠂ ᠨᠠ᠊ · ᠭᠣᠨᠴᠤᠭᠰᠦ᠋ᠷᠦᠩ᠂ ᠳᠠᠮᠳᠢᠨ᠂ ᠹᠦᠯᠢᠩᠭ᠎ᠠ᠂ ᠲᠡᠭᠰᠢᠳᠦ᠋ᠭᠦᠷᠡᠩ᠂ ᠡᠩᠬᠡ᠂ ᠳ᠋ᠠᠨᠽᠠᠨ᠂ ᠲᠤᠯᠭᠠᠭᠤᠷᠢ᠂ ᠳ᠋᠊ · ᠪᠠᠭᠠᠲᠤᠷ᠂  ᠴᠢ᠊ · ᠰᠡᠴᠡᠨ ᠵᠡᠷᠭᠡ ᠡᠷᠳᠡᠮᠲᠡᠳ ᠢ ᠳᠤᠷᠠᠳᠴᠤ ᠪᠣᠯᠤᠨ᠎ᠠ᠃ ᠡᠳᠡᠭᠡᠷ ᠡᠷᠳᠡᠮᠲᠡᠳ ᠮᠣᠩᠭᠤᠯ ᠦᠰᠦᠭ ᠦᠨ ᠳᠦᠷᠢᠮ ᠢ ᠨᠠᠷᠢᠰᠭᠠᠨ ᠪᠣᠯᠪᠠᠰᠤᠷᠠᠭᠤᠯᠬᠤ ᠶᠢᠨ ᠬᠠᠮᠲᠤ ᠵᠠᠷᠢᠮ ᠦᠭᠡ ᠶᠢᠨ ᠢᠵᠠᠭᠤᠷ᠂ ᠳᠠᠭᠠᠪᠤᠷᠢ ᠶᠢ ᠬᠡᠳᠦ ᠬᠡᠳᠦᠨ ᠬᠤᠪᠢᠯᠪᠤᠷᠢ ᠪᠠᠷ ᠪᠢᠴᠢᠭᠰᠡᠨ ᠬᠣᠯᠪᠤᠬᠤ ᠦᠰᠦᠭ ᠦᠨ ᠳᠦᠷᠢᠮ ᠢ ᠵᠥᠷᠢᠴᠡᠭᠰᠡᠨ ᠳᠠᠩ ᠦᠭᠡᠰ ᠦᠨ ᠨᠢᠭᠡᠳᠦᠯ ᠦᠭᠡᠢ ᠪᠢᠴᠢᠯᠭᠡ ᠶᠢ ᠦᠭᠡ ᠶᠢᠨ ᠪᠦᠲᠦᠴᠡ ᠶᠢ ᠡᠪᠳᠡᠬᠦ ᠦᠭᠡᠢ ᠪᠡᠷ ᠪᠢᠴᠢᠬᠦ ᠪᠤᠶᠤ ᠪᠦᠲᠦᠭᠡᠪᠦᠷᠢ ᠶᠢᠨ ᠪᠢᠴᠢᠯᠭᠡ ᠶᠢ ᠨᠢᠭᠡᠳᠭᠡᠬᠦ ᠬᠡᠯᠪᠡᠷᠢ ᠵᠦᠢ ᠶᠢᠨ ᠵᠠᠷᠴᠢᠮ ᠢᠶᠠᠷ ᠭᠣᠣᠯ ᠦᠨᠳᠦᠰᠦᠯᠡᠯ ᠪᠣᠯᠭᠠᠨ ᠤᠯᠠᠮᠵᠢᠯᠠᠯᠲᠤ ᠪᠢᠴᠢᠯᠭᠡ ᠪᠤᠶᠤ ᠲᠣᠭᠲᠠᠮᠠᠯ ᠪᠢᠴᠢᠯᠭᠡ ᠶᠢᠨ ᠳᠠᠭᠠᠤ ᠨᠢᠭᠡᠳᠭᠡᠬᠦ ᠶ᠋ᠢ ᠵᠣᠷᠢᠭᠰᠠᠨ ᠪᠠᠢᠨ᠎ᠠ᠃ ᠡᠭᠦᠨ ᠳᠦ ᠰᠢᠨᠡᠳᠭᠡ ᠶᠢᠨ 《ᠮᠣᠩᠭᠤᠯ ᠪᠢᠴᠢᠭ ᠦ᠋ᠨ ᠵᠥᠪ ᠪᠢᠴᠢᠯᠭᠡ ᠶᠢᠨ ᠳᠦᠷᠢᠮ ᠦᠨ ᠴᠣᠭᠴᠠᠰ ᠤᠨ ᠲᠤᠬᠠᠢ ᠰᠢᠰᠲ᠋ᠧᠮᠴᠢᠯᠡᠭᠰᠡᠨ ᠰᠦᠪᠡᠭᠴᠢᠯᠡᠯ ᠦ᠋ᠳ ᠦ᠋ᠨ ᠲᠣᠯᠲᠤ ᠲᠣᠪᠴᠢᠶ᠎ᠠ》 (《ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠦ ᠰᠡᠳᠭᠦᠯ》᠂ 1982᠂ 4)᠂ 《ᠵᠥᠪ ᠪᠢᠴᠢᠯᠭᠡ ᠶᠢᠨ ᠳᠦᠷᠢᠮ ᠬᠢᠭᠡᠳ ᠰᠢᠰᠲ᠋ᠧᠮ ᠢ ᠰᠠᠢᠵᠢᠷᠠᠭᠤᠯᠬᠤ ᠲᠤᠬᠠᠢ》 (《ᠮᠣᠩᠭᠤᠯ ᠬᠡᠯᠡ  ᠪᠢᠴᠢᠭ》᠂ 1983᠂ 1)᠂ 《ᠮᠣᠩᠭᠤᠯ  ᠪᠢᠴᠢᠭ ᠦ᠋ᠨ ᠦᠭᠡ ᠶᠢᠨ ᠳᠠᠭᠠᠪᠤᠷᠢ ᠨᠤᠭᠤᠳ ᠤᠨ ᠳᠦᠷᠢᠮ ᠪᠤᠰᠤ ᠪᠢᠴᠢᠯᠭᠡ ᠶᠢ ᠨᠢᠭᠡᠳᠭᠡᠵᠦ ᠰᠠᠢᠵᠢᠷᠠᠭᠤᠯᠬᠤ ᠲᠤᠬᠠᠢ》  (《ᠮᠣᠩᠭᠤᠯ ᠬᠡᠯᠡ  ᠪᠢᠴᠢᠭ》᠂  1983᠂ 3)᠂ 《ᠵᠥᠪ ᠪᠢᠴᠢᠯᠭᠡ ᠶᠢᠨ ᠳᠦᠷᠢᠮ ᠳᠦ ᠬᠣᠯᠪᠤᠭᠳᠠᠬᠤ ᠬᠡᠳᠦᠨ ᠴᠢᠬᠤᠯᠠ ᠠᠰᠠᠭᠤᠳᠠᠯ》 (《ᠮᠣᠩᠭᠤᠯ ᠬᠡᠯᠡ ᠤᠳᠭ᠎ᠠ ᠵᠣᠬᠢᠶᠠᠯ》᠂ 1983᠂ 3)᠂ 《ᠤᠯᠤᠰ ᠪᠠᠢᠭᠤᠯᠤᠭᠳᠠᠭᠰᠠᠨ ᠠᠴᠠ ᠢᠨᠠᠭᠰᠢᠬᠢ ᠮᠣᠩᠭᠤᠯ  ᠪᠢᠴᠢᠭ ᠦ᠋ᠨ ᠵᠥᠪ ᠪᠢᠴᠢᠯᠭᠡ ᠶᠢᠨ ᠳᠦᠷᠢᠮ ᠦᠨ ᠲᠠᠯ᠎ᠠ ᠪᠠᠷ ᠬᠢ ᠰᠠᠢᠵᠢᠷᠠᠭᠤᠯᠤᠯᠲᠠ ᠪᠠ ᠰᠤᠳᠤᠯᠭᠠᠨ》 (《ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠦ ᠰᠡᠳᠭᠦᠯ》᠂ 1984᠂ 3)᠂ 《ᠮᠣᠩᠭᠤᠯ  ᠪᠢᠴᠢᠭ ᠦ᠋ᠨ ᠪᠦᠬᠦᠯᠢ ᠪᠦᠲᠦᠨ ᠦᠭᠡᠨ ᠳᠡᠬᠢ ᠵᠦᠢ ᠪᠤᠰᠤ ᠪᠢᠴᠢᠯᠭᠡ ᠶᠢ ᠵᠥᠪᠲᠦᠭᠡᠨ ᠳᠦᠷᠢᠮᠵᠢᠭᠦᠯᠬᠦ ᠠᠰᠠᠭᠤᠳᠠᠯ ᠳᠤ》 (《ᠮᠣᠩᠭᠤᠯ ᠬᠡᠯᠡ  ᠪᠢᠴᠢᠭ》᠂ 1984᠂ 4)᠂ 《ᠮᠣᠩᠭᠤᠯ ᠦᠰᠦᠭ ᠪᠠ ᠵᠥᠪ ᠪᠢᠴᠢᠯᠭᠡ ᠶᠢᠨ ᠳᠦᠷᠢᠮ ᠢ ᠵᠠᠰᠠᠵᠤ ᠰᠠᠢᠵᠢᠷᠠᠭᠤᠯᠬᠤ ᠲᠤᠬᠠᠢ》 (《ᠮᠣᠩᠭᠤᠯ ᠬᠡᠯᠡ  ᠪᠢᠴᠢᠭ》᠂ 1986᠂ 1)᠂ 《ᠣᠳᠣ ᠦᠶ᠎ᠡ ᠶᠢᠨ ᠮᠣᠩᠭᠤᠯ ᠬᠡᠯᠡ ᠶᠢ ᠪᠠᠷᠢᠮᠵᠢᠶᠠᠯᠠᠨ ᠳᠦᠷᠢᠮᠵᠢᠭᠦᠯᠬᠦ ᠠᠰᠠᠭᠤᠳᠠᠯ ᠤᠳ ᠲᠦ᠍》 (《ᠮᠣᠩᠭᠤᠯ ᠬᠡᠯᠡ  ᠪᠢᠴᠢᠭ》᠂ 1987᠂ 11 — 12)᠂ 《<ᠲᠣᠭᠲᠠᠭᠰᠠᠨ ᠦᠰᠦᠭ > ᠤᠨ ᠲᠤᠬᠠᠢ》 (《ᠮᠣᠩᠭᠤᠯ ᠬᠡᠯᠡ  ᠪᠢᠴᠢᠭ》᠂ 1993᠂ 8)᠂ 《ᠦᠵᠡᠯ ᠰᠠᠨᠠᠭ᠎ᠠ ᠪᠠᠨ ᠴᠢᠯᠦᠭᠡᠯᠡᠵᠦ᠂ ᠦᠨᠳᠦᠰᠦᠲᠡᠨ ᠦ᠌ ᠬᠡᠯᠡ  ᠪᠢᠴᠢᠭ ᠦ᠋ᠨ ᠳᠦᠷᠢᠮᠵᠢᠯ ᠦ᠋ᠨ ᠠᠯᠬᠤᠮ ᠢᠶᠠᠨ ᠲᠦᠷᠭᠡᠳᠭᠡᠰᠦᠭᠡᠢ》 (《ᠮᠣᠩᠭᠤᠯ ᠬᠡᠯᠡ  ᠪᠢᠴᠢᠭ》᠂ 1997᠂ 2)᠂ 《ᠮᠣᠩᠭᠤᠯ ᠬᠡᠯᠡ  ᠪᠢᠴᠢᠭ ᠢ᠋ ᠳᠦᠷᠢᠮᠵᠢᠭᠦᠯᠬᠦ ᠳᠦ ᠬᠣᠯᠪᠤᠭᠳᠠᠬᠤ ᠵᠠᠷᠢᠮ ᠠᠰᠠᠭᠤᠳᠠᠯ》 (《ᠮᠣᠩᠭᠤᠯ ᠬᠡᠯᠡ ᠪᠢᠴᠢᠭ》᠂ 1997᠂ 10); ᠪᠦᠬᠡᠵᠢᠷᠭᠠᠯ ᠤᠨ 《ᠦᠰᠦᠭ ᠦᠨ ᠳᠦᠷᠢᠮ ᠢ ᠰᠠᠢᠵᠢᠷᠠᠭᠤᠯᠵᠤ ᠪᠢᠴᠢᠯᠭᠡ ᠶᠢ ᠳᠦᠷᠢᠮᠵᠢᠭᠦᠯᠦᠶ᠎ᠡ》 (《ᠥᠪᠦᠷ ᠮᠣᠩᠭᠤᠯ ᠤᠨ ᠨᠡᠢᠭᠡᠮ ᠦ᠋ᠨ ᠰᠢᠨᠵᠢᠯᠡᠬᠦ ᠤᠬᠠᠭᠠᠨ》᠂ 1983᠂ 4)᠂ 《ᠪᠢᠴᠢᠯᠭᠡ ᠶᠢ ᠳᠦᠷᠢᠮᠵᠢᠭᠦᠯᠬᠦ ᠲᠤᠬᠠᠢ ᠥᠭᠦᠯᠡᠬᠦ ᠨᠢ》 (《ᠮᠣᠩᠭᠤᠯ ᠬᠡᠯᠡ ᠪᠢᠴᠢᠭ》᠂ 1988᠂ 2)᠂ 《ᠵᠥᠪ ᠪᠢᠴᠢᠯᠭᠡ ᠶᠢᠨ ᠳᠦᠷᠢᠮᠵᠢᠯ ᠦ᠋ᠨ ᠵᠠᠷᠢᠮ ᠠᠰᠠᠭᠤᠳᠠᠯ ᠳᠤ》 (《ᠮᠣᠩᠭᠤᠯ ᠬᠡᠯᠡ ᠤᠳᠭ᠎ᠠ ᠵᠣᠬᠢᠶᠠᠯ》᠂ 1998᠂ 6); ᠨᠠ᠊·ᠭᠣᠨᠴᠤᠭᠰᠦ᠋ᠷᠦᠩ ᠦ᠋ᠨ 《ᠮᠣᠩᠭᠤᠯ ᠬᠡᠯᠡᠨ ᠦ ᠵᠥᠪ ᠪᠢᠴᠢᠯᠭᠡ ᠶᠢᠨ ᠵᠠᠷᠢᠮ ᠠᠰᠠᠭᠤᠳᠠᠯ ᠤᠨ ᠲᠤᠬᠠᠢ ᠥᠭᠦᠯᠡᠬᠦ ᠨᠢ》 (《ᠥᠪᠦᠷ ᠮᠣᠩᠭᠤᠯ ᠤᠨ ᠪᠠᠭᠰᠢ ᠶᠢᠨ ᠳᠡᠭᠡᠳᠦ ᠰᠤᠷᠭᠠᠭᠤᠯᠢ ᠶᠢᠨ ᠡᠷᠳᠡᠮ ᠰᠢᠨᠵᠢᠯᠡᠭᠡᠨ ᠦ ᠰᠡᠳᠭᠦᠯ》᠂ 1977᠂ 1)᠂  《ᠮᠣᠩᠭᠤᠯ ᠬᠡᠯᠡᠨ ᠦ ᠬᠡᠰᠡᠭ ᠦᠭᠡ ᠶᠢᠨ ᠪᠢᠴᠢᠯᠭᠡ ᠶᠢ ᠰᠠᠢᠵᠢᠷᠠᠭᠤᠯᠬᠤ ᠲᠤᠬᠠᠢ ᠠᠰᠠᠭᠤᠳᠠᠯ ᠳᠤ》 (《ᠡᠷᠳᠡᠮ ᠰᠢᠨᠵᠢᠯᠡᠭᠡᠨ ᠦ ᠥᠭᠦᠯᠡᠯ ᠦ᠋ᠨ ᠲᠡᠭᠦᠪᠦᠷᠢ》᠂ 2 ᠳ᠋ᠤᠭᠠᠷ ᠪᠣᠳᠢ᠂ 1992 ᠣᠨ᠂ ᠦᠨᠳᠦᠰᠦᠲᠡᠨ ᠦ᠌ ᠬᠡᠪᠯᠡᠯ ᠦᠨ ᠬᠣᠷᠢᠶ᠎ᠠ)᠂ 《ᠮᠣᠩᠭᠤᠯ  ᠪᠢᠴᠢᠭ ᠦ᠋ᠨ ᠬᠡᠯᠡᠨ ᠦ ᠵᠥᠪ ᠪᠢᠴᠢᠬᠦ ᠵᠦᠢ ᠶᠢᠨ ᠲᠣᠭᠲᠠᠯᠴᠠᠭ᠎ᠠ ᠪᠠ ᠲᠡᠭᠦᠨ ᠦ᠌ ᠠᠭᠤᠯᠭ᠎ᠠ ᠶᠢᠨ ᠲᠤᠬᠠᠢ》 (《ᠰᠣᠶᠤᠯ ᠡᠷᠳᠡᠮ ᠦ᠋ᠨ ᠰᠤᠳᠤᠯᠤᠯ》 ᠥᠭᠦᠯᠡᠯ ᠦ᠋ᠨ ᠲᠡᠭᠦᠪᠦᠷᠢ᠂ ᠥᠪᠦᠷ ᠮᠣᠩᠭᠤᠯ ᠤᠨ ᠰᠤᠷᠭᠠᠨ ᠬᠥᠮᠦᠵᠢᠯ ᠦᠨ ᠬᠡᠪᠯᠡᠯ ᠦᠨ ᠬᠣᠷᠢᠶ᠎ᠠ᠂ 1994 ᠣᠨ)᠂ 《ᠮᠣᠩᠭᠤᠯ  ᠪᠢᠴᠢᠭ ᠦ᠋ᠨ ᠬᠡᠯᠡᠨ ᠦ ᠵᠥᠪ ᠪᠢᠴᠢᠬᠦ ᠵᠦᠢ》 (ᠥᠪᠦᠷ ᠮᠣᠩᠭᠤᠯ ᠤᠨ ᠠᠷᠠᠳ ᠤᠨ ᠬᠡᠪᠯᠡᠯ ᠦᠨ ᠬᠣᠷᠢᠶ᠎ᠠ᠂ 1996 ᠣᠨ)᠂ 《ᠵᠥᠪ ᠪᠢᠴᠢᠬᠦ ᠳᠦᠷᠢᠮ ᠢ ᠤᠯᠠᠮ ᠨᠢᠭᠡ ᠠᠯᠬᠤᠮ ᠰᠠᠢᠵᠢᠷᠠᠭᠤᠯᠬᠤ ᠲᠤᠬᠠᠢ ᠠᠰᠠᠭᠤᠳᠠᠯ ᠳᠤ — <ᠳᠦᠷᠢᠮᠵᠢᠭᠦᠯᠦᠭᠰᠡᠨ ᠪᠢᠴᠢᠯᠭᠡ > ᠶᠢᠨ 10 ᠵᠢᠯ ᠦ᠋ᠨ ᠣᠢ ᠳᠤ》 (《ᠮᠣᠩᠭᠤᠯ ᠬᠡᠯᠡ  ᠪᠢᠴᠢᠭ》᠂ 1997᠂ 1)᠂ 《ᠳᠦᠷᠢᠮᠵᠢᠭᠦᠯᠦᠭᠰᠡᠨ ᠦᠭᠡ ᠨᠦᠭᠦᠳ ᠪᠠ <ᠮᠣᠩᠭᠤᠯ ᠵᠥᠪ ᠪᠢᠴᠢᠯᠭᠡ ᠶᠢᠨ ᠲᠣᠯᠢ >》 (《ᠮᠣᠩᠭᠤᠯ ᠬᠡᠯᠡ ᠤᠳᠭ᠎ᠠ ᠵᠣᠬᠢᠶᠠᠯ》᠂ 2002᠂ 3);  ᠼ᠊ · ᠨᠣᠷᠵᠢᠨ ᠤ 《ᠦᠰᠦᠭ ᠦᠨ ᠳᠦᠷᠢᠮ ᠢ ᠪᠣᠯᠪᠠᠰᠤᠷᠠᠭᠤᠯᠵᠤ ᠪᠢᠴᠢᠯᠭᠡ ᠶᠢ ᠳᠦᠷᠢᠮᠵᠢᠭᠦᠯᠬᠦ ᠲᠤᠬᠠᠢ》 (《ᠮᠣᠩᠭᠤᠯ ᠬᠡᠯᠡ  ᠪᠢᠴᠢᠭ》᠂ 1980᠂ 1)᠂ 《ᠮᠣᠩᠭᠤᠯ  ᠪᠢᠴᠢᠭ ᠦ᠋ᠨ ᠦᠰᠦᠭ ᠦᠨ ᠳᠦᠷᠢᠮ ᠦᠨ ᠲᠤᠬᠠᠢ ᠣᠳᠣ ᠬᠦᠷᠲᠡᠯᠡᠬᠢ ᠰᠤᠳᠤᠯᠭᠠᠨ ᠤ᠋ ᠶᠡᠷᠦᠩᠬᠡᠢ ᠳ᠋ᠦᠩ》 (《ᠮᠣᠩᠭᠤᠯ ᠬᠡᠯᠡ ᠤᠳᠭ᠎ᠠ ᠵᠣᠬᠢᠶᠠᠯ》᠂ 1982᠂ 2)᠂ 《ᠦᠰᠦᠭ ᠦᠨ ᠳᠦᠷᠢᠮ ᠦᠨ ᠶᠡᠷᠦᠩᠬᠡᠢ ᠵᠠᠷᠴᠢᠮ ᠤᠨ ᠲᠤᠬᠠᠢ》 (《ᠮᠣᠩᠭᠤᠯ ᠬᠡᠯᠡ ᠤᠳᠭ᠎ᠠ ᠵᠣᠬᠢᠶᠠᠯ》᠂ 1982᠂ 3)᠂ 《ᠮᠣᠩᠭᠤᠯ  ᠪᠢᠴᠢᠭ ᠦ᠋ᠨ ᠦᠰᠦᠭ ᠦᠨ ᠰᠢᠰᠲ᠋ᠧᠮ》 (《ᠮᠣᠩᠭᠤᠯ ᠬᠡᠯᠡ ᠤᠳᠭ᠎ᠠ ᠵᠣᠬᠢᠶᠠᠯ》᠂ 1983᠂ 2)᠂ 《ᠮᠣᠩᠭᠤᠯ ᠬᠡᠯᠡᠨ ᠦ ᠭᠣᠣᠯ ᠶᠣᠰᠤ》 (ᠥᠪᠦᠷ ᠮᠣᠩᠭᠤᠯ ᠤᠨ ᠰᠤᠷᠭᠠᠨ ᠬᠥᠮᠦᠵᠢᠯ ᠦᠨ ᠬᠡᠪᠯᠡᠯ ᠦᠨ ᠬᠣᠷᠢᠶ᠎ᠠ᠂ 1987 ᠣᠨ); ᠼ᠊ · ᠫᠦᠷᠪᠦ ᠶᠢᠨ 《ᠣᠷᠴᠢᠨ ᠴᠠᠭ ᠤᠨ ᠮᠣᠩᠭᠤᠯ  ᠪᠢᠴᠢᠭ ᠦ᠋ᠨ ᠬᠡᠯᠡᠨ ᠦ ᠵᠥᠪ ᠪᠢᠴᠢᠬᠦ ᠳᠦᠷᠢᠮ ᠦᠨ ᠲᠣᠭᠲᠠᠯᠴᠠᠭ᠎ᠠ》 (《ᠮᠣᠩᠭᠤᠯ ᠬᠡᠯᠡ  ᠪᠢᠴᠢᠭ》᠂ 2005᠂ 4);  ᠳ᠋ᠠᠨᠽᠠᠨ ᠤ 《ᠦᠰᠦᠭ ᠦᠨ ᠳᠦᠷᠢᠮ ᠦᠨ ᠶᠡᠷᠦᠩᠬᠡᠢ ᠵᠠᠷᠴᠢᠮ ᠤᠨ ᠠᠰᠠᠭᠤᠳᠠᠯ ᠳᠤ》 (《ᠮᠣᠩᠭᠤᠯ ᠬᠡᠯᠡ  ᠪᠢᠴᠢᠭ》᠂ 1987᠂ 10); ᠡᠩᠬᠡ ᠶᠢᠨ 《ᠮᠣᠩᠭᠤᠯ ᠬᠡᠯᠡᠨ ᠦ ᠪᠢᠴᠢᠯᠭᠡ ᠶᠢ ᠳᠦᠷᠢᠮᠵᠢᠭᠦᠯᠬᠦ ᠲᠤᠬᠠᠢ ᠥᠴᠦᠬᠡᠨ ᠰᠠᠨᠠᠯ》 (《ᠮᠣᠩᠭᠤᠯ ᠬᠡᠯᠡ  ᠪᠢᠴᠢᠭ》᠂ 1984᠂ 1); ᠲᠡᠭᠰᠢᠳᠦᠭᠦᠷᠡᠩ ᠤᠨ 《ᠵᠥᠪ ᠪᠢᠴᠢᠬᠦ ᠳ᠋ᠦ᠍ ᠤᠷᠲᠤ ᠡᠭᠡᠰᠢᠭ ᠦ᠋ᠨ ᠬᠣᠯᠪᠤᠭᠳᠠᠬᠤ  ᠨᠢ》 (《ᠮᠣᠩᠭᠤᠯ ᠬᠡᠯᠡ  ᠪᠢᠴᠢᠭ》᠂ 1988᠂ 6); ᠳ᠋᠊ · ᠪᠠᠭᠠᠲᠤᠷ ᠤᠨ 《ᠤᠢᠭᠤᠷᠵᠢᠨ ᠮᠣᠩᠭᠤᠯ ᠦᠰᠦᠭ ᠢ ᠳᠦᠷᠢᠮᠵᠢᠭᠦᠯᠬᠦ ᠲᠤᠬᠠᠢ ᠥᠭᠦᠯᠡᠬᠦ ᠨᠢ》 (《ᠮᠣᠩᠭᠤᠯ ᠬᠡᠯᠡ  ᠪᠢᠴᠢᠭ》᠂ 1982᠂ 3)᠂ 《<ᠮᠣᠩᠭᠤᠯ ᠵᠥᠪ ᠪᠢᠴᠢᠯᠭᠡ ᠶᠢᠨ ᠲᠣᠯᠢ > ᠶᠢᠨ ᠲᠤᠬᠠᠢ ᠥᠭᠦᠯᠡᠬᠦ ᠨᠢ》 (《ᠮᠣᠩᠭᠤᠯ ᠬᠡᠯᠡ  ᠪᠢᠴᠢᠭ》᠂ 2003᠂ 10)᠂ 《<ᠮᠣᠩᠭᠤᠯ ᠵᠥᠪ ᠪᠢᠴᠢᠯᠭᠡ ᠶᠢᠨ ᠲᠣᠯᠢ > ᠶᠢᠨ ᠲᠤᠬᠠᠢ ᠳᠠᠬᠢᠨ ᠥᠭᠦᠯᠡᠬᠦ ᠨᠢ — ᠲᠣᠯᠢ  ᠪᠢᠴᠢᠭ ᠦ᠋ᠨ ᠨᠡᠷ᠎ᠡ ᠶᠢᠨ ᠲᠤᠬᠠᠢ ᠬᠡᠳᠦᠨ ᠦᠭᠡ》 (《ᠮᠣᠩᠭᠤᠯ ᠬᠡᠯᠡ  ᠪᠢᠴᠢᠭ》᠂ 2004᠂ 8); ᠲᠤᠯᠭᠠᠭᠤᠷᠢ ᠶᠢᠨ 《ᠮᠣᠩᠭᠤᠯ ᠦᠰᠦᠭ  ᠪᠢᠴᠢᠭ ᠦ᠋ᠨ ᠲᠡᠦᠬᠡᠨ ᠬᠥᠭᠵᠢᠯ ᠦᠨ ᠲᠤᠷᠰᠢᠯᠭ᠎ᠠ ᠰᠤᠷᠭᠠᠮᠵᠢ ᠬᠢᠭᠡᠳ ᠳᠦᠷᠢᠮᠵᠢᠯ ᠦ᠋ᠨ ᠠᠰᠠᠭᠤᠳᠠᠯ》(《ᠥᠪᠦᠷ ᠮᠣᠩᠭᠤᠯ ᠤᠨ ᠨᠡᠢᠭᠡᠮ ᠦ᠋ᠨ ᠰᠢᠨᠵᠢᠯᠡᠬᠦ ᠤᠬᠠᠭᠠᠨ》᠂ 1998᠂ 5); ᠴᠣᠭᠪᠠᠶᠠᠷ ᠤᠨ 《ᠮᠣᠩᠭᠤᠯ  ᠪᠢᠴᠢᠭ ᠦ᠋ᠨ ᠬᠡᠯᠡᠨ ᠦ ᠵᠠᠷᠢᠮ ᠳᠠᠭᠠᠪᠤᠷᠢ ᠶᠢᠨ ᠳᠦᠷᠢᠮ ᠪᠤᠰᠤ ᠪᠢᠴᠢᠯᠭᠡ ᠶᠢ ᠳᠦᠷᠢᠮᠵᠢᠭᠦᠯᠬᠦ ᠨᠢ》(《ᠮᠣᠩᠭᠤᠯ ᠬᠡᠯᠡ ᠤᠳᠭ᠎ᠠ ᠵᠣᠬᠢᠶᠠᠯ》᠂ 1999᠂ 5);  ᠴᠢ᠊ · ᠰᠡᠴᠡᠨ ᠦ 《ᠮᠣᠩᠭᠤᠯ ᠬᠡᠯᠡᠨ ᠦ ᠳᠠᠩ ᠦᠭᠡᠰ ᠦᠨ ᠪᠢᠴᠢᠯᠭᠡ ᠶᠢ ᠳᠦᠷᠢᠮᠵᠢᠭᠦᠯᠬᠦ ᠲᠥᠷᠦ ᠶ᠋ᠢᠨ ᠪᠣᠳᠤᠯᠭ᠎ᠠ ᠶᠢᠨ ᠦᠨᠳᠦᠰᠦᠯᠡᠯ ᠪᠣᠯᠤᠨ ᠣᠨᠤᠯ ᠤᠨ ᠦᠨᠳᠦᠰᠦᠯᠡᠯ》 (ᠥᠪᠦᠷ ᠮᠣᠩᠭᠤᠯ ᠤᠨ ᠠᠷᠠᠳ ᠤᠨ ᠬᠡᠪᠯᠡᠯ ᠦᠨ ᠬᠣᠷᠢᠶ᠎ᠠ᠂ 2001 ᠣᠨ)᠂ 《ᠮᠣᠩᠭᠤᠯ  ᠪᠢᠴᠢᠭ ᠦ᠋ᠨ ᠵᠥᠪ ᠪᠢᠴᠢᠬᠦ ᠵᠠᠷᠴᠢᠮ ᠤᠨ ᠰᠤᠳᠤᠯᠤᠯ ᠳ᠋ᠤ᠌ ᠣᠷᠤᠰᠢᠵᠤ ᠪᠠᠢᠭ᠎ᠠ ᠠᠰᠠᠭᠤᠳᠠᠯ ᠤᠳ》(《ᠮᠣᠩᠭᠤᠯ ᠬᠡᠯᠡ  ᠪᠢᠴᠢᠭ》᠂ 2004᠂ 11); ᠪᠣᠣ ᠭᠧ ᠶᠢᠨ 《ᠮᠣᠩᠭᠤᠯ ᠬᠡᠯᠡᠨ ᠦ ᠵᠠᠷᠢᠮ ᠬᠡᠢᠰᠪᠦᠷᠢ ᠦᠭᠡ ᠶᠢᠨ ᠪᠢᠴᠢᠯᠭᠡ ᠶᠢ ᠳᠦᠷᠢᠮᠵᠢᠭᠦᠯᠬᠦ ᠠᠰᠠᠭᠤᠳᠠᠯ ᠳᠤ》 (《ᠮᠣᠩᠭᠤᠯ ᠬᠡᠯᠡ ᠤᠳᠭ᠎ᠠ ᠵᠣᠬᠢᠶᠠᠯ》᠂ 1997᠂ 6);  ᠪᠣᠣ ᠰᠡᠴᠡᠨ ᠦ 《ᠳᠦᠷᠰᠦ ᠢᠯᠭᠠᠭᠰᠠᠨ ᠪᠢᠴᠢᠯᠭᠡ ᠶᠢᠨ ᠲᠤᠬᠠᠢ》(《ᠮᠣᠩᠭᠤᠯ ᠬᠡᠯᠡ ᠤᠳᠭ᠎ᠠ ᠵᠣᠬᠢᠶᠠᠯ》᠂ 1997᠂ 5); ᠪ᠊ · ᠰᠡᠴᠡᠨᠪᠠᠭᠠᠲᠤᠷ ᠤᠨ 《ᠣᠳᠣ ᠶᠢᠨ ᠪᠢᠴᠢᠯᠭᠡ ᠳᠦ ᠣᠷᠤᠰᠢᠵᠤ ᠪᠠᠢᠭ᠎ᠠ ᠨᠢᠭᠡ ᠦᠵᠡᠭᠳᠡᠯ — ᠵᠠᠷᠢᠮ ᠭᠠᠳᠠᠭᠠᠳᠤ ᠦᠭᠡ ᠦᠰᠦᠭ ᠢ ᠬᠡᠷᠬᠢᠨ ᠲᠡᠮᠳᠡᠭᠯᠡᠬᠦ ᠲᠤᠬᠠᠢ》(《ᠮᠣᠩᠭᠤᠯ ᠬᠡᠯᠡ  ᠪᠢᠴᠢᠭ》᠂ 1992᠂ 10); ᠪᠠᠲᠤᠰᠠᠢᠬᠠᠨ ᠤ 《ᠪᠢᠴᠢᠯᠭᠡ ᠶᠢᠨ ᠳᠦᠷᠢᠮ ᠡᠴᠡ ᠵᠥᠷᠢᠴᠡᠭᠰᠡᠨ ᠬᠠᠷᠢ ᠭᠠᠷᠤᠯᠲᠠᠢ ᠦᠭᠡᠰ ᠦᠨ ᠠᠰᠠᠭᠤᠳᠠᠯ ᠳᠤ》(《ᠮᠣᠩᠭᠤᠯ ᠬᠡᠯᠡ  ᠪᠢᠴᠢᠭ》᠂ 1999᠂ 9); ᠰᠦᠷᠴᠡᠭᠡᠨ ᠤ 《ᠵᠢᠭᠡᠯᠡᠭᠡ ᠦᠭᠡ ᠶᠢᠨ ᠳᠦᠷᠢᠮᠵᠢᠯ ᠬᠢᠭᠡᠳ ᠲᠡᠮᠳᠡᠭᠯᠡᠬᠦ ᠠᠷᠭ᠎ᠠ ᠵᠠᠷᠴᠢᠮ ᠤᠨ ᠲᠤᠬᠠᠢ》(《ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠦ ᠰᠡᠳᠭᠦᠯ》᠂ 1997᠂ 2); ᠴᠢᠯᠠᠭᠤ ᠶᠢᠨ 《ᠮᠣᠩᠭᠤᠯ ᠦᠰᠦᠭ ᠦᠨ ᠵᠥᠪ ᠪᠢᠴᠢᠯᠭᠡ ᠶᠢᠨ ᠳᠦᠷᠢᠮᠵᠢᠯ ᠳᠦ ᠬᠣᠯᠪᠤᠭᠳᠠᠬᠤ ᠠᠰᠠᠭᠤᠳᠠᠯ ᠳᠤ》(《ᠮᠣᠩᠭᠤᠯ ᠬᠡᠯᠡ  ᠪᠢᠴᠢᠭ》᠂ 2004᠂ 5); ᠯᠢ ᠭᠦᠢ ᠷᠦᠩ ᠤᠨ 《ᠮᠣᠩᠭᠤᠯ ᠬᠡᠯᠡᠨ ᠦ ᠦᠭᠡᠰ ᠦᠨ ᠪᠢᠴᠢᠯᠭᠡ ᠳᠦ ᠣᠷᠤᠰᠢᠵᠤ ᠪᠠᠢᠭ᠎ᠠ ᠦᠵᠡᠭᠳᠡᠯ ᠦ᠋ᠨ ᠲᠤᠬᠠᠢ — ᠣᠶᠤᠲᠠᠳ ᠤᠨ ᠳᠤᠮᠳᠠ ᠬᠢᠭᠰᠡᠨ ᠪᠠᠢᠴᠠᠭᠠᠯᠲᠠ ᠠᠴᠠ》 (《ᠮᠣᠩᠭᠤᠯ ᠬᠡᠯᠡ  ᠪᠢᠴᠢᠭ》᠂ 2009᠂ 5)ᠵᠡᠷᠭᠡ ᠵᠣᠬᠢᠶᠠᠯ ᠥᠭᠦᠯᠡᠯ ᠦ᠋ᠳ ᠢ᠋ ᠳᠤᠷᠠᠳᠴᠤ ᠪᠣᠯᠬᠤ ᠪᠠᠷ ᠪᠠᠷᠠᠬᠤ ᠦᠭᠡᠢ ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ 1976 ᠣᠨ ᠳᠤ ᠬᠡᠪᠯᠡᠭᠦᠯᠦᠭᠰᠡᠨ 《ᠮᠣᠩᠭᠤᠯ ᠬᠢᠲᠠᠳ ᠲᠣᠯᠢ》᠂ ᠥᠪᠦᠷ ᠮᠣᠩᠭᠤᠯ ᠤᠨ ᠨᠡᠢᠭᠡᠮ ᠦ᠋ᠨ ᠰᠢᠨᠵᠢᠯᠡᠬᠦ ᠤᠬᠠᠭᠠᠨ ᠤ ᠬᠦᠷᠢᠶᠡᠯᠡᠩ ᠦ᠋ᠨ ᠬᠡᠯᠡ ᠰᠤᠳᠤᠯᠬᠤ ᠭᠠᠵᠠᠷ ᠪᠠ ᠥᠪᠦᠷ ᠮᠣᠩᠭᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠬᠠᠮᠲᠤᠷᠠᠨ ᠨᠠᠢᠷᠠᠭᠤᠯᠤᠭᠰᠠᠨ 《ᠮᠣᠩᠭᠤᠯ ᠬᠡᠯᠡᠨ ᠦ ᠲᠣᠯᠢ》᠂ ᠥᠪᠡᠷᠲᠡᠭᠡᠨ ᠵᠠᠰᠠᠬᠤ ᠣᠷᠤᠨ ᠤ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ ᠪᠣᠯᠤᠨ ᠰᠣᠨᠢᠨ ᠮᠡᠳᠡᠭᠡ ᠬᠡᠪᠯᠡᠯ ᠦᠨ ᠲᠣᠪᠴᠢᠶᠠᠨ ᠤ 1999 ᠣᠨ ᠳᠤ ᠨᠠᠢᠷᠠᠭᠤᠯᠵᠤ ᠬᠡᠪᠯᠡᠭᠦᠯᠦᠭᠰᠡᠨ 《ᠮᠣᠩᠭᠤᠯ ᠵᠥᠪ ᠪᠢᠴᠢᠯᠭᠡ ᠶᠢᠨ ᠲᠣᠯᠢ》 ᠵᠡᠷᠭᠡ ᠲᠣᠯᠢ  ᠪᠢᠴᠢᠭ ᠢ᠋ ᠳᠤᠷᠠᠳᠴᠤ ᠪᠣᠯᠤᠨ᠎ᠠ᠃ ᠡᠮᠦᠨᠡᠬᠢ ᠬᠣᠶᠠᠷ ᠲᠣᠯᠢᠨ ᠤ ᠲᠤᠬᠠᠢ  ᠨᠠ᠊ · ᠭᠣᠨᠴᠤᠭᠰᠦ᠋ᠷᠦᠩ 《ᠵᠥᠪ ᠪᠢᠴᠢᠯᠭᠡ ᠶᠢᠨ ᠠᠰᠠᠭᠤᠳᠠᠯ ᠢ ᠰᠠᠢᠨ ᠰᠢᠢᠳᠪᠦᠷᠢᠯᠡᠭᠰᠡᠨ ᠪᠥᠭᠡᠳ ᠢᠯᠠᠩᠭᠤᠶ᠎ᠠ ᠥᠩᠭᠡᠷᠡᠭᠰᠡᠨ ᠦ᠌ ᠣᠯᠠᠨ ᠲᠣᠯᠢᠨ ᠳᠤ ᠨᠢᠭᠡᠨ ᠵᠢᠷᠤᠮ ᠢᠶᠠᠷ ᠤᠯᠠᠮᠵᠢᠯᠠᠭᠳᠠᠭᠰᠠᠭᠠᠷ ᠢᠷᠡᠭᠰᠡᠨ ᠠᠳᠠᠯᠢᠬᠠᠨ ᠨᠢᠭᠡ ᠦᠭᠡ ᠶᠢ ᠬᠡᠳᠦ ᠬᠡᠳᠦᠨ ᠶᠠᠩᠵᠤ ᠪᠠᠷ ᠪᠢᠴᠢᠬᠦ᠂ ᠦᠭᠡ ᠶᠢᠨ ᠢᠵᠠᠭᠤᠷ ᠢ ᠡᠪᠳᠡᠬᠦ᠂ ᠳᠠᠭᠠᠪᠤᠷᠢ ᠶᠢ ᠡᠪᠳᠡᠬᠦ᠂ ᠵᠠᠷᠢᠮ ᠨᠥᠬᠦᠴᠡᠯ ᠢ᠋ ᠬᠡᠳᠦ ᠬᠡᠳᠦᠨ ᠶᠠᠩᠵᠤ ᠪᠠᠷ ᠪᠢᠴᠢᠬᠦ᠂ ᠨᠡᠢᠯᠡᠩᠬᠢ ᠪᠠ ᠰᠠᠯᠤᠩᠬᠢ ᠪᠢᠴᠢᠬᠦ ᠵᠢᠴᠢ ᠵᠢᠭᠡᠯᠡᠭᠡ ᠦᠭᠡ ᠶᠢ ᠪᠢᠴᠢᠬᠦ ᠵᠡᠷᠭᠡ ᠲᠠᠯ᠎ᠠ ᠪᠠᠷ ᠣᠷᠤᠰᠢᠵᠤ ᠪᠠᠢᠭᠰᠠᠨ ᠳᠦᠷᠢᠮᠵᠢᠯ ᠮᠠᠭᠤᠲᠠᠢ ᠪᠢᠴᠢᠯᠭᠡ ᠶᠢᠨ ᠠᠰᠠᠭᠤᠳᠠᠯ ᠢ ᠨᠡᠯᠢᠶᠡᠳ ᠰᠠᠢᠨ ᠲᠣᠬᠢᠷᠠᠮᠵᠢᠲᠠᠢ ᠰᠢᠢᠳᠪᠦᠷᠢᠯᠡᠭᠡᠳ ᠮᠣᠩᠭᠤᠯ  ᠪᠢᠴᠢᠭ ᠦ᠋ᠨ ᠬᠡᠯᠡᠨ ᠦ ᠳᠦᠷᠢᠮᠵᠢᠭᠦᠯᠬᠦ ᠪᠠ ᠲᠡᠭᠦᠨ ᠢ ᠰᠤᠷᠴᠤ ᠬᠡᠷᠡᠭᠯᠡᠬᠦ ᠳᠦ ᠴᠢᠬᠤᠯᠠ ᠠᠷᠭ᠎ᠠ ᠲᠤᠷᠰᠢᠯᠭ᠎ᠠ ᠶᠢ ᠳ᠋ᠦᠩᠨᠡᠵᠦ ᠥᠭᠭᠦᠭᠰᠡᠨ》 (《ᠮᠣᠩᠭᠤᠯ ᠬᠢᠲᠠᠳ ᠲᠣᠯᠢ》)ᠭᠡᠰᠡᠨ ᠪᠠ 《ᠵᠥᠪ ᠪᠢᠴᠢᠯᠭᠡ ᠶᠢᠨ ᠠᠰᠠᠭᠤᠳᠠᠯ ᠢ ᠨᠢᠭᠡ ᠮᠥᠷ ᠪᠣᠯᠭᠠᠨ ᠨᠢᠭᠡᠳᠭᠡᠬᠦ ᠳᠡᠭᠡᠨ ᠣᠳᠣᠬᠢ ᠰᠤᠳᠤᠯᠭᠠᠨ ᠤ᠋ ᠰᠠᠭᠤᠷᠢ ᠳᠡᠭᠡᠷ᠎ᠡ ᠶᠡᠬᠡ ᠰᠤᠷᠭᠠᠭᠤᠯᠢ ᠶᠢᠨ <ᠮᠣᠩᠭᠤᠯ ᠬᠢᠲᠠᠳ ᠲᠣᠯᠢ > ᠶᠢᠨ ᠲᠤᠷᠰᠢᠯᠭ᠎ᠠ ᠶᠢ ᠯᠠᠪᠯᠠᠵᠤ᠂ ᠣᠯᠠᠨ ᠡᠲᠡᠭᠡᠳ ᠦ᠋ᠨ ᠰᠠᠨᠠᠯ ᠵᠥᠪᠯᠡᠭᠡ ᠶᠢ ᠬᠤᠷᠠᠮᠳᠤᠭᠤᠯᠵᠤ ᠪᠠᠢᠭᠠᠳ ᠬᠢᠨᠠᠮᠠᠭᠠᠢ ᠣᠪᠤᠷ ᠢᠶᠠᠷ ᠰᠢᠢᠳᠪᠦᠷᠢᠯᠡᠭᠰᠡᠨ ᠪᠥᠭᠡᠳ ᠪᠣᠳᠠᠲᠠᠢ ᠭᠦᠢᠴᠡᠳᠭᠡᠬᠦ ᠳᠡᠭᠡᠨ ᠦᠭᠡ ᠶᠢᠨ ᠢᠵᠠᠭᠤᠷ᠂ ᠳᠠᠭᠠᠪᠤᠷᠢ᠂ ᠨᠥᠬᠦᠴᠡᠯ ᠦ᠋ᠨ ᠲᠣᠭᠲᠠᠭᠰᠠᠨ ᠬᠡᠯᠪᠡᠷᠢ ᠶᠢ ᠠᠯᠢ ᠪᠣᠯᠬᠤ ᠪᠠᠷ ᠨᠢᠭᠡᠳᠦᠯᠲᠡᠢ ᠪᠥᠭᠡᠳ ᠲᠣᠭᠲᠠᠪᠤᠷᠢᠲᠠᠢ ᠪᠣᠯᠭᠠᠬᠤ᠂ ᠠᠳᠠᠯᠢᠬᠠᠨ ᠨᠢᠭᠡ ᠦᠭᠡ ᠶᠢᠨ ᠣᠯᠠᠨ ᠬᠡᠯᠪᠡᠷᠢ ᠶᠢ ᠨᠢᠭᠡᠳᠭᠡᠬᠦ᠂ ᠨᠡᠢᠯᠡᠩᠬᠢ ᠪᠠ ᠰᠠᠯᠤᠩᠬᠢ ᠪᠢᠴᠢᠬᠦ ᠠᠰᠠᠭᠤᠳᠠᠯ ᠢ ᠵᠦᠢ ᠵᠣᠬᠢᠰᠲᠠᠢ ᠰᠢᠢᠳᠪᠦᠷᠢᠯᠡᠬᠦ᠂ ᠬᠠᠷᠢ ᠭᠠᠷᠤᠯᠲᠠᠢ ᠦᠭᠡ ᠶᠢᠨ ᠪᠢᠴᠢᠯᠭᠡ ᠶᠢ ᠨᠢᠭᠡᠳᠦᠯᠲᠡᠢ ᠪᠥᠭᠡᠳ ᠲᠣᠭᠲᠠᠪᠤᠷᠢᠲᠠᠢ ᠪᠠᠢᠯᠭᠠᠬᠤ ᠵᠡᠷᠭᠡ ᠦᠨᠳᠦᠰᠦᠨ ᠴᠢᠭᠯᠡᠯ ᠢ ᠪᠠᠷᠢᠮᠲᠠᠯᠠᠭᠰᠠᠨ ᠪᠠᠢᠨ᠎ᠠ᠃ ᠢᠩᠭᠢᠭᠡᠳ ᠨᠠᠢ᠍ᠮᠠᠨ ᠵᠠᠭᠤᠭᠠᠳ ᠦᠭᠡ ᠶᠢᠨ ᠪᠢᠴᠢᠯᠭᠡ ᠶᠢᠨ ᠠᠰᠠᠭᠤᠳᠠᠯ ᠢ ᠨᠢᠭᠡᠳᠭᠡᠨ ᠳᠦᠷᠢᠮᠵᠢᠭᠦᠯᠦᠭᠡᠳ ᠰᠤᠷᠴᠤ ᠬᠡᠷᠡᠭᠯᠡᠬᠦ ᠪᠠ ᠰᠤᠳᠤᠯᠵᠤ ᠯᠠᠪᠯᠠᠬᠤ ᠳᠤ ᠪᠠᠰᠠ ᠨᠢᠭᠡᠨ ᠴᠢᠬᠤᠯᠠ ᠡᠰᠢ ᠪᠠᠷᠢᠮᠲᠠ ᠣᠯᠭᠤᠭᠰᠠᠨ》 (《ᠮᠣᠩᠭᠤᠯ ᠬᠡᠯᠡᠨ ᠦ ᠲᠣᠯᠢ》) ᠭᠡᠵᠡᠢ᠃  ᠢᠩᠭᠢᠭᠡᠳ 《ᠮᠣᠩᠭᠤᠯ ᠵᠥᠪ ᠪᠢᠴᠢᠯᠭᠡ ᠶᠢᠨ ᠲᠣᠯᠢ》ᠨᠢ 《ᠮᠣᠩᠭᠤᠯ ᠬᠢᠲᠠᠳ ᠲᠣᠯᠢ》᠂ 《ᠮᠣᠩᠭᠤᠯ ᠬᠡᠯᠡᠨ ᠦ ᠲᠣᠯᠢ》 ᠶᠢᠨ ᠰᠠᠭᠤᠷᠢᠨ ᠳᠡᠭᠡᠷ᠎ᠡ ᠪᠤᠢ ᠪᠣᠯᠵᠤ᠂ ᠨᠢᠭᠡᠲᠦᠯ ᠦᠭᠡᠢ ᠪᠢᠴᠢᠯᠭᠡ ᠪᠦᠬᠦᠢ 2300 ᠣᠷᠴᠢᠮ ᠳᠠᠩ ᠦᠭᠡᠰ ᠦᠨ ᠪᠢᠴᠢᠯᠭᠡ ᠶᠢ ᠳᠦᠷᠢᠮᠵᠢᠭᠦᠯᠦᠭᠰᠡᠨ ᠪᠠᠢᠨ᠎ᠠ᠃

(2) ᠴᠥᠭᠡᠨ ᠡᠷᠳᠡᠮᠲᠡᠨ ᠮᠣᠩᠭᠤᠯ ᠬᠡᠯᠡᠨ ᠦ ᠳᠠᠩ ᠦᠭᠡᠰ ᠦᠨ ᠨᠢᠭᠡᠲᠦᠯ ᠦᠭᠡᠢ ᠪᠢᠴᠢᠯᠭᠡ ᠶᠢᠨ ᠬᠤᠪᠢ ᠳᠤ ᠦᠭᠡ ᠶᠢᠨ ᠪᠦᠲᠦᠴᠡ ᠶᠢ ᠡᠪᠳᠡᠬᠦ ᠦᠭᠡᠢ ᠪᠡᠷ ᠪᠢᠴᠢᠬᠦ ᠬᠡᠯᠪᠡᠷᠢ ᠵᠦᠢ ᠶᠢᠨ ᠵᠠᠷᠴᠢᠮ ᠢᠶᠠᠷ ᠭᠣᠣᠯ ᠦᠨᠳᠦᠰᠦᠯᠡᠯ ᠪᠣᠯᠭᠠᠨ᠎ᠠ ᠭᠡᠰᠡᠨ ᠦᠵᠡᠯᠲᠡ ᠶᠢ ᠪᠠᠷᠢᠮᠲᠠᠯᠠᠵᠤ ᠪᠠᠢᠭ᠎ᠠ ᠪᠣᠯᠪᠠᠴᠤ ᠨᠢᠭᠡ ᠪᠦᠯᠦᠭ ᠦᠭᠡᠰ ᠢ 《ᠶᠠᠷᠢᠶᠠᠴᠢᠯᠠᠨ ᠪᠢᠴᠢᠬᠦ》 ᠪᠤᠶᠤ 《ᠳᠥᠲᠡᠴᠢᠯᠡᠨ ᠪᠢᠴᠢᠬᠦ》᠂ ᠲᠤᠬᠠᠢᠯᠠᠪᠠᠯ ᠶᠠᠷᠢᠶᠠᠴᠢᠯᠠᠨ ᠪᠢᠴᠢᠵᠦ ᠳᠦᠷᠰᠦ ᠪᠡᠷ ᠤᠳᠭ᠎ᠠ ᠢᠯᠭᠠᠬᠤ ᠭᠡᠰᠡᠨ ᠦᠵᠡᠯᠲᠡ ᠶᠢ ᠪᠠᠷᠢᠮᠲᠠᠯᠠᠵᠤ ᠪᠠᠢᠨ᠎ᠠ᠃ ᠡᠨᠡ  ᠬᠦ ᠦᠵᠡᠯᠲᠡ ᠨᠢ 1717 ᠣᠨ ᠤ 《ᠬᠣᠷᠢᠨ ᠨᠢᠭᠡᠲᠦ ᠲᠠᠢᠯᠪᠤᠷᠢ ᠲᠣᠯᠢ》᠂ ᠱᠠᠭᠵᠠ ᠶᠢᠨ 《ᠮᠣᠩᠭᠤᠯ ᠦᠰᠦᠭ ᠦᠨ ᠳᠦᠷᠢᠮ ᠦᠨ ᠲᠣᠯᠢ  ᠪᠢᠴᠢᠭ》᠂ ᠲᠦᠮᠡᠳ ᠦ᠋ᠨ ᠭᠠᠯᠰᠠᠩ ᠤᠨ 《ᠮᠣᠩᠭᠤᠯ ᠦᠰᠦᠭ ᠦᠨ ᠪᠦᠭᠦᠳᠡ ᠲᠠᠢᠯᠪᠤᠷᠢ  ᠪᠢᠴᠢᠭ》ᠲᠦ᠍ 《ᠶᠣᠰᠤᠴᠢᠯᠠᠨ ᠪᠢᠴᠢᠬᠦ》 ᠪᠠ 《 ᠤᠢᠷᠠᠴᠢᠯᠠᠨ ᠪᠢᠴᠢᠬᠦ》 ᠬᠣᠶᠠᠷ ᠵᠦᠢᠯ ᠦ᠋ᠨ ᠪᠢᠴᠢᠯᠭᠡ ᠪᠤᠢ ᠭᠡᠵᠦ ᠳᠤᠷᠠᠳᠴᠤ ᠪᠠᠢᠭᠰᠠᠨ ᠪᠠ ᠰᠡᠭᠦᠯ ᠦ᠋ᠨ ᠦᠶᠡᠰ ᠦ᠋ᠨ ᠶᠠᠷᠢᠶᠠᠴᠢᠯᠠᠨ ᠪᠢᠴᠢᠵᠦ ᠳᠦᠷᠰᠦ ᠪᠡᠷ ᠤᠳᠭ᠎ᠠ ᠢᠯᠭᠠᠬᠤ ᠭᠡᠰᠡᠨ ᠦᠭᠡᠰ ᠢ ᠵᠦᠪᠴᠢᠯᠡᠨ ᠪᠠᠷᠢᠮᠲᠠᠯᠠᠵᠤ ᠪᠠᠢᠭ᠎ᠠ ᠬᠥᠮᠦᠰ ᠦᠨ ᠦᠵᠡᠯᠲᠡ ᠪᠡᠷ ᠢᠯᠡᠷᠡᠯ ᠢᠶᠡᠨ ᠣᠯᠵᠤ ᠪᠤᠢ᠃ ᠡᠨᠡ ᠲᠤᠬᠠᠢ  ᠼ᠊ · ᠨᠣᠷᠵᠢᠨ 《ᠡᠨᠡ ᠬᠦ ᠤᠢᠷᠠᠴᠢᠯᠠᠭᠰᠠᠨ ᠪᠢᠴᠢᠯᠭᠡ ᠭᠡᠳᠡᠭ ᠪᠣᠯ ᠪᠢᠴᠢᠯᠭᠡ ᠶᠢ ᠶᠠᠷᠢᠶᠠᠴᠢᠯᠠᠬᠤ ᠴᠢᠭᠯᠡᠯ ᠢᠶᠡᠷ ᠳᠦᠭᠦᠮᠴᠢᠯᠡᠬᠦ ᠶᠢ ᠪᠣᠳᠤᠭᠰᠠᠨ ᠬᠡᠷᠡᠭ ᠶᠤᠮ᠃ ᠠᠷᠪᠠᠨ ᠨᠠᠢ᠍ᠮᠠᠳᠤᠭᠠᠷ ᠵᠠᠭᠤᠨ ᠠᠴᠠ ᠡᠬᠢᠯᠡᠭᠡᠳ ᠡᠢᠮᠦ ᠵᠦᠢᠯ ᠡᠭᠦᠰᠴᠦ᠂ ᠢᠯᠠᠩᠭᠤᠶ᠎ᠠ ᠮᠣᠩᠭᠤᠯ ᠦᠭᠡ ᠶᠢ ᠮᠠᠨᠵᠤ ᠪᠠᠷ ᠲᠡᠮᠳᠡᠭᠯᠡᠳᠡᠭ ᠪᠣᠯᠤᠭᠰᠠᠨ ᠠᠴᠠ ᠬᠤᠢᠰᠢ ᠣᠯᠠᠰᠢᠷᠠᠵᠠᠢ᠃ ᠲᠡᠭᠦᠨ ᠢ ᠳᠠᠬᠢᠨ ᠮᠣᠩᠭᠤᠯ ᠪᠢᠴᠢᠭ᠌ ᠲᠦ᠍ ᠬᠥᠷᠪᠡᠭᠦᠯᠬᠦ ᠦᠶ᠎ᠡ ᠳᠦ ᠵᠠᠷᠢᠮ ᠢ <‍ᠭᠠ᠊ >ᠪᠠᠷ ᠤᠷᠲᠤᠳᠭᠠᠵᠤ᠂ ᠵᠠᠷᠢᠮ ᠢ ᠭᠡᠳᠡᠰᠦ ᠪᠤᠶᠤ ᠰᠢᠳᠦ ᠪᠡᠷ ᠠᠮᠢᠯᠠᠭᠤᠯᠵᠤ ᠵᠠᠷᠢᠮ ᠢ ᠪᠣᠭᠤᠨᠢ ᠬᠡᠪ ᠢᠶᠡᠷ ᠪᠢᠴᠢᠬᠦ ᠵᠡᠷᠭᠡ ᠣᠯᠠᠨ ᠵᠦᠢᠯ ᠦ᠋ᠨ ᠪᠢᠴᠢᠯᠭᠡ ᠭᠠᠷᠴᠠᠢ᠃ ᠡᠭᠦᠨ ᠢ ᠭᠦᠢᠴᠡᠳ ᠡᠮᠬᠢᠯᠡᠯ ᠦᠭᠡᠢ ᠮᠠᠨ ᠤ ᠦᠶ᠎ᠡ ᠬᠦᠷᠲᠡᠯ᠎ᠡ ᠤᠯᠠᠮᠵᠢᠯᠠᠵᠠᠢ᠃ ᠵᠠᠷᠢᠮ ᠢ ᠳᠦᠷᠰᠦ ᠢᠯᠭᠠᠬᠤ ᠪᠢᠴᠢᠯᠭᠡ ᠪᠣᠯᠭᠠᠨ ᠦᠵᠡᠵᠡᠢ᠃ ᠵᠠᠷᠢᠮ ᠬᠥᠮᠦᠨ ᠦᠨᠡᠬᠡᠷ ᠳᠦᠷᠰᠦ ᠢᠯᠭᠠᠪᠠᠯ ᠰᠠᠢᠨ ᠭᠡᠵᠦ ᠦᠵᠡᠭᠡᠳ ᠠᠰᠢᠭᠯᠠᠵᠠᠢ᠃ ᠵᠠᠷᠢᠮ ᠬᠥᠮᠦᠨ ᠰᠠᠨᠠᠮᠰᠠᠷ ᠦᠭᠡᠢ ᠬᠣᠶᠠᠷ ᠵᠦᠢᠯ ᠢᠶᠡᠷ ᠪᠢᠴᠢᠳᠡᠭ ᠪᠠᠢᠵᠠᠢ᠃ ᠤᠴᠢᠷ ᠨᠢ᠂ ᠬᠠᠭᠤᠴᠢᠨ ᠲᠣᠯᠢᠨ ᠤ ᠣᠯᠠᠩᠬᠢ ᠨᠢ ᠲᠥᠷᠦᠯ ᠬᠤᠪᠢᠶᠠᠭᠰᠠᠨ ᠲᠣᠯᠢ ᠤᠴᠢᠷ ᠠᠳᠠᠯᠢ ᠪᠤᠰᠤ ᠲᠥᠷᠦᠯ ᠦ᠋ᠨ ᠬᠤᠪᠢᠶᠠᠷᠢ ᠳᠣᠲᠤᠷᠠᠬᠢ ᠨᠢᠭᠡ ᠦᠭᠡ ᠶᠢᠨ ᠪᠢᠴᠢᠯᠭᠡ ᠠᠳᠠᠯᠢ ᠪᠠᠢᠭ᠎ᠠ ᠡᠰᠡᠬᠦ ᠶᠢ ᠰᠡᠷᠡᠵᠦ ᠮᠡᠳᠡᠬᠦ ᠳᠦ ᠪᠡᠷᠬᠡ ᠠᠵᠢ᠃ ᠡ᠊ᠨᠳᠡ ᠠᠴᠠ ᠦᠭᠡ ᠶᠢᠨ ᠰᠠᠯᠪᠤᠷᠢ ᠤᠳᠭ᠎ᠠ ᠶᠢ ᠳᠦᠷᠰᠦ ᠪᠡᠷ ᠢᠯᠭᠠᠬᠤ ᠬᠡᠪᠰᠢᠯ ᠡᠭᠦᠰᠴᠡᠢ》 ᠭᠡᠰᠡᠨ ᠪᠠ ᠳ᠋᠊·ᠪᠠᠭᠠᠲᠤᠷ 《ᠡᠭᠦᠨ ᠦ ᠬᠠᠮᠲᠤ ᠰᠡᠭᠦᠯᠴᠢ ᠶᠢᠨ ᠬᠥᠮᠦᠰ ᠲᠡᠭᠦᠨ (ᠱᠠᠭᠵᠠ ᠶᠢᠨ 《ᠮᠣᠩᠭᠤᠯ ᠦᠰᠦᠭ ᠦᠨ ᠳᠦᠷᠢᠮ ᠦᠨ ᠲᠣᠯᠢ  ᠪᠢᠴᠢᠭ》 ᠢ ᠵᠢᠭᠠᠵᠤ ᠪᠤᠢ — ᠡᠰᠢᠯᠡᠭᠴᠢ ᠡᠴᠡ) ᠢ ᠳᠠᠭᠤᠷᠢᠶᠠᠨ ᠲᠣᠯᠢ  ᠪᠢᠴᠢᠭ ᠨᠠᠢᠷᠠᠭᠤᠯᠵᠤ ᠵᠣᠬᠢᠶᠠᠬᠤ ᠶᠠᠪᠤᠴᠠ ᠳᠠᠭᠠᠨ ᠶᠠᠮᠠᠷ  ᠴᠦ ᠲᠠᠢᠯᠪᠤᠷᠢ ᠲᠣᠳᠤᠷᠬᠠᠢᠯᠠᠯᠲᠠ ᠬᠢᠬᠦ ᠦᠭᠡᠢ ᠪᠡᠷ ᠪᠢ ᠨᠢᠭᠡ᠂ ᠴᠢ ᠨᠢᠭᠡ᠂ ᠲᠡᠷᠡ ᠨᠢᠭᠡ ᠭᠡᠭᠰᠡᠭᠡᠷ ᠪᠠᠢᠭᠠᠳ ᠮᠣᠩᠭᠤᠯ ᠬᠡᠯᠡᠨ ᠦ ᠵᠥᠪ ᠪᠢᠴᠢᠯᠭᠡ ᠶᠢ ᠵᠢᠯᠤᠭᠤ ᠵᠣᠳᠤᠭ ᠦᠭᠡᠢ ᠪᠣᠯᠭᠠᠵᠤ᠂ ᠨᠢᠭᠡ ᠦᠭᠡ ᠶᠢ ᠬᠣᠶᠠᠷ ᠶᠠᠩᠵᠤ ᠪᠤᠶᠤ ᠬᠡᠳᠦᠨ ᠶᠠᠩᠵᠤ ᠪᠠᠷ ᠪᠢᠴᠢᠬᠦ ᠦᠵᠡᠭᠳᠡᠯ ᠵᠢᠴᠢ ᠳᠦᠷᠢᠮ ᠦᠭᠡᠢ ᠪᠢᠴᠢᠯᠭᠡ ᠶᠢ ᠡᠳᠦᠢ ᠲᠡᠳᠦᠢ ᠭᠠᠷᠭᠠᠭᠰᠠᠨ ᠪᠠᠢᠨ᠎ᠠ》 ᠭᠡᠰᠡᠨ ᠨᠢ ᠪᠣᠳᠠᠲᠠᠢ ᠲᠠᠢ ᠨᠡᠢᠴᠡᠵᠦ ᠪᠠᠢᠨ᠎ᠠ᠃

 

(ᠭᠤᠷᠪᠠ) ᠳᠦᠷᠢᠮᠵᠢᠭᠦᠯᠦᠭᠰᠡᠨ ᠪᠢᠴᠢᠯᠭᠡ ᠪᠠ 《ᠮᠣᠩᠭᠤᠯ ᠵᠥᠪ ᠪᠢᠴᠢᠯᠭᠡ ᠶᠢᠨ ᠲᠣᠯᠢ》

 

ᠮᠣᠩᠭᠤᠯ  ᠪᠢᠴᠢᠭ ᠦ᠋ᠨ ᠬᠡᠯᠡᠨ ᠦ ᠵᠥᠪ ᠪᠢᠴᠢᠬᠦ ᠵᠦᠢ ᠨᠢ ᠮᠢᠩᠭ᠎ᠠ ᠰᠢᠬᠠᠮ ᠵᠢᠯ ᠦ᠋ᠨ ᠲᠡᠦᠬᠡᠨ ᠬᠥᠭᠵᠢᠯ ᠦᠨ ᠶᠠᠪᠤᠴᠠ ᠶᠢ ᠲᠤᠭᠤᠯᠵᠤ᠂ ᠢᠳᠡᠭ ᠢᠳᠡᠭ ᠢᠶᠡᠷ ᠪᠣᠯᠪᠠᠰᠤᠷᠠᠨ ᠲᠡᠭᠦᠯᠳᠡᠷᠵᠢᠵᠦ᠂ ᠥᠪᠡᠷ ᠦᠨ ᠭᠡᠰᠡᠨ ᠵᠥᠪ ᠪᠢᠴᠢᠬᠦ ᠵᠦᠢ ᠶᠢᠨ ᠲᠣᠭᠲᠠᠯᠴᠠᠭ᠎ᠠ ᠲᠠᠢ ᠪᠣᠯᠵᠤ ᠲᠥᠯᠦᠪᠵᠢᠨ ᠲᠣᠭᠲᠠᠭᠰᠠᠨ ᠭᠡᠳᠡᠭ ᠪᠣᠯᠪᠠᠴᠤ 20 ᠳ᠋ᠤᠭᠠᠷ ᠵᠠᠭᠤᠨ ᠤ ᠲᠠᠪᠢᠭᠠᠳ ᠣᠨ ᠠᠴᠠ ᠡᠮᠦᠨᠡᠬᠢ ᠦᠶ᠎ᠡ ᠶᠢᠨ ᠰᠤᠳᠤᠯᠭᠠᠨ ᠳ᠋ᠤ᠌ ᠴᠥᠭᠡᠨ ᠲᠣᠭᠠᠨ ᠤ᠋ ᠬᠡᠯᠡ  ᠪᠢᠴᠢᠭ ᠦ᠋ᠨ ᠤᠬᠠᠭᠠᠨ ᠤ ᠡᠷᠳᠡᠮᠲᠡᠨ ᠳᠠᠩ ᠦᠭᠡᠰ ᠦᠨ ᠪᠢᠴᠢᠯᠭᠡ ᠶᠢᠨ ᠲᠤᠬᠠᠢ ᠪᠦᠷ  ᠴᠦ ᠮᠡᠷ ᠰᠡᠷ ᠳᠤᠷᠠᠳᠤᠭᠠᠳ ᠥᠩᠭᠡᠷᠡᠭᠰᠡᠨ ᠲᠡᠳᠦᠢ ᠶᠤᠮ᠃ ᠡᠭᠦᠨ ᠦ ᠡᠰᠡᠷᠭᠦ ᠪᠡᠷ 20 ᠳ᠋ᠤᠭᠠᠷ ᠵᠠᠭᠤᠨ ᠤ ᠲᠠᠪᠢᠭᠠᠳ ᠣᠨ᠂ ᠢᠯᠠᠩᠭᠤᠶ᠎ᠠ ᠨᠠᠶᠠᠭᠠᠳ ᠣᠨ ᠤ ᠡᠬᠢᠨ ᠡᠴᠡ ᠣᠷᠤᠨ ᠤ ᠮᠣᠩᠭᠤᠯ ᠬᠡᠯᠡ  ᠪᠢᠴᠢᠭ ᠦ᠋ᠨ ᠵᠥᠪᠯᠡᠯ ᠦ᠋ᠨ ᠨᠢᠭᠡᠳᠦᠯᠲᠡᠢ ᠤᠳᠤᠷᠢᠳᠤᠯᠭ᠎ᠠ ᠶᠢᠨ ᠳᠣᠣᠷ᠎ᠠ ᠪᠥᠬᠡᠵᠢᠷᠭᠠᠯ᠂ ᠰᠢᠨᠡᠳᠭᠡ᠂ ᠼ᠊ · ᠨᠣᠷᠵᠢᠨ᠂ ᠨᠠ᠊ · ᠭᠣᠨᠴᠤᠭᠰᠦ᠋ᠷᠦᠩ ᠵᠡᠷᠭᠡ ᠡᠷᠳᠡᠮᠲᠡᠳ ᠮᠣᠩᠭᠤᠯ ᠦᠰᠦᠭ ᠦᠨ ᠳᠦᠷᠢᠮ ᠦᠨ ᠲᠤᠬᠠᠢ ᠰᠢᠰᠲ᠋ᠧᠮ ᠲᠡᠢ ᠭᠦᠨᠵᠡᠭᠡᠢᠷᠡᠭᠦᠯᠦᠨ ᠰᠤᠳᠤᠯᠬᠤ ᠶ᠋ᠢᠨ ᠬᠠᠮᠲᠤ ᠳᠠᠩ ᠦᠭᠡᠰ ᠦᠨ ᠨᠢᠭᠡᠲᠦᠯ ᠦᠭᠡᠢ ᠪᠢᠴᠢᠯᠭᠡ ᠶᠢᠨ ᠪᠤᠢ ᠪᠣᠯᠤᠭᠰᠠᠨ ᠰᠢᠯᠲᠠᠭᠠᠨ᠂ ᠰᠢᠢᠳᠪᠦᠷᠢᠯᠡᠬᠦ ᠠᠷᠭ᠎ᠠ ᠵᠠᠷᠴᠢᠮ ᠢ ᠰᠤᠳᠤᠯᠤᠨ ᠲᠣᠭᠲᠠᠭᠠᠵᠤ᠂ ᠨᠢᠭᠡ ᠪᠦᠯᠦᠭ ᠨᠢᠭᠡᠲᠦᠯ ᠦᠭᠡᠢ ᠪᠠᠢᠭᠰᠠᠨ ᠳᠠᠩ ᠦᠭᠡᠰ ᠦᠨ ᠪᠢᠴᠢᠯᠭᠡ ᠶᠢ ᠣᠨᠤᠯ ᠪᠠ ᠦᠢᠯᠡᠳᠦᠯᠭᠡ ᠶᠢᠨ ᠬᠤᠪᠢ ᠳᠤ ᠨᠢᠭᠡ ᠲᠡᠢᠰᠢ ᠰᠢᠢᠳᠪᠦᠷᠢᠯᠡᠵᠦ᠂ ᠮᠣᠩᠭᠤᠯ ᠬᠡᠯᠡ  ᠪᠢᠴᠢᠭ ᠦ᠋ᠨ ᠬᠥᠭᠵᠢᠯ ᠳᠦᠷᠢᠮᠵᠢᠯ ᠦ᠋ᠨ ᠠᠵᠢᠯ ᠢ ᠰᠢᠨ᠎ᠡ ᠨᠢᠭᠡ ᠱᠠᠲᠤᠨ᠎ᠠ ᠠᠬᠢᠭᠤᠯᠵᠠᠢ᠃

1. ᠪᠢᠴᠢᠯᠭᠡ ᠶᠢ ᠳᠦᠷᠢᠮᠵᠢᠭᠦᠯᠦᠭᠰᠡᠨ ᠪᠠ 《ᠮᠣᠩᠭᠤᠯ ᠵᠥᠪ ᠪᠢᠴᠢᠯᠭᠡ ᠶᠢᠨ ᠲᠣᠯᠢ》 ᠶᠢᠨ ᠬᠡᠪᠯᠡᠭᠳᠡᠭᠰᠡᠨ ᠶᠠᠪᠤᠴᠠ᠄ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ᠂ ᠣᠨᠴᠠᠭᠠᠢᠯᠠᠨ ᠤᠯᠤᠰ ᠪᠠᠢᠭᠤᠯᠤᠭᠳᠠᠭᠰᠠᠨ ᠠᠴᠠ ᠰᠡᠭᠦᠯᠡᠷ ᠡᠯ᠎ᠡ ᠱᠠᠲᠤᠨ ᠤ ᠨᠠᠮ ᠵᠠᠰᠠᠭ ᠤᠨ ᠪᠠᠢᠭᠤᠯᠭ᠎ᠠ ᠮᠣᠩᠭᠤᠯ ᠬᠡᠯᠡ ᠦᠰᠦᠭ  ᠪᠢᠴᠢᠭ ᠦ᠋ᠨ ᠠᠵᠢᠯ ᠢ ᠤᠯᠠᠮ ᠨᠢᠭᠡ ᠠᠯᠬᠤᠮ ᠬᠦᠨᠳᠦᠳᠭᠡᠨ ᠦᠵᠡᠵᠦ᠂ 《ᠥᠪᠦᠷ ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠤᠨ ᠤ ᠵᠠᠰᠠᠭ ᠶᠠᠪᠤᠭᠤᠯᠬᠤ ᠬᠥᠲᠦᠯᠪᠦᠷᠢ》 (1947 ᠣᠨ)᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ ᠦᠨᠳᠦᠰᠦᠲᠡᠨ ᠦ᠌ ᠣᠷᠤᠨ ᠤ ᠥᠪᠡᠷᠲᠡᠭᠡᠨ ᠵᠠᠰᠠᠬᠤ ᠶᠢ ᠬᠡᠷᠡᠭᠵᠢᠭᠦᠯᠬᠦ ᠬᠥᠲᠦᠯᠪᠦᠷᠢ ᠶᠢᠨ ᠲᠣᠪᠴᠢ》 (1952 ᠣᠨ)᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ ᠦᠨᠳᠦᠰᠦᠨ ᠬᠠᠤᠯᠢ》(1954 ᠣᠨ ᠳᠤ ᠠᠩᠬ᠎ᠠ ᠤᠳᠠᠭ᠎ᠠ ᠪᠠᠲᠤᠯᠠᠭᠰᠠᠨ)᠂ 《ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠳᠤ ᠮᠣᠩᠭᠤᠯ ᠬᠡᠯᠡ  ᠪᠢᠴᠢᠭ ᠢ᠋ ᠬᠡᠷᠡᠭᠯᠡᠬᠦ ᠪᠠ ᠰᠤᠷᠤᠯᠴᠠᠬᠤ ᠶᠢ ᠬᠥᠬᠢᠭᠦᠯᠬᠦ ᠲᠤᠬᠠᠢ ᠲᠦᠷ ᠶᠠᠪᠤᠭᠤᠯᠬᠤ ᠠᠷᠭ᠎ᠠ ᠰᠢᠢᠳᠪᠦᠷᠢ》 (1956 ᠣᠨ)ᠵᠡᠷᠭᠡ ᠦᠨᠳᠦᠰᠦᠲᠡᠨ ᠦ᠌ ᠲᠥᠷᠦ ᠶ᠋ᠢᠨ ᠪᠣᠳᠤᠯᠭ᠎ᠠ ᠪᠠ ᠦᠨᠳᠦᠰᠦᠲᠡᠨ ᠦ᠌ ᠬᠡᠯᠡ ᠦᠰᠦᠭ  ᠪᠢᠴᠢᠭ ᠦ᠋ᠨ ᠲᠥᠷᠦ ᠶ᠋ᠢᠨ ᠪᠣᠳᠤᠯᠭ᠎ᠠ᠂ ᠬᠠᠤᠯᠢ ᠳᠦᠷᠢᠮ ᠢ ᠤᠳᠠᠭ᠎ᠠ ᠳᠠᠷᠠᠭ᠎ᠠ ᠪᠠᠷ ᠨᠡᠢᠲᠡᠯᠡᠵᠦ᠂ ᠮᠠᠨ ᠤ ᠣᠷᠤᠨ ᠤ ᠮᠣᠩᠭᠤᠯ ᠬᠡᠯᠡ  ᠪᠢᠴᠢᠭ ᠦ᠋ᠨ ᠬᠥᠭᠵᠢᠯ᠂ ᠳᠦᠷᠢᠮᠵᠢᠯ᠂ ᠪᠠᠷᠢᠮᠵᠢᠶᠠᠵᠢᠯ᠂ ᠮᠡᠳᠡᠭᠡ ᠵᠠᠩᠭᠢᠴᠢᠯᠠᠯᠲᠠ ᠶᠢᠨ ᠠᠵᠢᠯ ᠢ ᠡᠷᠴᠢᠮᠲᠡᠢ ᠠᠳᠭᠤᠭᠰᠠᠭᠠᠷ ᠢᠷᠡᠵᠡᠢ᠃ ᠢᠩᠭᠢᠭᠡᠳ 1953 ᠣᠨ ᠤ 5 ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠦᠪ ᠬᠣᠷᠢᠶᠠᠨ ᠤ᠋ ᠥᠪᠦᠷ ᠮᠣᠩᠭᠤᠯ ᠰᠦᠢ ᠶᠤᠸᠠᠨ ᠤ ᠬᠤᠪᠢᠶᠠᠷᠢ ᠲᠣᠪᠴᠢᠶ᠎ᠠ 《ᠥᠪᠦᠷ ᠮᠣᠩᠭᠤᠯ ᠰᠦᠢ ᠶᠤᠸᠠᠨ ᠤ ᠮᠣᠩᠭᠤᠯ ᠬᠡᠯᠡ  ᠪᠢᠴᠢᠭ ᠦ᠋ᠨ ᠠᠵᠢᠯ ᠤᠨ ᠬᠤᠷᠠᠯ》 (ᠥᠪᠦᠷ ᠮᠣᠩᠭᠤᠯ ᠤᠨ ᠮᠣᠩᠭᠤᠯ ᠬᠡᠯᠡ ᠪᠢᠴᠢᠭ ᠦ᠋ᠨ ᠠᠵᠢᠯ ᠤᠨ ᠠᠩᠬᠠᠳᠤᠭᠠᠷ ᠬᠤᠷᠠᠯ ᠭᠡᠳᠡᠭ) ᠢ ᠬᠤᠷᠠᠯᠳᠤᠭᠤᠯᠵᠤ᠂ ᠰᠢᠨ᠎ᠡ ᠦᠭᠡ ᠨᠡᠷ᠎ᠡ ᠲᠣᠮᠢᠶ᠎ᠠ ᠶᠢ ᠨᠢᠭᠡᠳᠭᠡᠬᠦ᠂ ᠰᠠᠭᠤᠷᠢ ᠠᠶᠠᠯᠭᠤ ᠪᠠᠷᠢᠮᠵᠢᠶ᠎ᠠ ᠠᠪᠢᠶ᠎ᠠ ᠶᠢ ᠲᠣᠭᠲᠠᠭᠠᠬᠤ᠂ ᠬᠠᠷᠢ ᠭᠠᠷᠤᠯᠲᠠᠢ ᠦᠭᠡ ᠶᠢ ᠵᠣᠬᠢᠰᠲᠠᠢ ᠬᠡᠷᠡᠭᠯᠡᠬᠦ᠂ ᠬᠣᠯᠢᠮᠠᠭ ᠬᠡᠯᠡᠯᠭᠡ ᠶᠢ ᠲᠡᠪᠴᠢᠬᠦ ᠵᠡᠷᠭᠡ ᠠᠰᠠᠭᠤᠳᠠᠯ ᠤᠳ ᠢ ᠠᠪᠴᠤ ᠶᠠᠷᠢᠯᠴᠠᠭᠰᠠᠨ ᠠ᠋ᠴᠠ ᠮᠣᠩᠭᠤᠯ ᠬᠡᠯᠡᠨ ᠦ ᠬᠥᠭᠵᠢᠯ ᠳᠦᠷᠢᠮᠵᠢᠯ ᠦ᠋ᠨ ᠠᠰᠠᠭᠤᠳᠠᠯ ᠨᠢ ᠮᠠᠨ ᠤ ᠣᠷᠤᠨ ᠤ ᠦᠨᠳᠦᠰᠦᠲᠡᠨ ᠦ᠌ ᠠᠵᠢᠯ ᠤᠨ ᠴᠢᠬᠤᠯᠠ ᠨᠢᠭᠡᠨ ᠵᠦᠢᠯ ᠪᠣᠯᠵᠤ ᠬᠦᠨᠳᠦᠳᠭᠡᠭᠳᠡᠭᠰᠡᠨ ᠪᠢᠯᠡ᠃ ᠶᠠᠭ ᠡᠨᠡ ᠬᠦ ᠪᠠᠢᠳᠠᠯ ᠤᠨ ᠳᠣᠣᠷ᠎ᠠ ᠮᠣᠩᠭᠤᠯ  ᠪᠢᠴᠢᠭ ᠦ᠋ᠨ ᠵᠥᠪ ᠪᠢᠴᠢᠯᠭᠡ ᠶᠢᠨ ᠳᠦᠷᠢᠮᠵᠢᠯ ᠦ᠋ᠨ ᠠᠰᠠᠭᠤᠳᠠᠯ ᠢ ᠨᠠᠮ ᠵᠠᠰᠠᠭ ᠬᠦᠨᠳᠦᠳᠭᠡᠨ ᠦᠵᠡᠵᠦ᠂ 《ᠮᠣᠩᠭᠤᠯ ᠬᠡᠯᠡ  ᠪᠢᠴᠢᠭ ᠦ᠋ᠨ ᠲᠣᠪᠴᠢᠯᠠᠵᠤ ᠪᠢᠴᠢᠬᠦ ᠪᠠ ᠬᠤᠷᠢᠶᠠᠵᠤ ᠪᠢᠴᠢᠬᠦ ᠠᠷᠭ᠎ᠠ ᠶᠢᠨ ᠲᠤᠬᠠᠢ ᠲᠣᠭᠲᠠᠭᠠᠯ》 (ᠥᠪᠦᠷ ᠬᠡᠯᠡ ᠦᠰᠦᠭ [1991] 3 ᠳ᠋ᠤᠭᠠᠷ ᠲᠣᠭᠠᠲᠤ)᠂ 《ᠮᠣᠩᠭᠤᠯ ᠦᠰᠦᠭ ᠦᠨ ᠴᠠᠭᠠᠨ ᠲᠣᠯᠤᠭᠠᠢ ᠶ᠋ᠢᠨ ᠲᠡᠰ ᠳᠠᠷᠠᠭᠠᠯᠠᠯ ᠢ ᠳᠦᠷᠢᠮᠵᠢᠭᠦᠯᠬᠦ ᠲᠤᠬᠠᠢ ᠮᠡᠳᠡᠭᠳᠡᠯ》(ᠥᠪᠦᠷ ᠬᠡᠯᠡ ᠦᠰᠦᠭ [1996] 7 ᠳ᠋ᠤᠭᠠᠷ ᠲᠣᠭᠠᠲᠤ)ᠵᠡᠷᠭᠡ ᠳᠦᠷᠢᠮ ᠲᠣᠭᠲᠠᠭᠠᠯ ᠢ ᠨᠡᠢᠲᠡᠯᠡᠭᠰᠡᠨ ᠢᠶᠡᠷ ᠪᠠᠷᠠᠬᠤ ᠦᠭᠡᠢ 《ᠮᠣᠩᠭᠤᠯ ᠬᠡᠯᠡᠨ ᠦ ᠦᠭᠡᠰ ᠦᠨ ᠪᠢᠴᠢᠯᠭᠡ ᠶᠢ ᠳᠦᠷᠢᠮᠵᠢᠭᠦᠯᠬᠦ ᠲᠤᠬᠠᠢ ᠶᠠᠷᠢᠯᠴᠠᠬᠤ ᠬᠤᠷᠠᠯ》(1985 ᠣᠨ) ᠢ ᠬᠤᠷᠠᠯᠳᠤᠭᠤᠯᠤᠨ ᠨᠢᠭᠡ ᠪᠦᠯᠦᠭ ᠳᠠᠩ ᠦᠭᠡᠰ ᠦᠨ ᠨᠢᠭᠡᠲᠦᠯ ᠦᠭᠡᠢ ᠪᠢᠴᠢᠯᠭᠡ ᠶᠢ ᠨᠢᠭᠡᠳᠭᠡᠨ ᠳᠦᠷᠢᠮᠵᠢᠭᠦᠯᠵᠦ᠂ 1997 ᠣᠨ ᠳᠤ ᠥᠪᠡᠷᠲᠡᠭᠡᠨ ᠵᠠᠰᠠᠬᠤ ᠣᠷᠤᠨ ᠤ ᠮᠣᠩᠭᠤᠯ  ᠪᠢᠴᠢᠭ ᠦ᠋ᠨ ᠵᠥᠪ ᠪᠢᠴᠢᠯᠭᠡ ᠶᠢᠨ ᠺᠣᠮᠢᠰ ᠢ ᠪᠠᠢᠭᠤᠯᠵᠤ᠂ 1999 ᠣᠨ ᠳᠤ 《ᠮᠣᠩᠭᠤᠯ ᠵᠥᠪ ᠪᠢᠴᠢᠯᠭᠡ ᠶᠢᠨ ᠲᠣᠯᠢ》 ᠶᠢ ᠨᠠᠢᠷᠠᠭᠤᠯᠤᠨ ᠬᠡᠪᠯᠡᠭᠦᠯᠵᠡᠢ᠃ ᠳᠠᠩ ᠦᠭᠡᠰ ᠦᠨ ᠨᠢᠭᠡᠲᠦᠯ ᠦᠭᠡᠢ ᠪᠢᠴᠢᠯᠭᠡ ᠶᠢᠨ ᠲᠤᠬᠠᠢ᠂ ᠪᠣᠳᠠᠲᠠᠢ ᠪᠠᠷ ᠶᠠᠷᠢᠪᠠᠯ 1985 ᠣᠨ ᠤ 10 ᠰᠠᠷ᠎ᠠ ᠶᠢᠨ 21 — 27 ᠳᠤ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ ᠪᠣᠯᠤᠨ ᠥᠪᠦᠷ ᠮᠣᠩᠭᠤᠯ ᠤᠨ ᠨᠡᠢᠭᠡᠮ ᠦ᠋ᠨ ᠰᠢᠨᠵᠢᠯᠡᠬᠦ ᠤᠬᠠᠭᠠᠨ ᠤ ᠬᠦᠷᠢᠶᠡᠯᠡᠩ ᠦ᠋ᠨ ᠮᠣᠩᠭᠤᠯ ᠬᠡᠯᠡ  ᠪᠢᠴᠢᠭ ᠰᠤᠳᠤᠯᠬᠤ ᠭᠠᠵᠠᠷ ᠬᠠᠮᠲᠤᠷᠠᠵᠤ᠂ ᠬᠥᠬᠡᠬᠣᠲᠠ ᠳᠤ 《ᠮᠣᠩᠭᠤᠯ ᠬᠡᠯᠡᠨ ᠦ ᠦᠭᠡᠰ ᠦᠨ ᠪᠢᠴᠢᠯᠭᠡ ᠶᠢ ᠳᠦᠷᠢᠮᠵᠢᠭᠦᠯᠬᠦ ᠲᠤᠬᠠᠢ ᠶᠠᠷᠢᠯᠴᠠᠬᠤ ᠬᠤᠷᠠᠯ》 ᠢ ᠬᠤᠷᠠᠯᠳᠤᠭᠤᠯᠵᠤ᠂ ᠨᠢᠭᠡ ᠬᠡᠰᠡᠭ ᠦᠭᠡ ᠶᠢᠨ ᠪᠢᠴᠢᠯᠭᠡ ᠶᠢ ᠨᠢᠭᠡᠳᠭᠡᠬᠦ ᠪᠡᠷ ᠶᠠᠷᠢᠯᠴᠠᠨ ᠲᠣᠭᠲᠠᠭᠰᠠᠨ ᠶᠤᠮ᠃ ᠡᠭᠦᠨ ᠦ ᠰᠠᠭᠤᠷᠢᠨ ᠳᠡᠭᠡᠷ᠎ᠡ ᠥᠪᠡᠷᠲᠡᠭᠡᠨ ᠵᠠᠰᠠᠬᠤ ᠣᠷᠤᠨ ᠤ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ 1986 ᠣᠨ ᠳᠤ 《<ᠮᠣᠩᠭᠤᠯ ᠬᠡᠯᠡᠨ ᠦ ᠦᠭᠡᠰ ᠦᠨ ᠪᠢᠴᠢᠯᠭᠡ ᠶᠢ ᠳᠦᠷᠢᠮᠵᠢᠭᠦᠯᠬᠦ ᠲᠤᠬᠠᠢ ᠶᠠᠷᠢᠯᠴᠠᠬᠤ ᠬᠤᠷᠠᠯ ᠤᠨ ᠪᠠᠢᠳᠠᠯ ᠤᠨ ᠮᠡᠳᠡᠭᠦᠯᠦᠯᠲᠡ > ᠶᠢ ᠳᠠᠮᠵᠢᠭᠤᠯᠬᠤ ᠮᠡᠳᠡᠭᠳᠡᠯ》(4 ᠳ᠋ᠤᠭᠡᠷ ᠲᠣᠭᠠᠲᠤ  ᠪᠢᠴᠢᠭ ᠮᠠᠲ᠋ᠧᠷᠢᠶᠠᠯ) ᠢ ᠪᠠᠭᠤᠯᠭᠠᠵᠤ᠂ ᠶᠠᠷᠢᠯᠴᠠᠬᠤ ᠬᠤᠷᠠᠯ ᠳᠡᠭᠡᠷ᠎ᠡ ᠨᠢᠭᠡᠳᠭᠡᠨ ᠳᠦᠷᠢᠮᠵᠢᠭᠦᠯᠬᠦ ᠪᠡᠷ ᠲᠣᠭᠲᠠᠭᠰᠠᠨ 315 ᠦᠭᠡ  ᠶᠢᠨ ᠪᠢᠴᠢᠯᠭᠡ ᠶᠢ ᠪᠠᠲᠤᠯᠠᠨ ᠬᠡᠷᠡᠭᠵᠢᠭᠦᠯᠦᠭᠰᠡᠨ ᠪᠠ ᠥᠪᠡᠷᠲᠡᠭᠡᠨ ᠵᠠᠰᠠᠬᠤ ᠣᠷᠤᠨ ᠤ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ ᠪᠣᠯᠤᠨ ᠰᠣᠨᠢᠨ ᠮᠡᠳᠡᠭᠡ ᠬᠡᠪᠯᠡᠯ ᠦᠨ ᠲᠣᠪᠴᠢᠶ᠎ᠠ 1995 ᠣᠨ ᠳᠤ 《ᠮᠣᠩᠭᠤᠯ ᠵᠥᠪ ᠪᠢᠴᠢᠯᠭᠡ ᠶᠢᠨ ᠲᠣᠯᠢ》 ᠨᠠᠢᠷᠠᠭᠤᠯᠬᠤ ᠺᠣᠮᠢᠰ ᠢ ᠵᠣᠬᠢᠶᠠᠨ ᠪᠠᠢᠭᠤᠯᠵᠤ᠂ ᠡᠯ᠎ᠡ ᠪᠠᠢᠭᠤᠯᠭ᠎ᠠ ᠨᠢᠭᠡᠴᠢ ᠶᠢᠨ 50 ᠭᠠᠷᠤᠢ ᠡᠷᠳᠡᠮᠲᠡᠳ ᠦ᠋ᠨ ᠣᠷᠤᠯᠴᠠᠭ᠎ᠠ ᠲᠠᠢ ᠪᠠᠷ ᠲᠤᠰ ᠲᠣᠯᠢ ᠶᠢ ᠨᠠᠢᠷᠠᠭᠤᠯᠵᠤ ᠡᠬᠢᠯᠡᠭᠰᠡᠨ ᠪᠥᠭᠡᠳ ᠲᠤᠰ ᠲᠣᠯᠢ ᠳᠤ ᠪᠢᠴᠢᠯᠭᠡ ᠨᠢ ᠨᠢᠭᠡᠲᠦᠯ ᠦᠭᠡᠢ ᠪᠤᠶᠤ ᠳᠦᠷᠢᠮᠵᠢᠯ ᠦᠭᠡᠢ 2300 ᠣᠷᠴᠢᠮ ᠦᠭᠡᠰ ᠦᠨ ᠪᠢᠴᠢᠯᠭᠡ ᠶᠢ ᠳᠦᠷᠢᠮᠵᠢᠭᠦᠯᠦᠨ 1999 ᠣᠨ ᠤ 12 ᠰᠠᠷ᠎ᠠ ᠳᠤ ᠲᠤᠰ ᠲᠣᠯᠢ ᠶᠢ ᠵᠢᠩᠬᠢᠨᠢ ᠪᠡᠷ ᠬᠡᠪᠯᠡᠭᠦᠯᠵᠦ ᠤᠩᠰᠢᠭᠴᠢ ᠣᠯᠠᠨ ᠲᠠᠢ ᠵᠣᠯᠭᠠᠭᠤᠯᠤᠭᠰᠠᠨ ᠶᠤᠮ᠃ ᠡᠭᠦᠨ ᠢᠶᠡᠷ ᠪᠠᠷᠠᠬᠤ ᠦᠭᠡᠢ ᠲᠤᠰ ᠲᠣᠯᠢ ᠨᠠᠢᠷᠠᠭᠤᠯᠬᠤ ᠺᠣᠮᠢᠰ ᠤᠨ ᠬᠢᠨ 1999 ᠣᠨ ᠤ 12 ᠰᠠᠷ᠎ᠠ ᠳᠤ 《ᠮᠣᠩᠭᠤᠯ ᠵᠥᠪ ᠪᠢᠴᠢᠯᠭᠡ ᠶᠢᠨ ᠲᠣᠯᠢ》 ᠶᠢ ᠠᠩᠬ᠎ᠠ ᠬᠡᠪᠯᠡᠭᠦᠯᠦᠭᠰᠡᠨ ᠡᠴᠡ ᠨᠠᠭᠠᠰᠢ ᠳᠠᠬᠢᠨᠲᠠ ᠨᠡᠢᠭᠡᠮ ᠦ᠋ᠨ ᠡᠯ᠎ᠡ ᠡᠲᠡᠭᠡᠳ ᠦ᠋ᠨ ᠰᠠᠨᠠᠯ ᠢ ᠰᠣᠨᠤᠰᠤᠨ ᠬᠢᠨᠠᠮᠠᠭᠠᠢ ᠰᠤᠳᠤᠯᠤᠯᠲᠠ ᠬᠢᠭᠰᠡᠨ ᠦ᠌ ᠰᠠᠭᠤᠷᠢᠨ ᠳᠡᠭᠡᠷ᠎ᠡ 2012 ᠣᠨ ᠤ 12 ᠰᠠᠷ᠎ᠠ ᠳᠤ ᠲᠤᠰ ᠲᠣᠯᠢ ᠶᠢᠨ ᠨᠡᠮᠡᠨ ᠵᠠᠰᠠᠭᠰᠠᠨ ᠳᠡᠪᠲᠡᠷ ᠢ ᠬᠡᠪᠯᠡᠭᠦᠯᠦᠭᠰᠡᠨ ᠪᠠᠢᠨ᠎ᠠ᠃

2. ᠳᠠᠩ ᠦᠭᠡᠰ ᠦᠨ ᠪᠢᠴᠢᠯᠭᠡ ᠶᠢ ᠳᠦᠷᠢᠮᠵᠢᠭᠦᠯᠦᠭᠰᠡᠨ ᠠᠷᠭ᠎ᠠ ᠵᠠᠷᠴᠢᠮ

(1) ᠵᠠᠷᠴᠢᠮ᠄ ᠳᠠᠩ ᠦᠭᠡᠰ ᠦᠨ ᠨᠢᠭᠡᠲᠦᠯ ᠦᠭᠡᠢ ᠪᠢᠴᠢᠯᠭᠡ ᠪᠣᠯ ᠤᠤᠯ ᠠᠴᠠ ᠪᠠᠨ ᠪᠤᠶᠤ ᠣᠯᠠᠩᠬᠢ ᠳᠠᠭᠠᠨ ᠲᠣᠭᠲᠠᠮᠠᠯ ᠬᠡᠯᠪᠡᠷᠢ ᠪᠡᠷ  ᠪᠢᠴᠢᠭᠡᠳ ᠢᠷᠡᠭᠰᠡᠨ ᠦᠭᠡ ᠶᠢᠨ ᠢᠵᠠᠭᠤᠷ᠂ ᠦᠨᠳᠦᠰᠦ᠂ ᠳᠠᠭᠠᠪᠤᠷᠢ᠂ ᠥᠭᠡᠷ᠎ᠡ ᠪᠡᠷ ᠬᠡᠯᠡᠪᠡᠯ ᠦᠭᠡ ᠶᠢᠨ ᠪᠦᠲᠦᠴᠡ ᠶᠢ ᠡᠪᠳᠡᠵᠦ  ᠪᠢᠴᠢᠭᠰᠡᠨ ᠵᠦᠢᠯ ᠪᠣᠯᠤᠨ᠎ᠠ᠃ 《ᠲᠡᠷᠡ ᠨᠢ ᠬᠡᠳᠦᠢᠪᠡᠷ ᠦᠭᠡ ᠪᠣᠯᠤᠨ ᠪᠦᠲᠦᠭᠡᠪᠦᠷᠢ ᠶᠢᠨ ᠪᠢᠴᠢᠯᠭᠡ ᠶᠢ ᠵᠠᠷᠢᠮ ᠦᠶ᠎ᠡ ᠳᠦ ᠳᠠᠭᠤᠳᠠᠯᠭ᠎ᠠ ᠲᠠᠢ ᠨᠢ ᠤᠯᠠᠮ ᠣᠢᠷ᠎ᠠ ᠪᠣᠯᠭᠠᠭᠰᠠᠨ ᠢᠳᠡᠪᠬᠢᠲᠡᠢ ᠲᠠᠯ᠎ᠠ ᠲᠠᠢ ᠪᠣᠯᠪᠠᠴᠤ ᠲᠣᠭᠲᠠᠮᠠᠯ ᠬᠡᠯᠪᠡᠷᠢ ᠶᠢ ᠣᠷᠤᠯᠠᠵᠤ ᠴᠢᠳᠠᠬᠤ ᠦᠭᠡᠢ ᠶᠢᠨ ᠳᠡᠭᠡᠷ᠎ᠡ ᠦᠭᠡ ᠪᠣᠯᠤᠨ ᠪᠦᠲᠦᠭᠡᠪᠦᠷᠢ ᠶᠢᠨ ᠪᠦᠲᠦᠴᠡ ᠶᠢ ᠡᠪᠳᠡᠵᠦ ᠨᠢᠭᠡ ᠦᠭᠡ ᠪᠤᠶᠤ ᠪᠦᠲᠦᠭᠡᠪᠦᠷᠢ ᠳᠦ ᠣᠯᠠᠨ ᠬᠡᠯᠪᠡᠷᠢ ᠡᠭᠦᠰᠭᠡᠨ ᠰᠤᠷᠴᠤ ᠬᠡᠷᠡᠭᠯᠡᠬᠦ ᠳᠦ ᠪᠤᠳᠤᠯᠢᠶᠠᠨ ᠡᠭᠦᠰᠭᠡᠭᠰᠡᠨ ᠣᠯᠠᠨ ᠠᠷᠪᠢᠨ ᠨᠠᠵᠠᠭᠠᠢ ᠲᠠᠯ᠎ᠠ ᠲᠠᠢ ᠶᠤᠮ᠃ ᠬᠠᠷᠢᠨ ᠦᠭᠡ ᠪᠣᠯᠤᠨ ᠪᠦᠲᠦᠭᠡᠪᠦᠷᠢ ᠶᠢᠨ ᠤᠤᠯ ᠤᠨ ᠲᠣᠭᠲᠠᠮᠠᠯ ᠪᠢᠴᠢᠯᠭᠡ ᠨᠢ ᠦᠭᠡ ᠪᠣᠯᠤᠨ ᠪᠦᠲᠦᠭᠡᠪᠦᠷᠢ ᠶᠢᠨ ᠪᠦᠲᠦᠴᠡ ᠶᠢ ᠬᠠᠮᠠᠭᠠᠯᠠᠵᠤ ᠴᠢᠳᠠᠬᠤ᠂ ᠪᠦᠲᠦᠭᠡᠪᠦᠷᠢ ᠶᠢ ᠲᠣᠭᠲᠠᠪᠤᠷᠢᠲᠠᠢ ᠨᠢᠭᠡᠳᠦᠯᠲᠡᠢ ᠪᠠᠢᠯᠭᠠᠵᠤ ᠴᠢᠳᠠᠬᠤ᠂ ᠨᠡᠢᠲᠡ ᠣᠯᠠᠨ ᠳᠤ ᠨᠢᠭᠡ ᠯᠡ ᠵᠢᠷᠤᠮ ᠢᠶᠠᠷ ᠦᠢᠯᠡᠴᠢᠯᠡᠵᠦ ᠴᠢᠳᠠᠬᠤ ᠵᠡᠷᠭᠡ ᠮᠠᠰᠢ ᠠᠷᠪᠢᠨ ᠳᠠᠪᠠᠭᠤᠯᠢᠭ ᠲᠠᠯ᠎ᠠ ᠲᠠᠢ》 ᠪᠠᠢᠳᠠᠭ᠃ ᠡᠢᠮᠦ ᠡᠴᠡ ᠮᠣᠩᠭᠤᠯ  ᠪᠢᠴᠢᠭ ᠦ᠋ᠨ ᠬᠡᠯᠡᠨ ᠦ ᠪᠣᠳᠠᠲᠤ ᠪᠠᠢᠳᠠᠯ ᠪᠣᠯᠤᠨ ᠬᠡᠷᠡᠭᠯᠡᠭᠴᠢᠳ ᠦ᠋ᠨ ᠬᠡᠷᠡᠭᠴᠡᠭᠡ ᠳᠦ ᠦᠨᠳᠦᠰᠦᠯᠡᠵᠦ᠂ 《ᠮᠣᠩᠭᠤᠯ ᠵᠥᠪ ᠪᠢᠴᠢᠯᠭᠡ ᠶᠢᠨ ᠲᠣᠯᠢ》 ᠳᠤ ᠳᠣᠣᠷᠠᠬᠢ ᠮᠡᠲᠦ ᠶᠢᠨ ᠵᠦᠢ ᠵᠣᠬᠢᠰᠲᠠᠢ ᠵᠠᠷᠴᠢᠮ ᠢ ᠪᠠᠷᠢᠮᠲᠠᠯᠠᠵᠠᠢ᠃

a. ᠦᠭᠡ ᠵᠦᠢ ᠶᠢᠨ ᠵᠠᠷᠴᠢᠮ᠂ ᠥᠭᠡᠷ᠎ᠡ ᠪᠡᠷ ᠬᠡᠯᠡᠪᠡᠯ ᠪᠦᠲᠦᠭᠡᠪᠦᠷᠢ — ᠢᠵᠠᠭᠤᠷ᠂ ᠳᠠᠭᠠᠪᠤᠷᠢ ᠶᠢᠨ ᠪᠦᠲᠦᠴᠡ ᠶᠢ ᠨᠢᠭᠡᠳᠦᠯᠲᠡᠢ ᠲᠣᠭᠲᠠᠪᠤᠷᠢᠲᠠᠢ ᠪᠠᠢᠯᠭᠠᠬᠤ ᠵᠠᠷᠴᠢᠮ ᠢ ᠭᠣᠣᠯ ᠵᠠᠷᠴᠢᠮ ᠪᠣᠯᠭᠠᠨ ᠤᠤᠯ ᠤᠨ ᠲᠣᠭᠲᠠᠮᠠᠯ ᠬᠡᠯᠪᠡᠷᠢ ᠪᠡᠷ ᠨᠢᠭᠡ ᠦᠭᠡ ᠶᠢᠨ ᠣᠯᠠᠨ ᠪᠢᠴᠢᠯᠭᠡ ᠶᠢ ᠨᠢᠭᠡᠳᠭᠡᠭᠰᠡᠨ ᠪᠠᠢᠨ᠎ᠠ᠃ ᠡᠭᠦᠨ ᠳᠦ ᠢᠵᠢᠯ — ᠢᠵᠢᠯᠢ᠂ ᠬᠤᠩᠬ᠎ᠠ — ᠬᠤᠩᠬᠤ᠂ ᠬᠣᠣᠷ — ᠬᠣᠣᠷ᠎ᠠ᠂ ᠢᠭᠴᠢ — ᠢᠠᠠᠴᠢ— ᠢᠭᠴᠤ ᠭᠡᠬᠦ ᠮᠡᠲᠦ ᠶᠢᠨ ᠤᠤᠯ ᠠᠴᠠ ᠪᠠᠨ ᠪᠠᠢᠭᠰᠠᠨ ᠪᠢᠴᠢᠯᠭᠡ ᠶᠢᠨ ᠵᠥᠷᠢᠶ᠎ᠡ ᠶ᠋ᠢ ᠠᠰᠢᠭᠯᠠᠵᠤ ᠨᠢᠭᠡ ᠦᠭᠡ ᠶᠢᠨ ᠰᠠᠯᠪᠤᠷᠢ ᠤᠳᠭ᠎ᠠ ᠶᠢ ᠢᠯᠭᠠᠵᠤ ᠲᠡᠮᠳᠡᠭᠯᠡᠭᠰᠡᠨ ᠪᠢᠴᠢᠯᠭᠡ; ᠨᠢᠭᠤᠴᠠ — ᠨᠤᠭᠤᠴᠠ᠂ ᠰᠠᠭᠤᠷᠢ — ᠰᠠᠤᠷᠢ᠂ ᠮᠦᠷᠦ — ᠮᠦᠷᠢ᠂ ᠬᠤᠰᠢᠭᠤ — ᠬᠤᠱᠤᠤ᠂  ᠬᠦᠷᠡᠩ — ᠬᠦᠷᠢᠨ᠂ ᠬᠦᠪᠡᠭᠡ — ᠬᠦᠪᠦᠭᠡ᠂ ᠵᠠᠯᠭᠠᠭ᠎ᠠ — ᠵᠠᠯᠭ᠎ᠠ᠂ ᠬᠠᠳᠬᠤᠭᠤᠷ — ᠬᠠᠳᠬᠤᠤᠷ ᠭᠡᠬᠦ ᠮᠡᠲᠦ ᠪᠡᠷ ᠦᠭᠡ ᠶᠢᠨ ᠪᠦᠲᠦᠴᠡ ᠶᠢ ᠡᠪᠳᠡᠵᠦ ᠪᠠᠢᠭᠠᠳ ᠰᠠᠯᠪᠤᠷᠢ ᠤᠳᠭ᠎ᠠ ᠶᠢ ᠢᠯᠡᠳᠭᠡᠭᠰᠡᠨ ᠪᠢᠴᠢᠯᠭᠡ; ᠣᠪᠤᠭ᠎ᠠ — ᠣᠪᠣᠣ — ᠣᠪᠤ᠂ ᠬᠠᠭᠤᠳᠠᠰᠤ — ᠬᠤᠤᠳᠠᠰᠤ᠂ ᠨᠠᠢᠯᠵᠠᠭᠤᠷ — ᠨᠠᠢᠯᠵᠤᠤᠷ᠂  ᠰᠣᠯᠢᠭᠤ —ᠰᠣᠯᠢᠤ᠂ ᠲᠤᠱᠠᠭ᠎ᠠ — ᠲᠤᠱᠠ᠂ ᠳᠠᠯᠪᠠᠭ᠎ᠠ — ᠳᠠᠯᠪᠠ᠂ ᠤᠭᠢᠶᠠ — ᠤᠭ᠎ᠠ ᠭᠡᠬᠦ ᠮᠡᠲᠦ ᠪᠡᠷ ᠤᠷᠲᠤ ᠡᠭᠡᠰᠢᠭ ᠢ ᠲᠡᠮᠳᠡᠭᠯᠡᠬᠦ ᠣᠯᠠᠨ ᠠᠷᠭ᠎ᠠ ᠶᠢ ᠬᠡᠷᠡᠭᠯᠡᠵᠦ ᠰᠠᠯᠪᠤᠷᠢ ᠤᠳᠭ᠎ᠠ ᠶᠢ ᠢᠯᠡᠳᠭᠡᠭᠰᠡᠨ ᠪᠢᠴᠢᠯᠭᠡ; ᠰᠢᠭᠦᠷᠡᠬᠦ — ᠰᠢᠭᠦᠷᠬᠦ᠂ ᠲᠣᠩᠭᠤᠷᠠᠬᠤ —  ᠲᠣᠩᠭᠤᠷᠬᠤ᠂ ᠴᠣᠪᠤᠷᠠᠬᠤ — ᠴᠣᠪᠤᠷᠢᠬᠤ᠂ ᠤᠰᠤᠯᠠᠬᠤ — ᠤᠰᠤᠯᠬᠤ᠂  ᠴᠣᠬᠢᠯᠠᠬᠤ— ᠴᠣᠬᠢᠯᠬᠤ᠂ ᠤᠯᠠᠪᠤᠷ — ᠤᠯᠠᠪᠢᠷ — ᠤᠯᠠᠪᠠᠷ᠂ ᠴᠣᠭᠤᠷᠬᠠᠢ —ᠴᠣᠭᠤᠷᠤᠬᠠᠢ ᠭᠡᠬᠦ ᠮᠡᠲᠦ ᠪᠡᠷ ᠳᠠᠭᠠᠪᠤᠷᠢ ᠶᠢ ᠰᠡᠯᠭᠦᠨ ᠬᠡᠷᠡᠭᠯᠡᠬᠦ ᠠᠷᠭ᠎ᠠ ᠪᠠᠷ ᠰᠠᠯᠪᠤᠷᠢ ᠤᠳᠭ᠎ᠠ ᠶᠢ ᠢᠯᠭᠠᠭᠰᠠᠨ ᠪᠢᠴᠢᠯᠭᠡ ᠨᠦᠭᠦᠳ ᠢ ᠨᠢᠭᠡᠳᠭᠡᠭᠰᠡᠨ ᠢ ᠳᠤᠷᠠᠳᠴᠤ ᠪᠣᠯᠤᠨ᠎ᠠ᠃

b. ᠬᠡᠯᠡᠨ ᠦ ᠬᠥᠭᠵᠢᠯ ᠦᠨ ᠬᠠᠨᠳᠤᠰᠢ ᠶᠢ ᠬᠠᠷᠠᠭᠠᠯᠵᠠᠨ ᠦᠭᠡ ᠶᠢᠨ ᠪᠦᠲᠦᠴᠡ ᠶᠢ ᠡᠪᠳᠡᠬᠦ ᠦᠭᠡᠢ ᠪᠠᠢᠬᠤ ᠤᠷᠢᠲᠠᠯ ᠤ᠋ᠨ ᠳᠣᠣᠷ᠎ᠠ ᠠᠪᠢᠶ᠎ᠠ ᠵᠦᠢ ᠶᠢᠨ ᠵᠠᠷᠴᠢᠮ ᠳᠤ ᠵᠣᠬᠢᠬᠤ ᠵᠠᠢ ᠥᠭᠴᠦ᠂ ᠶᠠᠷᠢᠶᠠᠴᠢᠯᠠᠭᠰᠠᠨ ᠪᠢᠴᠢᠯᠭᠡ ᠶᠢ ᠨᠢᠭᠡ ᠬᠡᠮᠵᠢᠶ᠎ᠡ ᠪᠡᠷ ᠦᠯᠡᠳᠡᠭᠡᠪᠡ᠃ ᠡᠭᠦᠨ ᠳᠦ ᠢᠭᠤᠬᠤ → ᠶᠣᠭᠤᠬᠤ᠂ ᠨᠢᠯᠪᠤᠬᠤ → ᠨᠣᠯᠮᠤᠬᠤ᠂ ᠬᠠᠤᠭᠢᠬᠤ → ᠬᠤᠤᠭᠢᠬᠤ᠂ ᠵᠠᠤᠵᠠᠢ → ᠵᠤᠤᠵᠠᠢ ᠭᠡᠬᠦ ᠮᠡᠲᠦ ᠪᠡᠷ ᠴᠥᠭᠡᠨ ᠲᠣᠭᠠᠨ ᠤ ᠦᠭᠡ ᠶᠢᠨ ᠢᠵᠠᠭᠤᠷ ᠤᠨ ᠪᠢᠴᠢᠯᠭᠡ ᠶᠢ ᠳᠠᠭᠤᠳᠠᠯᠭ᠎ᠠ ᠲᠠᠢ ᠨᠢ ᠣᠢᠷᠠᠲᠤᠭᠤᠯᠤᠭᠰᠠᠨ; ᠨᠠᠯᠠᠭᠤ → ᠨᠠᠯᠠᠤ᠂ ᠡᠢᠮᠦᠷᠬᠡᠦ → ᠡᠢᠮᠦᠷᠬᠦᠦ᠂ ᠥᠮᠦᠭᠡᠨᠡᠬᠦ → ᠦᠮᠦᠭᠦᠨᠡᠬᠦ᠂ ᠦᠮᠦᠭᠡᠷ → ᠥᠮᠦᠭᠦᠷ᠂ ᠱᠣᠷᠪᠢᠭᠠᠷ → ᠱᠣᠷᠪᠤᠭᠤᠷ᠂ ᠱᠣᠩᠨᠠᠭᠠᠷ → ᠱᠣᠩᠨᠤᠭᠤᠷ᠂ ᠰᠠᠳᠤᠮᠰᠠᠭ → ᠰᠠᠳᠤᠮᠰᠤᠭ᠂ ᠳᠣᠮᠯᠠᠬᠤ → ᠳᠣᠮᠨᠤᠬᠤ ᠭᠡᠬᠦ ᠮᠡᠲᠦ ᠪᠡᠷ ᠴᠥᠭᠡᠨ ᠲᠣᠭᠠᠨ ᠤ ᠳᠠᠭᠠᠪᠤᠷᠢ ᠶᠢᠨ ᠪᠢᠴᠢᠯᠭᠡ ᠶᠢ ᠳᠠᠭᠤᠳᠠᠯᠭ᠎ᠠ ᠲᠠᠢ ᠣᠢᠷᠠᠲᠤᠭᠤᠯᠤᠭᠰᠠᠨ; ᠯᠢᠩᠪᠤ → ᠯᠢᠮᠪᠦ᠂ ᠪᠠᠩᠪᠠᠷ → ᠪᠠᠮᠪᠠᠷ᠂ ᠬᠠᠩᠪᠤ → ᠬᠠᠮᠪᠤ᠂ ᠰᠣᠶᠤᠩᠪᠤ → ᠰᠣᠶᠤᠮᠪᠤ᠂ ᠲᠦᠩᠫᠦᠩ → ᠲᠦᠮᠫᠠᠨ᠂ ᠶᠠᠩᠪᠠ → ᠶᠠᠮᠪᠠ ᠭᠡᠬᠦ ᠮᠡᠲᠦ ᠪᠡᠷ ᠵᠠᠷᠢᠮ ᠬᠠᠷᠢ ᠭᠠᠷᠤᠯᠲᠠᠢ ᠦᠭᠡ ᠶᠢᠨ ᠲᠤᠬᠠᠢ ᠶᠢᠨ ᠬᠡᠯᠡᠨ ᠳᠡᠬᠢ ᠪᠢᠴᠢᠯᠭᠡ ᠳᠠᠭᠤᠳᠠᠯᠭ᠎ᠠ ᠶᠢ ᠨᠢ ᠬᠠᠮᠢᠶᠠᠷᠤᠯ ᠦᠭᠡᠢ ᠪᠡᠷ ᠮᠣᠩᠭᠤᠯ ᠬᠡᠯᠡᠨ ᠦ ᠶᠠᠷᠢᠶᠠᠨ ᠤ ᠳᠠᠭᠤᠳᠠᠯᠭ᠎ᠠ ᠶᠢ ᠨᠢ ᠳᠠᠭᠠᠭᠤᠯᠵᠤ  ᠪᠢᠴᠢᠭᠰᠡᠨ ᠵᠡᠷᠭᠡ ᠶᠢ ᠳᠤᠷᠠᠳᠴᠤ ᠪᠣᠯᠤᠨ᠎ᠠ᠃

c. ᠤᠤᠯ ᠤᠨ ᠳᠦᠷᠰᠦ ᠢᠯᠭᠠᠬᠤ ᠵᠠᠷᠴᠢᠮ ᠳᠤ ᠵᠠᠬᠢᠷᠤᠭᠳᠠᠵᠤ ᠪᠠᠢᠭᠰᠠᠨ ᠪᠢᠴᠢᠯᠭᠡ ᠳᠣᠲᠤᠷ᠎ᠠ ᠠᠴᠠ ᠵᠦᠢ ᠵᠣᠬᠢᠰᠲᠠᠢ ᠶᠢ ᠨᠢ ᠦᠯᠡᠳᠡᠭᠡᠭᠰᠡᠨ᠃ ᠡᠭᠦᠨ ᠳᠦ ᠬᠠᠷ᠎ᠠ — ᠬᠠᠷᠠ᠂ ᠪᠠᠷ᠎ᠠ — ᠪᠠᠷᠠᠭ᠎ᠠ᠂ ᠵᠢᠱ᠌ᠢᠶ᠎ᠡ — ᠵᠢᠰᠢᠶ᠎ᠠ᠂ ᠪᠡᠯᠭᠡ — ᠪᠡᠯᠡᠭ᠂ ᠠᠷᠭᠠᠯ — ᠠᠷᠭᠠᠯᠢ᠂ ᠬᠡᠭᠡᠯ — ᠬᠡᠭᠡᠯᠢ᠂ ᠬᠡᠭᠡᠷ — ᠬᠡᠭᠡᠷ᠎ᠡ᠂ ᠴᠢᠬᠤᠯ — ᠴᠢᠬᠤᠯᠠ᠂ ᠦᠷᠦᠮ — ᠦᠷᠦᠮ᠎ᠡ᠂ ᠬᠠᠢᠷ — ᠬᠠᠢᠷ᠎ᠠ᠂ ᠬᠠᠤᠷᠠᠢ — ᠬᠠᠭᠤᠷᠠᠢ᠂ ᠳᠠᠬᠢᠨ — ᠳ᠋ᠠᠬᠢᠨ᠂ ᠳᠣᠯᠤᠭ᠎ᠠ — ᠳᠣᠯᠢᠶᠠ᠂ ᠭᠬᠢᠷ — ᠬᠢᠷᠢ ᠭᠡᠬᠦ ᠮᠡᠲᠦ ᠶᠢᠨ ᠤᠤᠯ ᠠᠴᠠ ᠪᠠᠨ ᠬᠣᠶᠠᠷ ᠥᠭᠡᠷ᠎ᠡ ᠦᠭᠡ ᠪᠠᠢᠠᠠᠰᠠᠨ; ᠬᠤᠰ — ᠬᠤᠣᠰ᠂ ᠰᠠᠷ᠎ᠠ — ᠰᠠᠷᠠ᠂ ᠡᠪᠦᠷ — ᠥᠪᠦᠷ᠂ ᠳᠣᠲᠤᠨ᠎ᠠ — ᠳᠣᠲᠤᠨᠤ᠂ ᠲᠣᠲᠤᠷ — ᠲᠣᠳᠤᠷ᠎ᠠ᠂ ᠤᠷᠢᠳ — ᠤᠷᠢᠳᠤ᠂ ᠮᠦᠴᠢ — ᠮᠦᠴᠡ᠂ ᠨᠢᠯᠪᠤᠰᠤ — ᠨᠣᠯᠮᠤᠰᠤ᠂ ᠬᠣᠷᠢᠶ᠎ᠠ — ᠬᠤᠷᠢᠭ᠎ᠠ᠂ ᠪᠤᠲᠠᠯᠠᠬᠤ — ᠪᠤᠲᠠᠯᠬᠤ᠂ ᠲᠣᠷᠭᠠᠬᠤ — ᠲᠣᠷᠭᠤᠬᠤ᠂ ᠲᠠᠭᠤᠯᠠᠬᠤ — ᠲᠤᠭᠤᠯᠬᠤ ᠭᠡᠬᠦ ᠮᠡᠲᠦ ᠶᠢᠨ ᠤᠤᠯ ᠳᠠᠭᠠᠨ ᠨᠢᠭᠡ ᠪᠣᠯᠪᠠᠴᠤ ᠣᠳᠣ ᠬᠣᠶᠠᠷ ᠥᠭᠡᠷ᠎ᠡ ᠦᠭᠡ ᠪᠣᠯᠵᠤ ᠬᠤᠪᠢᠷᠠᠭᠰᠠᠨ ᠦᠭᠡ ᠨᠦᠭᠦᠳ ᠢ ᠳᠤᠷᠠᠳᠴᠤ ᠪᠣᠯᠤᠨ᠎ᠠ᠃

d. ᠤᠤᠯ ᠤᠨ ᠲᠡᠦᠬᠡ ᠶᠢᠨ ᠤᠯᠠᠮᠵᠢᠯᠠᠯᠲᠤ ᠵᠠᠷᠴᠢᠮ ᠳᠤ ᠵᠠᠬᠢᠷᠤᠭᠳᠠᠵᠤ ᠪᠠᠢᠭᠰᠠᠨ ᠪᠢᠴᠢᠯᠭᠡ ᠳᠣᠲᠤᠷ᠎ᠠ ᠠᠴᠠ ᠭᠠᠭᠴᠠ 《ᠠᠭᠱᠠᠨ᠂ ᠭᠱᠡᠨ》 ᠬᠤᠶᠠᠷ ᠠᠴᠠ ᠶᠠᠷᠢᠶᠠᠨ ᠤ ᠳᠠᠭᠤᠳᠠᠯᠭ᠎ᠠ ᠪᠣᠯᠤᠨ ᠡᠭᠡᠰᠢᠭ ᠵᠣᠬᠢᠴᠠᠬᠤ ᠶᠣᠰᠤᠨ ᠳᠤ ᠨᠡᠢᠴᠡᠭᠦᠯᠵᠦ 《ᠠᠭᠱᠠᠨ》 ᠭᠡᠵᠦ ᠳᠦᠷᠢᠮᠵᠢᠭᠦᠯᠦᠭᠰᠡᠨ ᠢ ᠭᠠᠷᠭᠠᠪᠠᠯ ᠪᠤᠰᠤᠳ ᠪᠢᠴᠢᠯᠭᠡ ᠶᠢ ᠬᠥᠳᠡᠯᠭᠡᠭᠰᠡᠨ ᠦᠭᠡᠢ ᠲᠡᠷᠡ ᠬᠡᠪ ᠢᠶᠡᠷ ᠨᠢ ᠦᠯᠡᠳᠡᠭᠡᠭᠰᠡᠨ᠃ ᠡᠭᠦᠨ ᠳᠦ ᠲᠡᠭᠷᠢ᠂ ᠠᠷᠰᠯᠠᠨ᠂ ᠭᠬᠢᠷ᠂ ᠭᠬᠢᠪ᠂ ᠸᠴᠢᠷ᠂ ᠣᠭ᠌ᠶᠤ᠂ ᠥᠭᠶᠦᠭᠡ᠂ ᠢᠷᠸ᠎ᠠ ᠭᠡᠬᠦ ᠮᠡᠲᠦ ᠶᠢᠨ ᠦᠭᠡ ᠶᠢ ᠳᠤᠷᠠᠳᠴᠤ ᠪᠣᠯᠤᠨ᠎ᠠ᠃

ᠮᠣᠩᠭᠤᠯ ᠬᠡᠯᠡ ᠪᠣᠯ ᠵᠠᠯᠭᠠᠮᠠᠯ ᠬᠡᠯᠡ ᠮᠥᠨ᠃ ᠮᠣᠩᠭᠤᠯ ᠬᠡᠯᠡᠨ ᠦ ᠦᠭᠡ ᠨᠢ ᠢᠵᠠᠭᠤᠷ ᠦᠭᠡ᠂ ᠡᠰᠡᠭᠦᠯ᠎ᠡ ᠢᠵᠠᠭᠤᠷ᠂ ᠳᠠᠭᠠᠪᠤᠷᠢ ᠶᠢᠨ ᠤᠶᠠᠯᠳᠤᠯ ᠠᠴᠠ ᠪᠦᠲᠦᠳᠡᠭ ᠪᠣᠯᠬᠣᠷ ᠳᠠᠩ ᠦᠭᠡ ᠶᠢᠨ ᠪᠢᠴᠢᠯᠭᠡ ᠨᠢ ᠢᠵᠠᠭᠤᠷ᠂ ᠳᠠᠭᠠᠪᠤᠷᠢ ᠶᠢᠨ ᠪᠢᠴᠢᠯᠭᠡ ᠲᠡᠢ ᠰᠢᠭᠤᠳ ᠬᠣᠯᠪᠤᠭᠳᠠᠨ᠎ᠠ᠃ ᠡᠢᠮᠦ ᠡᠴᠡ ᠮᠣᠩᠭᠤᠯ ᠬᠡᠯᠡᠨ ᠦ ᠵᠥᠪ ᠪᠢᠴᠢᠬᠦ ᠶᠣᠰᠤᠨ ᠳ᠋ᠤ᠌ ᠢᠵᠠᠭᠤᠷ᠂ ᠳᠠᠭᠠᠪᠤᠷᠢ ᠶᠢ ᠬᠡᠷᠬᠢᠨ ᠵᠥᠪ ᠪᠢᠴᠢᠬᠦ ᠪᠤᠯᠤᠨ ᠢᠵᠠᠭᠤᠷ ᠳᠠᠭᠠᠪᠤᠷᠢ ᠶᠢ ᠬᠣᠭᠤᠷᠤᠨᠳᠤ  ᠨᠢ ᠬᠡᠷᠬᠢᠨ ᠬᠣᠯᠪᠤᠵᠤ ᠪᠢᠴᠢᠬᠦ ᠭᠡᠰᠡᠨ ᠬᠣᠶᠠᠷ ᠠᠭᠤᠯᠭ᠎ᠠ ᠪᠠᠭᠲᠠᠵᠤ ᠪᠠᠢᠳᠠᠭ᠃ ᠢᠩᠭᠢᠬᠦᠯᠡᠷ ᠢᠵᠠᠭᠤᠷ᠂ ᠳᠠᠭᠠᠪᠤᠷᠢ ᠶᠢᠨ ᠪᠢᠴᠢᠯᠭᠡ ᠶᠢ ᠲᠣᠭᠲᠠᠪᠤᠷᠢᠲᠠᠢ ᠪᠠᠢᠯᠭᠠᠬᠤ ᠪᠣᠯ ᠳᠠᠩ ᠦᠭᠡ ᠶᠢ ᠵᠥᠪ ᠪᠢᠴᠢᠬᠦ ᠶᠢᠨ ᠵᠠᠩᠭᠢᠯᠠᠭ᠎ᠠ ᠶᠤᠮ᠃ ᠡᠨᠡ ᠲᠤᠬᠠᠢ ᠫᠷᠣᠹᠧᠰᠰᠣᠷ ᠰᠢᠨᠡᠳᠭᠡ 《ᠣᠳᠣ ᠶᠢᠨ ᠵᠥᠪ ᠪᠢᠴᠢᠯᠭᠡᠨ ᠳ᠋ᠦ᠍ ᠦᠭᠡ ᠶᠢᠨ ᠢᠵᠠᠭᠤᠷ᠂ ᠳᠠᠭᠠᠪᠤᠷᠢ ᠶᠢᠨ ᠵᠢᠩᠬᠢᠨᠢ ᠪᠢᠴᠢᠯᠭᠡ ᠶᠢ ᠡᠪᠳᠡᠵᠦ ᠰᠠᠮᠠᠭᠤᠷᠠᠭᠤᠯᠤᠭᠰᠠᠨ ᠦᠵᠡᠭᠳᠡᠯ ᠦ᠋ᠳ ᠬᠠᠮᠤᠭ ᠤᠨ ᠪᠣᠭᠤᠮᠲᠠ ᠴᠢᠬᠤᠯᠠ ᠠᠰᠠᠭᠤᠳᠠᠯ ᠪᠣᠯᠬᠤ ᠪᠠ ᠲᠡᠭᠦᠨ ᠢ ᠦᠭᠡ ᠶᠢᠨ ᠪᠦᠬᠦᠯᠢ ᠪᠦᠲᠦᠨ ᠬᠡᠯᠪᠡᠷᠢ ᠪᠦᠲᠦᠴᠡ ᠶᠢ ᠢᠮᠠᠭᠲᠠ ᠲᠤᠭᠤᠰᠢᠲᠠᠢ ᠪᠠᠲᠤᠳᠭᠠᠨ ᠬᠠᠮᠠᠭᠠᠯᠠᠬᠤ ᠦᠨᠳᠦᠰᠦᠨ ᠭᠣᠣᠯ ᠵᠠᠷᠴᠢᠮ ᠢᠶᠠᠷ ᠰᠠᠶᠢ ᠠᠮᠵᠢᠯᠲᠠᠲᠠᠢ ᠰᠠᠢᠵᠢᠷᠠᠭᠤᠯᠵᠤ ᠴᠢᠳᠠᠬᠤ ᠶᠢ ᠲᠡᠦᠬᠡᠨ ᠲᠤᠷᠰᠢᠯᠭ᠎ᠠ ᠰᠤᠷᠭᠠᠮᠵᠢ ᠪᠠ ᠮᠠᠨ ᠤ ᠨᠥᠬᠥᠳ ᠦ᠋ᠨ ᠪᠣᠳᠠᠲᠤ ᠣᠷᠤᠯᠳᠤᠯᠭ᠎ᠠ ᠨᠤᠭᠤᠳ ᠪᠢᠳᠡᠨ ᠳ᠋ᠦ᠍ ᠬᠡᠳᠦᠢᠨ ᠭᠡᠷᠡᠴᠢᠯᠡᠵᠦ ᠥᠭᠴᠡᠢ᠃ ᠡᠨᠡ ᠪᠣᠯ ᠮᠠᠨ ᠤ ᠰᠢᠢᠳᠪᠦᠷᠢᠯᠡᠬᠦ ᠭᠡᠵᠦ ᠪᠠᠢᠭ᠎ᠠ ᠪᠣᠭᠤᠮᠲᠠ ᠠᠰᠠᠭᠤᠳᠠᠯ ᠪᠠ ᠴᠢᠬᠤᠯᠠᠴᠢᠯᠠᠨ ᠪᠠᠷᠢᠮᠲᠠᠯᠠᠳᠠᠭ ᠭᠣᠣᠯ ᠵᠠᠷᠴᠢᠮ ᠮᠥᠨ》 ᠭᠡᠵᠡᠢ᠃

2. ᠠᠷᠭ᠎ᠠ᠄ 《ᠮᠣᠩᠭᠤᠯ ᠵᠥᠪ ᠪᠢᠴᠢᠯᠭᠡ ᠶᠢᠨ ᠳᠦᠷᠢᠮ ᠢ ᠥᠷᠭᠡᠨ ᠤᠳᠭ᠎ᠠ ᠪᠠᠷ  ᠨᠢ ᠶᠠᠷᠢᠪᠠᠯ᠂ ᠪᠦᠲᠦᠭᠡᠪᠦᠷᠢ ᠨᠦᠭᠦᠳ ᠢ ᠶᠠᠭᠠᠬᠢᠵᠤ ᠪᠢᠴᠢᠬᠦ ᠪᠣᠯᠤᠨ ᠪᠦᠲᠦᠭᠡᠪᠦᠷᠢ ᠨᠦᠭᠦᠳ ᠢ ᠶᠠᠭᠠᠬᠢᠵᠤ ᠬᠣᠯᠪᠤᠬᠤ ᠭᠡᠰᠡᠨ ᠬᠣᠶᠠᠷᠬᠠᠨ ᠲᠣᠮᠤ ᠠᠭᠤᠯᠭ᠎ᠠ ᠬᠠᠮᠤᠷᠤᠭᠳᠠᠨ᠎ᠠ᠃ ᠁ <ᠮᠣᠩᠭᠤᠯ ᠵᠥᠪ ᠪᠢᠴᠢᠯᠭᠡ ᠶᠢᠨ ᠲᠣᠯᠢ > ᠳᠤ ᠨᠢᠭᠡ ᠦᠭᠡ ᠶᠢᠨ ᠣᠯᠠᠨ ᠪᠢᠴᠢᠯᠭᠡ ᠶᠢ ᠳᠦᠷᠢᠮᠵᠢᠭᠦᠯᠬᠦ ᠳᠡᠭᠡᠨ ᠮᠥᠨ ᠪᠦᠲᠦᠭᠡᠪᠦᠷᠢ ᠶᠢ ᠶᠠᠭᠠᠬᠢᠵᠤ ᠪᠢᠴᠢᠬᠦ ᠪᠣᠯᠤᠨ ᠪᠦᠲᠦᠭᠡᠪᠦᠷᠢ ᠶᠢ ᠶᠠᠭᠠᠬᠢᠵᠤ ᠵᠠᠯᠭᠠᠬᠤ ᠬᠣᠶᠠᠷ ᠶᠡᠬᠡ ᠴᠠᠷᠠᠭ᠎ᠠ ᠬᠦᠷᠢᠶᠡᠨ ᠳ᠋ᠦ᠍ ᠠᠪᠠᠴᠢᠵᠤ ᠪᠠᠷᠢᠮᠵᠢᠶᠠᠲᠤ ᠪᠢᠴᠢᠯᠭᠡ ᠶᠢ ᠰᠣᠩᠭᠤᠨ ᠭᠠᠷᠭᠠᠭᠰᠠᠨ》 ᠶᠤᠮ᠃

(1) ᠪᠦᠲᠦᠭᠡᠪᠦᠷᠢ ᠶᠢᠨ ᠪᠢᠴᠢᠯᠭᠡ ᠶᠢ ᠨᠢᠭᠡᠳᠭᠡᠭᠰᠡᠨ ᠠᠷᠭ᠎ᠠ ᠨᠤᠭᠤᠳ

a. ᠨᠢᠭᠡ ᠦᠭᠡᠨ ᠳ᠋ᠦ᠍ ᠬᠡᠷᠪᠡ ᠲᠣᠭᠲᠠᠮᠠᠯ ᠪᠣᠯᠤᠨ ᠶᠠᠷᠢᠶᠠᠴᠢᠯᠠᠭᠰᠠᠨ ᠬᠣᠶᠠᠷ ᠵᠦᠢᠯ ᠦ᠋ᠨ ᠪᠢᠴᠢᠯᠭᠡ ᠪᠠᠢᠪᠠᠯ ᠦᠭᠡ ᠶᠢᠨ ᠪᠦᠲᠦᠴᠡ ᠶᠢ ᠬᠠᠮᠠᠭᠠᠯᠠᠵᠤ᠂ ᠪᠦᠲᠦᠭᠡᠪᠦᠷᠢ — ᠢᠵᠠᠭᠤᠷ᠂ ᠳᠠᠭᠠᠪᠤᠷᠢ ᠶᠢᠨ ᠪᠢᠴᠢᠯᠭᠡ ᠶᠢ ᠲᠣᠭᠲᠠᠪᠤᠷᠢᠲᠠᠢ ᠨᠢᠭᠡᠳᠦᠯᠲᠡᠢ ᠪᠠᠢᠯᠭᠠᠬᠤ ᠵᠠᠷᠴᠢᠮ ᠤᠨ ᠳᠠᠭᠠᠤ ᠶᠠᠷᠢᠶᠠᠴᠢᠯᠠᠭᠰᠠᠨ ᠪᠢᠴᠢᠯᠭᠡ ᠶᠢ ᠲᠣᠭᠲᠠᠮᠠᠯ ᠪᠢᠴᠢᠯᠭᠡ ᠤᠷᠤᠭᠤ ᠨᠢ ᠨᠢᠭᠡᠳᠭᠡᠪᠡ᠃ ᠡᠨᠡ ᠪᠣᠯ ᠳᠠᠩ ᠦᠭᠡᠰ ᠦᠨ ᠪᠢᠴᠢᠯᠭᠡ ᠶᠢ ᠳᠦᠷᠢᠮᠵᠢᠭᠦᠯᠦᠭᠰᠡᠨ ᠭᠣᠣᠯ ᠠᠷᠭ᠎ᠠ ᠪᠠᠷᠢᠯ ᠶᠤᠮ᠃ ᠵᠢᠱ᠌ᠢᠶᠡᠯᠡᠪᠡᠯ᠄

ᠢᠵᠠᠭᠤᠷ ᠤᠨ ᠪᠢᠴᠢᠯᠭᠡ᠄ ᠳᠣᠯᠤᠪᠤᠷ ~ ᠳᠣᠯᠢᠶᠠᠪᠤᠷ → ᠳᠣᠯᠢᠶᠠᠪᠤᠷ᠂ ᠬᠤᠱᠤᠤ ~ ᠬᠤᠰᠢᠭᠤ → ᠬᠤᠰᠢᠭᠤ᠂ ᠰᠢᠪᠠᠤ ~ ᠰᠢᠪᠠᠭᠤ → ᠰᠢᠪᠠᠭᠤ᠂ ᠣᠢᠯᠠᠬᠤ ~ ᠤᠬᠢᠯᠠᠬᠤ → ᠤᠬᠢᠯᠠᠬᠤ᠂ ᠮᠤᠤᠬᠠᠢ ~ ᠮᠠᠭᠤᠬᠠᠢ → ᠮᠠᠭᠤᠬᠠᠢ᠂ ᠨᠤᠭᠤᠴᠠ ~ ᠨᠢᠭᠤᠴᠠ → ᠨᠢᠭᠤᠴᠠ᠂ ᠣᠷᠤᠭᠠᠬᠤ ~ ᠣᠷᠢᠶᠠᠬᠤ → ᠣᠷᠢᠶᠠᠬᠤ᠂ ᠮᠠᠨᠤᠤᠯ ~ ᠮᠠᠨᠠᠭᠤᠯ → ᠮᠠᠨᠠᠭᠤᠯ᠂ ᠲᠤᠤᠱ~ ᠲᠤᠭᠤᠰᠢ → ᠲᠤᠭᠤᠰᠢ ᠭᠡᠵᠦ ᠲᠤᠰ ᠲᠤᠰ ᠨᠢᠭᠡᠳᠭᠡᠭᠰᠡᠨ ᠮᠡᠲᠦ᠃

ᠳᠠᠭᠠᠪᠤᠷᠢ ᠶᠢᠨ ᠪᠢᠴᠢᠯᠭᠡ᠄ ᠊ᠭᠤᠷ ᠊ᠭᠦᠷ ~ ᠊ᠤᠷ ~ ᠊ᠷ → ᠊ᠭᠤᠷ ᠊ᠭᠦᠷ (ᠢᠳᠡᠭᠦᠷ᠂ ᠢᠯᠢᠭᠦᠷ᠂ ᠵᠦᠯᠭᠦᠭᠦᠷ᠂ ᠬᠠᠳᠬᠤᠭᠤᠷ᠂ ᠤᠳᠬᠤᠭᠤᠷ)᠂ ᠊ᠭᠤᠯ ᠊ᠭᠦᠯ ~ ᠊ᠦᠯ → ᠊ᠭᠤᠯ ᠊ᠭᠦᠯ (ᠡᠭᠡᠷᠡᠭᠦᠯ᠂ ᠮᠠᠨᠠᠭᠤᠯ᠂ ᠡᠷᠭᠢᠭᠦᠯ)᠂ ᠊ᠭᠤ ᠊ᠭᠦᠦ ~ ᠊ᠤ → ᠊ᠭᠤ ᠊ᠭᠦᠦ (ᠣᠯᠢᠭᠤ᠂ ᠰᠠᠷᠢᠭᠤ᠂ ᠳᠡᠯᠳᠡᠭᠦᠦ)᠂ ᠊ᠭᠤᠢ ~ ᠊ᠭᠠᠢ → ᠊ᠭᠠᠢ (ᠣᠨᠴᠠᠭᠠᠢ᠂ ᠬᠤᠳᠠᠭᠠᠢ)᠂ ᠊ᠯᠵᠤᠷ ~ ᠊ᠯᠵᠤᠤᠷ ~ ᠊ᠯᠵᠠᠤᠷ ~ ᠊ᠯᠵᠠᠭᠤᠷ ᠊ᠯᠵᠡᠭᠦᠷ → ᠊ᠯᠵᠠᠭᠤᠷ ᠊ᠯᠵᠡᠭᠦᠷ (ᠠᠩᠭᠠᠯᠵᠠᠭᠤᠷ᠂ ᠨᠠᠢᠯᠵᠠᠭᠤᠷ᠂ ᠪᠠᠭᠠᠯᠵᠠᠭᠤᠷ)᠂ ᠊ᠱᠣ ~ ᠊ᠰᠢ → ᠊ᠰᠢ (ᠨᠣᠷᠰᠢᠬᠤ᠂ ᠱᠣᠭᠰᠢᠬᠤ)᠂ ᠊ᠳᠤᠬᠢ ~  ᠳᠠᠬᠢ →  ᠳᠠᠬᠢ (ᠠᠩᠬᠠᠳᠠᠬᠢ)᠂ ᠊ᠳᠤᠬᠴᠢ ~ ᠊ᠳᠠᠭᠴᠢ → ᠊ᠳᠠᠭᠴᠢ (ᠠᠩᠬᠠᠳᠠᠭᠴᠢ)ᠭᠡᠵᠦ ᠲᠤᠰ ᠲᠤᠰ ᠨᠢᠭᠡᠳᠭᠡᠭᠰᠡᠨ ᠮᠡᠲᠦ᠃

b. ᠪᠦᠲᠦᠭᠡᠪᠦᠷᠢ — ᠢᠵᠠᠭᠤᠷ᠂ ᠳᠠᠭᠠᠪᠤᠷᠢ ᠶᠢᠨ ᠪᠢᠴᠢᠯᠭᠡ ᠳᠡᠬᠢ ᠴᠢᠯᠦᠭᠡᠲᠦ ᠬᠤᠪᠢᠯᠪᠤᠷᠢ᠂ ᠥᠭᠡᠷ᠎ᠡ ᠪᠡᠷ ᠬᠡᠯᠡᠪᠡᠯ᠂ ᠤᠳᠭ᠎ᠠ  ᠨᠢ ᠶᠠᠭ ᠲᠡᠩᠴᠡᠭᠦᠦ᠂ ᠢᠯᠡᠷᠡᠬᠦ ᠣᠷᠴᠢᠨ ᠲᠣᠭᠤᠷᠢᠨ ᠨᠢ ᠪᠠᠰᠠ ᠠᠳᠠᠯᠢᠬᠠᠨ ᠪᠠᠢᠳᠠᠭ ᠨᠢᠭᠡ ᠪᠦᠲᠦᠭᠡᠪᠦᠷᠢ ᠶᠢᠨ ᠠᠳᠠᠯᠢ ᠪᠤᠰᠤ ᠬᠡᠳᠦᠨ ᠪᠢᠴᠢᠯᠭᠡ ᠡᠴᠡ ᠠᠯᠢ ᠨᠡᠢᠲᠡᠯᠢᠭ᠂ ᠠᠯᠢ ᠲᠥᠯᠦᠭᠡᠯᠡᠬᠦ ᠰᠢᠨᠵᠢ ᠲᠡᠢ ᠨᠢᠭᠡ ᠶᠢ ᠨᠢ ᠦᠯᠡᠳᠡᠭᠡᠭᠡᠳ ᠪᠤᠰᠤᠳ ᠢ ᠨᠢ ᠲᠡᠷᠡ ᠤᠷᠤᠭᠤ ᠨᠢᠭᠡᠳᠭᠡᠪᠡ᠃ ᠵᠢᠱ᠌ᠢᠶᠡᠯᠡᠪᠡᠯ᠄

ᠢᠵᠠᠭᠤᠷ ᠦᠭᠡ ᠶᠢᠨ ᠪᠢᠴᠢᠯᠭᠡ᠄ ᠪᠣᠭᠴᠠ ~ ᠪᠣᠭᠴᠤ → ᠪᠣᠭᠴᠤ᠂ ᠨᠢᠭᠡᠴᠡ ~ ᠨᠢᠭᠡᠴᠢ → ᠨᠢᠭᠡᠴᠢ᠂ ᠰᠡᠮᠵᠢ ~ ᠰᠡᠮᠵᠡ → ᠰᠡᠮᠵᠡ᠂ ᠴᠢᠪᠡᠷ ~ ᠴᠡᠪᠡᠷ → ᠴᠡᠪᠡᠷ᠂ ᠬᠠᠨᠴᠤ ~ ᠬᠠᠨᠴᠤᠢ → ᠬᠠᠨᠴᠤᠢ᠂ ᠮᠠᠯᠠᠭ᠎ᠠ ~ ᠮᠠᠯᠠᠭᠠᠢ → ᠮᠠᠯᠠᠭᠠᠢ ᠭᠡᠵᠦ ᠲᠤᠰ ᠲᠤᠰ ᠨᠢᠭᠡᠳᠭᠡᠭᠰᠡᠨ ᠮᠡᠲᠦ᠃

ᠳᠠᠭᠠᠪᠤᠷᠢ ᠶᠢᠨ ᠪᠢᠴᠢᠯᠭᠡ᠄ ᠊ᠨᠴᠡᠷ ~ ᠊ᠨᠴᠢᠷ → ᠊ᠨᠴᠢᠷ (ᠴᠢᠨᠣᠨᠴᠢᠷ)᠂ ᠊ᠪᠤᠷ ~ ᠊ ᠪᠠᠷ ~ ᠊ᠪᠢᠷ → ᠊ᠪᠤᠷ (ᠤᠯᠠᠪᠤᠷ᠂ ᠡᠭᠡᠪᠦᠷ᠂ ᠬᠠᠷᠠᠪᠤᠷ᠂ ᠬᠥᠭᠡᠪᠦᠷ)᠂ ᠊ᠯᠠᠭ ᠊ᠯᠡᠭ ~ ᠊ᠯᠢᠭ ᠊ᠯᠢᠭ → ᠊ᠯᠢᠭ ᠊ᠯᠢᠭ (ᠡᠪᠯᠢᠭ᠂ ᠣᠰᠤᠯᠢᠭ᠂ ᠪᠡᠶᠡᠯᠢᠭ)᠂ ᠊ ᠊᠊ᠤ ~ ᠊ᠨᠠᠢ →  ᠊᠊ᠤ (ᠡᠭᠦᠨ ᠦ᠂ ᠲᠡᠭᠦᠨ ᠦ᠌)᠂ ᠊ᠴᠠ ~ ᠊ᠰᠠ ~ ᠠᠴᠠ → ᠠᠴᠠ (ᠤᠷᠢᠳᠠ ᠠᠴᠠ᠂ ᠡ᠊ᠨᠳᠡ ᠠᠴᠠ)ᠭᠡᠵᠦ ᠲᠤᠰ ᠲᠤᠰ ᠨᠢᠭᠡᠳᠭᠡᠭᠰᠡᠨ ᠮᠡᠲᠦ᠃

c. ᠪᠦᠲᠦᠭᠡᠪᠦᠷᠢ ᠶᠢᠨ ᠪᠢᠴᠢᠯᠭᠡ ᠳᠡᠬᠢ ᠵᠦᠢ ᠵᠣᠬᠢᠰᠲᠠᠢ ᠨᠥᠬᠦᠴᠡᠯᠲᠦ ᠬᠤᠪᠢᠯᠪᠤᠷᠢ᠂ ᠥᠭᠡᠷ᠎ᠡ ᠪᠡᠷ ᠬᠡᠯᠡᠪᠡᠯ᠂ ᠬᠡᠳᠦᠢᠪᠡᠷ ᠤᠳᠭ᠎ᠠ ᠶᠢᠨ ᠢᠯᠭᠠᠭ᠎ᠠ ᠦᠭᠡᠢ ᠪᠣᠯᠪᠠᠴᠤ ᠠᠳᠠᠯᠢ ᠪᠤᠰᠤ ᠬᠡᠯᠡᠨ ᠦ ᠣᠷᠴᠢᠨ ᠳᠤ ᠵᠠᠪᠠᠯ ᠠᠳᠠᠯᠢ ᠪᠤᠰᠤ ᠪᠠᠷ ᠪᠢᠴᠢᠭᠳᠡᠬᠦ ᠨᠢᠭᠡ ᠪᠦᠲᠦᠭᠡᠪᠦᠷᠢ ᠶᠢᠨ ᠬᠡᠳᠦᠨ ᠵᠦᠢᠯ ᠦ᠋ᠨ ᠪᠢᠴᠢᠯᠭᠡ ᠶᠢ ᠦᠯᠡᠳᠡᠭᠡᠵᠦ᠂ ᠢᠯᠡᠷᠡᠬᠦ ᠣᠷᠴᠢᠨ ᠲᠣᠭᠤᠷᠢᠨ ᠢ ᠨᠢ ᠲᠣᠭᠲᠠᠭᠠᠨ ᠤᠤᠯ ᠤᠨ ᠵᠣᠬᠢᠰ ᠦᠭᠡᠢ ᠬᠡᠷᠡᠭᠯᠡᠭᠳᠡᠵᠦ ᠪᠠᠢᠭᠰᠠᠨ ᠨᠢᠭᠡ ᠬᠡᠰᠡᠭ ᠬᠤᠪᠢᠯᠪᠤᠷᠢ ᠨᠤᠭᠤᠳ ᠢ ᠠᠪᠢᠶᠠᠨ ᠤ ᠵᠣᠬᠢᠴᠠᠯ ᠤᠨ ᠬᠠᠤᠯᠢ ᠳᠠᠭᠠᠤ ᠬᠡᠷᠡᠭᠯᠡᠬᠦ ᠠᠷᠭ᠎ᠠ ᠶᠢ ᠨᠢ ᠵᠠᠯᠠᠷᠠᠭᠤᠯᠪᠠ᠃ ᠵᠢᠱ᠌ᠢᠶᠡᠯᠡᠪᠡᠯ᠄ 《᠊ᠭᠠᠷ ᠊ᠭᠡᠷ ᠊ᠭᠢᠷ ᠊ᠭᠤᠷ ᠊ᠭᠦᠷ》 ᠭᠡᠰᠡᠨ ᠨᠢᠭᠡ ᠳᠠᠭᠠᠪᠤᠷᠢ ᠶᠢᠨ ᠬᠡᠳᠦᠨ ᠬᠤᠪᠢᠯᠪᠤᠷᠢ ᠶᠢ ᠵᠠᠷᠢᠮ ᠳᠠᠭᠠᠨ 《ᠰᠠᠨᠵᠢᠭᠠᠷ᠂ ᠬᠤᠵᠢᠭᠡᠷ᠂ ᠱᠣᠩᠨᠠᠭᠠᠷ᠂ ᠦᠮᠦᠭᠡᠷ᠂ ᠨᠢᠯᠴᠤᠭᠤᠷ᠂ ᠲᠦᠨᠲᠦᠭᠦᠷ》 ᠭᠡᠬᠦ ᠮᠡᠲᠦ ᠪᠡᠷ ᠵᠣᠬᠢᠰ ᠦᠭᠡᠢ ᠬᠡᠷᠡᠭᠯᠡᠵᠦ ᠪᠠᠢᠭᠰᠠᠨ ᠢ 《ᠰᠠᠨᠵᠢᠭᠢᠷ᠂ ᠬᠣᠵᠢᠭᠢᠷ᠂ ᠱᠣᠩᠨᠣᠭᠤᠷ᠂ ᠥᠮᠦᠭᠦᠷ᠂ ᠨᠢᠯᠴᠠᠭᠠᠷ᠂ ᠲᠦᠨᠳᠦᠭᠡᠷ》 ᠭᠡᠵᠦ ᠵᠠᠰᠠᠪᠠ;《᠊ᠭᠠᠨ᠎ᠠ ᠊ᠭᠡᠨ᠎ᠡ ᠊ᠭᠢᠨ᠎ᠠ ᠊ᠭᠤᠨ᠎ᠠ ᠊ᠭᠦᠨ᠎ᠡ》ᠭᠡᠰᠡᠨ ᠨᠢᠭᠡ ᠳᠠᠭᠠᠪᠤᠷᠢ ᠶᠢᠨ ᠬᠡᠳᠦᠨ ᠬᠤᠪᠢᠯᠪᠤᠷᠢ ᠶᠢ ᠵᠠᠷᠢᠮ ᠳᠠᠭᠠᠨ 《ᠰᠠᠨᠵᠢᠭᠠᠨᠠᠬᠤ᠂ ᠳᠠᠷᠪᠢᠭᠠᠨᠠᠬᠤ᠂ ᠤᠷᠪᠠᠭᠢᠨᠠᠬᠤ᠂ ᠥᠮᠦᠭᠡᠨᠡᠬᠦ᠂ ᠯᠠᠨᠲᠤᠭᠤᠨᠠᠬᠤ᠂ ᠬᠦᠭᠳᠦᠭᠦᠨᠡᠬᠦ》 ᠭᠡᠬᠦ ᠮᠡᠲᠦ ᠪᠡᠷ ᠵᠣᠬᠢᠰ ᠦᠭᠡᠢ ᠬᠡᠷᠡᠭᠯᠡᠵᠦ ᠪᠠᠢᠭᠰᠠᠨ ᠢ 《ᠰᠠᠨᠵᠢᠭᠢᠨᠠᠬᠤ᠂ ᠳᠠᠷᠪᠢᠭᠢᠨᠠᠬᠤ᠂ ᠤᠷᠪᠠᠭᠠᠨᠠᠬᠤ᠂ ᠦᠮᠦᠭᠦᠨᠡᠬᠦ᠂ ᠯᠠᠨᠲᠤᠭᠠᠨᠠᠬᠤ᠂ ᠬᠦᠭᠳᠦᠭᠡᠨᠡᠬᠦ》 ᠭᠡᠵᠦ ᠵᠠᠰᠠᠭᠰᠠᠨ ᠭᠡᠬᠦ ᠮᠠᠳᠤ᠃

d. ᠤᠤᠯ ᠤᠨ ᠤᠷᠲᠤᠳᠭᠠᠯ ᠦᠶ᠎ᠡ ᠲᠡᠢ ᠪᠦᠲᠦᠭᠡᠪᠦᠷᠢ ᠶᠢ ᠪᠣᠭᠤᠨᠢ ᠦᠶ᠎ᠡ ᠪᠡᠷ ᠪᠤᠷᠤᠭᠤ ᠪᠠᠷ ᠲᠡᠮᠳᠡᠭᠯᠡᠵᠦ ᠪᠠᠢᠭᠰᠠᠨ ᠪᠢᠴᠢᠯᠭᠡ ᠶᠢ ᠰᠡᠷᠭᠦᠭᠡᠵᠦ ᠤᠷᠲᠤᠳᠭᠠᠯ ᠦᠶ᠎ᠡ ᠲᠡᠢ ᠪᠢᠴᠢᠯᠭᠡ ᠪᠡᠷ ᠨᠢ ᠨᠢᠭᠡᠳᠭᠡᠪᠡ᠃

ᠢᠵᠠᠭᠤᠷ᠄ ᠡᠳᠡᠮᠡᠭ ~ᠡᠭᠡᠳᠡᠮᠡᠭ →ᠡᠭᠡᠳᠡᠮᠡᠭ᠂ ᠳᠠᠯᠪᠠ ~ᠳᠠᠯᠪᠠᠭ᠎ᠠ→ ᠳᠠᠯᠪᠠᠭ᠎ᠠ᠂  ᠨᠠᠰᠢ ~ᠨᠠᠭᠠᠰᠢ → ᠨᠠᠭᠠᠰᠢ᠂ ᠪᠠᠷᠠᠩ ~ ᠪᠠᠭᠠᠷᠠᠩ → ᠪᠠᠭᠠᠷᠠᠩ᠂ ᠲᠤᠱᠠ ~ ᠲᠤᠱᠠᠭ᠎ᠠ ~ ᠲᠤᠰᠢᠶ᠎ᠠ → ᠲᠤᠰᠢᠶ᠎ᠠ᠂ ᠡᠷᠦᠦᠯ ~ ᠡᠭᠡᠷᠡᠭᠦᠯ → ᠡᠭᠡᠷᠡᠭᠦᠯ᠂ ᠬᠠ ~ ᠬᠠᠮᠢᠭ᠎ᠠ → ᠬᠠᠮᠢᠭ᠎ᠠ᠂  ᠬᠠᠰᠢ ~ᠬᠠᠮᠢᠭᠠᠰᠢ → ᠬᠠᠮᠢᠭᠠᠰᠢ᠂ ᠲᠣᠨᠤ ~ ᠲᠣᠭᠤᠨᠤ → ᠲᠣᠭᠤᠨᠤ᠂ ᠲᠣᠨᠤᠯᠵᠢ ~ ᠲᠣᠭᠤᠨᠤᠯᠵᠢ → ᠲᠣᠭᠤᠨᠤᠯᠵᠢ᠂ ᠬᠢᠵᠠᠯᠠᠩ ~ ᠬᠢᠵᠠᠭᠠᠯᠠᠩ → ᠬᠢᠵᠠᠭᠠᠯᠠᠩ᠂ ᠰᠣᠶᠤᠯᠠᠩ ~ ᠰᠣᠶᠤᠭᠠᠯᠠᠩ → ᠰᠣᠶᠤᠭᠠᠯᠠᠩ ᠭᠡᠵᠦ ᠲᠤᠰ ᠲᠤᠰ ᠨᠢᠭᠡᠳᠭᠡᠭᠰᠡᠨ ᠮᠡᠲᠦ᠃

ᠳᠠᠭᠠᠪᠤᠷᠢ᠄ ᠊ᠯᠵᠢ ~ ᠊ᠭᠠᠯᠵᠢ ᠊ᠭᠡᠯᠵᠢ → ᠊ᠭᠠᠯᠵᠢ ᠊ᠭᠡᠯᠵᠢ (ᠡᠷᠪᠡᠭᠡᠯᠵᠢ)᠂ ᠊ᠰᠤ ~ ᠊ᠭᠠᠰᠤ ᠊ᠭᠡᠰᠦ → ᠊ᠭᠠᠰᠤ ᠊ᠭᠡᠰᠦ (ᠤᠶᠠᠭᠠᠰᠤ᠂ ᠨᠡᠷᠮᠡᠭᠡᠰᠦ)᠂ ᠊ᠴᠢ ~ ᠊ᠭᠠᠴᠢ ᠊ᠭᠡᠴᠢ → ᠊ᠭᠠᠴᠢ ᠊ᠭᠡᠴᠢ (ᠮᠠᠨᠠᠭᠠᠴᠢ᠂ ᠤᠷᠪᠠᠭᠠᠴᠢ)᠂ ᠊ᠷᠢ ~ ᠊ᠭᠠᠷᠢ ᠊ᠭᠡᠷᠢ ᠊ᠶᠡᠷᠢ → ᠊ᠭᠠᠷᠢ ᠊ᠭᠡᠷᠢ ᠊ᠶᠡᠷᠢ (ᠦᠳᠡᠭᠡᠷᠢ᠂ ᠳᠡᠪᠲᠦᠭᠡᠷᠢ᠂ ᠴᠢᠮᠬᠢᠶᠡᠷᠢ)ᠭᠡᠵᠦ ᠲᠤᠰ ᠲᠤᠰ ᠨᠢᠭᠡᠳᠭᠡᠭᠰᠡᠨ ᠮᠡᠲᠦ᠃

e. ᠬᠡᠯᠪᠡᠷᠢ ᠨᠢ ᠣᠢᠷᠠᠯᠴᠠᠭ᠎ᠠ ᠬᠣᠶᠠᠷ ᠥᠭᠡᠷ᠎ᠡ ᠳᠠᠭᠠᠪᠤᠷᠢ ᠶᠢ ᠬᠤᠳᠭᠤᠵᠤ ᠬᠡᠷᠡᠭᠯᠡᠵᠦ ᠪᠠᠢᠭᠰᠠᠨ ᠢ ᠢᠯᠭᠠᠵᠤ ᠨᠢᠭᠡᠳᠭᠡᠪᠡ᠃ ᠵᠢᠱ᠌ᠢᠶᠡᠯᠡᠪᠡᠯ᠄ ᠲᠡᠮᠳᠡᠭ ᠨᠡᠷ᠎ᠡ ᠡᠴᠡ ᠲᠡᠮᠳᠡᠭ ᠨᠡᠷ᠎ᠡ ᠡᠭᠦᠰᠭᠡᠬᠦ 《᠊ᠪᠤᠷ》 ᠳᠠᠭᠠᠪᠤᠷᠢ ᠪᠠ ᠦᠢᠯᠡ ᠦᠭᠡ ᠡᠴᠡ ᠵᠢᠩᠬᠢᠨᠢ ᠨᠡᠷ᠎ᠡ ᠡᠭᠦᠰᠭᠡᠬᠦ 《᠊ᠪᠤᠷᠢ》 ᠳᠠᠭᠠᠪᠤᠷᠢ ᠶᠢ ᠬᠤᠳᠭᠤᠵᠤ 《ᠬᠠᠭᠠᠯᠪᠤᠷ᠂ ᠳᠠᠭᠠᠪᠤᠷᠯᠠᠬᠤ᠂ ᠠᠰᠪᠤᠷᠢ᠂ ᠴᠠᠭᠠᠪᠤᠷᠢ᠂ ᠴᠥᠭᠡᠪᠦᠷᠢ》 ᠭᠡᠬᠦ ᠮᠡᠲᠦ ᠪᠡᠷ ᠬᠡᠷᠡᠭᠯᠡᠵᠦ ᠪᠠᠢᠬᠰᠠᠨ ᠢ 《ᠬᠠᠭᠠᠯᠪᠤᠷᠢ᠂ ᠳᠠᠭᠠᠭᠠᠪᠤᠷᠢᠯᠠᠬᠤ᠂ ᠠᠰᠪᠤᠷ᠂ ᠴᠠᠭᠠᠪᠤᠷ᠂ ᠴᠦᠭᠡᠪᠦᠷ》 ᠭᠡᠵᠦ ᠳᠦᠷᠢᠮᠵᠢᠭᠦᠯᠪᠠ; ᠦᠢᠯᠡ ᠦᠭᠡ ᠡᠴᠡ ᠲᠡᠮᠳᠡᠭ ᠨᠡᠷ᠎ᠡ ᠡᠭᠦᠰᠭᠡᠬᠦ 《᠊ᠭᠠᠷ ᠊ᠭᠡᠷ ᠊ᠭᠤᠷ ᠊ᠭᠦᠷ》 ᠳᠠᠭᠠᠪᠤᠷᠢ ᠪᠠ ᠦᠢᠯᠡ ᠦᠭᠡ ᠡᠴᠡ ᠵᠢᠩᠬᠢᠨᠢ ᠨᠡᠷ᠎ᠡ ᠡᠭᠦᠰᠭᠡᠬᠦ 《᠊ᠭᠤᠷᠢ ᠊ᠭᠦᠷᠢ》 ᠳᠠᠭᠠᠪᠤᠷᠢ ᠶᠢ ᠬᠤᠳᠭᠤᠵᠤ 《ᠮᠥᠯᠵᠢᠭᠦᠷᠲᠡᠢ᠂ ᠲᠡᠩᠴᠡᠭᠡᠷ》 ᠭᠡᠬᠦ ᠮᠡᠲᠦ ᠪᠡᠷ ᠬᠡᠷᠡᠭᠯᠡᠵᠦ ᠪᠠᠢᠭᠰᠠᠨ ᠢ 《ᠮᠥᠯᠵᠢᠭᠦᠷᠢᠲᠡᠢ᠂ ᠲᠡᠩᠴᠡᠭᠦᠷᠢ》 ᠭᠡᠵᠦ ᠳᠦᠷᠢᠮᠵᠢᠭᠦᠯᠪᠠ᠃

f. ᠦᠢᠯᠡ ᠦᠭᠡ ᠡᠭᠦᠰᠭᠡᠬᠦ 《᠊ᠯᠠ》᠂ 《᠊ᠯ》 ᠬᠣᠶᠠᠷ ᠳᠠᠭᠠᠪᠤᠷᠢ ᠶᠢ ᠵᠣᠷᠢᠭᠤᠳᠠ ᠨᠢᠭᠡ ᠦᠭᠡ ᠶᠢᠨ ᠦᠨᠳᠦᠰᠦᠨ ᠳᠦ ᠢᠯᠭᠠᠨ ᠬᠡᠷᠡᠭᠯᠡᠵᠦ ᠰᠠᠯᠪᠤᠷᠢ ᠤᠳᠭ᠎ᠠ ᠪᠤᠶᠤ ᠬᠡᠯᠡ ᠵᠦᠢ ᠶᠢᠨ ᠤᠳᠭ᠎ᠠ ᠶᠢ ᠢᠯᠡᠳᠭᠡᠵᠦ ᠪᠠᠢᠭᠰᠠᠨ᠂ ᠡᠰᠡᠭᠦᠯ᠎ᠡ ᠵᠣᠬᠢᠰ ᠦᠭᠡᠢ ᠪᠡᠷ ᠬᠤᠳᠭᠤᠨ ᠬᠡᠷᠡᠭᠯᠡᠵᠦ ᠨᠢᠭᠡ ᠦᠭᠡ ᠶᠢ ᠢᠯᠡᠭᠦᠴᠡ ᠬᠣᠶᠠᠷ ᠵᠦᠢᠯ ᠦ᠋ᠨ ᠪᠢᠴᠢᠯᠭᠡ ᠲᠡᠢ ᠪᠣᠯᠭᠠᠵᠤ ᠪᠠᠢᠭᠰᠠᠨ ᠢ ᠳᠦᠷᠢᠮᠵᠢᠭᠦᠯᠵᠦ ᠨᠢᠭᠡᠳᠭᠡᠪᠡ᠃ ᠵᠢᠱ᠌ᠢᠶᠡᠯᠡᠪᠡᠯ᠄ ᠤᠰᠤᠯᠬᠤ ~ ᠤᠰᠤᠯᠠᠬᠤ → ᠤᠰᠤᠯᠠᠬᠤ᠂ ᠴᠣᠬᠢᠯᠬᠤ ~ ᠴᠣᠬᠢᠯᠠᠬᠤ → ᠴᠣᠬᠢᠯᠠᠬᠤ᠂ ᠴᠠᠬᠢᠯᠬᠤ ~ ᠴᠠᠬᠢᠯᠠᠬᠤ → ᠴᠠᠬᠢᠯᠠᠬᠤ᠂ ᠴᠣᠬᠤᠯᠬᠤ ~ ᠴᠣᠬᠤᠯᠠᠬᠤ → ᠴᠣᠬᠤᠯᠠᠬᠤ᠂ ᠪᠣᠭᠵᠤᠯᠠᠬᠤ ~ ᠪᠣᠭᠵᠤᠯᠬᠤ → ᠪᠣᠭᠵᠤᠯᠬᠤ᠂ ᠪᠤᠷᠭᠢᠯᠠᠬᠤ ~ ᠪᠤᠷᠭᠢᠯᠬᠤ → ᠪᠤᠷᠭᠢᠯᠬᠤ᠂ ᠲᠠᠢᠯᠠᠬᠤ ~ ᠲᠠᠢᠯᠬᠤ → ᠲᠠᠢᠯᠬᠤ ᠭᠡᠵᠦ ᠲᠤᠰ ᠲᠤᠰ ᠨᠢᠭᠡᠳᠭᠡᠭᠰᠡᠨ ᠮᠡᠲᠦ᠃

g. ᠦᠢᠯᠡ ᠦᠭᠡ ᠡᠭᠦᠰᠭᠡᠬᠦ 《᠊ᠷᠠ》᠂ 《᠊ᠷᠢ》᠂ 《᠊ᠷ》 ᠭᠤᠷᠪᠠᠨ ᠳᠠᠭᠠᠪᠤᠷᠢ ᠶᠢ ᠮᠥᠨ ᠵᠣᠷᠢᠭᠤᠳᠠ ᠨᠢᠭᠡ ᠦᠭᠡ ᠶᠢᠨ ᠦᠨᠳᠦᠰᠦᠨ ᠳᠦ ᠢᠯᠭᠠᠨ ᠬᠡᠷᠡᠭᠯᠡᠵᠦ᠂ ᠦᠢᠯᠡ ᠦᠭᠡ ᠶᠢᠨ ᠲᠤᠰᠬᠤ ᠪᠠ ᠡᠰᠡ ᠲᠤᠰᠬᠤ ᠶᠢ ᠳᠦᠷᠰᠦ ᠪᠡᠷ ᠢᠯᠭᠠᠵᠤ ᠪᠠᠢᠭᠰᠠᠨ ᠢ 《᠊ᠷᠠ》ᠪᠠᠷ ᠨᠢᠭᠡᠳᠭᠡᠵᠦ᠂ ᠬᠡᠰᠡᠭ ᠦᠭᠡᠨ ᠳ᠋ᠦ᠍ ᠬᠤᠳᠭᠤᠨ ᠬᠡᠷᠡᠭᠯᠡᠵᠦ ᠪᠠᠢᠭᠰᠠᠨ ᠢ ᠭᠣᠣᠯᠳᠠᠭᠤ 《᠊ᠷᠠ》᠂ 《᠊ᠷᠢ》ᠪᠠᠷ ᠨᠢᠭᠡᠳᠭᠡᠪᠡ᠃ ᠵᠢᠱ᠌ᠢᠶᠡᠯᠡᠪᠡᠯ᠄ ᠭᠤᠳᠤᠷᠬᠤ ~ᠭᠤᠳᠤᠷᠠᠬᠤ →ᠭᠤᠳᠤᠷᠠᠬᠤ᠂ ᠰᠢᠪᠲᠤᠷᠬᠤ ~ ᠰᠢᠪᠲᠤᠷᠠᠬᠤ → ᠰᠢᠪᠲᠤᠷᠠᠬᠤ᠂ ᠰᠢᠭᠦᠷᠬᠦ ~ ᠰᠢᠭᠦᠷᠡᠬᠦ → ᠰᠢᠭᠦᠷᠡᠬᠦ᠂ ᠪᠠᠬᠠᠷᠬᠤ ~ ᠪᠠᠬᠠᠷᠠᠬᠤ → ᠪᠠᠬᠠᠷᠠᠬᠤ᠂ ᠪᠦᠭᠳᠦᠷᠭᠡ ~ ᠪᠦᠭᠲᠦᠷᠢᠭᠡ → ᠪᠦᠭᠲᠦᠷᠢᠭᠡ᠂ ᠪᠦᠮᠪᠦᠷᠭᠡᠨ ~ ᠪᠦᠮᠪᠦᠷᠢᠭᠡᠨ → ᠪᠦᠮᠪᠦᠷᠢᠭᠡᠨ ᠭᠡᠵᠦ ᠲᠤᠰ ᠲᠤᠰ ᠨᠢᠭᠡᠳᠭᠡᠭᠰᠡᠨ ᠮᠡᠲᠦ᠃

h. ᠤᠤᠯ ᠠᠴᠠ ᠪᠠᠨ ᠪᠠᠢᠭᠰᠠᠨ ᠪᠢᠴᠢᠯᠭᠡ ᠶᠢᠨ ᠵᠥᠷᠢᠶ᠎ᠡ ᠶ᠋ᠢ ᠠᠰᠢᠭᠯᠠᠵᠤ᠂ ᠨᠢᠭᠡ ᠦᠭᠡ ᠶᠢᠨ ᠰᠠᠯᠪᠤᠷᠢ ᠤᠳᠭ᠎ᠠ ᠶᠢ ᠢᠯᠭᠠᠵᠤ ᠲᠡᠮᠳᠡᠭᠯᠡᠭᠰᠡᠨ ᠪᠢᠴᠢᠯᠭᠡ ᠡᠴᠡ ᠠᠯᠢ ᠨᠡᠢᠲᠡᠯᠢᠭ᠂ ᠠᠯᠢ ᠲᠥᠯᠦᠭᠡᠯᠡᠬᠦ ᠴᠢᠨᠠᠷ ᠲᠠᠢ ᠨᠢᠭᠡ ᠶᠢ ᠨᠢ ᠦᠯᠡᠳᠡᠭᠡᠭᠡᠳ ᠪᠤᠰᠤᠳ ᠢ ᠨᠢ ᠲᠡᠷᠡ ᠤᠷᠤᠭᠤ ᠨᠢᠭᠡᠳᠭᠡᠪᠡ᠃ ᠵᠢᠱ᠌ᠢᠶᠡᠯᠡᠪᠡᠯ᠄ ᠢᠭᠴᠢ ~  ᠢᠠᠠᠴᠢ ~ ᠢᠬᠴᠤ → ᠢᠬᠴᠤ᠂ ᠨᠠᠢᠵᠢ ~ ᠨᠠᠢᠵᠠ → ᠨᠠᠢᠵᠠ᠂ ᠬᠤᠣᠷ᠎ᠠ ~ ᠬᠣᠣᠷ → ᠬᠣᠣᠷ᠂ ᠬᠦᠢᠰ ~ ᠬᠦᠢᠰᠦ → ᠬᠦᠢᠰᠦ᠂ ᠭᠡᠷᠢᠶᠡᠰ ~ ᠭᠡᠷᠢᠶᠡᠰᠦ → ᠭᠡᠷᠢᠶᠡᠰᠤ ᠭᠡᠵᠦ ᠨᠢᠭᠡᠳᠭᠡᠭᠰᠡᠨ ᠮᠡᠲᠦ᠃

j. ᠵᠠᠷᠢᠮ ᠦᠭᠡ ᠶᠢᠨ ᠲᠠᠰᠢᠶ᠎ᠠ ᠪᠢᠴᠢᠯᠭᠡ ᠶᠢ ᠵᠠᠯᠠᠷᠠᠭᠤᠯᠵᠤ ᠵᠥᠪ ᠤᠷᠤᠭᠤ ᠨᠢ ᠨᠢᠭᠡᠳᠭᠡᠪᠡ᠃ ᠵᠢᠱ᠌ᠢᠶᠡᠯᠡᠪᠡᠯ᠄ ᠢᠯᠡᠦᠷ → ᠢᠯᠢᠭᠦᠷ᠂ ᠢᠰᠡᠯᠬᠦ → ᠢᠰᠯᠡᠬᠦ᠂ ᠨᠣᠯᠤᠤᠷ → ᠨᠣᠣᠯᠤᠭᠤᠷ᠂ ᠤᠶᠠᠯᠳᠠᠬᠤ → ᠤᠶᠠᠯᠳᠤᠬᠤ᠂ ᠦᠭᠰᠡᠷᠡᠬᠦ → ᠦᠬᠦᠰᠢᠷᠡᠬᠦ᠂ ᠲᠠᠬᠤᠯᠢᠳᠬᠤ → ᠲᠠᠬᠤᠯᠳᠠᠬᠤ᠂ ᠦᠬᠡᠨᠴᠡ → ᠦᠬᠦᠭᠡᠨᠴᠡ ᠭᠡᠵᠦ ᠲᠤᠰ ᠲᠤᠰ ᠨᠢᠭᠡᠳᠭᠡᠭᠰᠡᠨ ᠮᠡᠲᠦ᠃

(2) ᠦᠭᠡ ᠶᠢᠨ ᠦᠨᠳᠦᠰᠦᠨ ᠳᠦ ᠳᠠᠭᠠᠪᠤᠷᠢ ᠵᠠᠯᠭᠠᠬᠤ ᠳᠤ ᠭᠠᠷᠬᠤ ᠨᠢᠭᠡᠲᠦᠯ ᠦᠭᠡᠢ ᠪᠢᠴᠢᠯᠭᠡ ᠶᠢ ᠨᠢᠭᠡᠳᠭᠡᠭᠰᠡᠨ ᠠᠷᠭ᠎ᠠ ᠨᠤᠭᠤᠳ

a. ᠮᠣᠩᠭᠤᠯ  ᠪᠢᠴᠢᠭ ᠦ᠋ᠨ ᠬᠣᠯᠪᠤᠬᠤ ᠦᠰᠦᠭ ᠦᠨ ᠳᠦᠷᠢᠮ ᠢ ᠵᠥᠷᠢᠴᠡᠭᠰᠡᠨ ᠪᠢᠴᠢᠯᠭᠡ ᠶᠢ ᠬᠣᠯᠪᠤᠬᠤ ᠦᠰᠦᠭ ᠦᠨ ᠳᠦᠷᠢᠮ ᠳᠦ ᠵᠠᠬᠢᠷᠤᠭᠤᠯᠤᠨ ᠵᠠᠰᠠᠭᠰᠠᠨ ᠤ ᠬᠠᠮᠲᠤ ᠬᠣᠯᠪᠤᠬᠤ ᠦᠰᠦᠭ ᠦᠨ ᠳᠦᠷᠢᠮ ᠦᠨ ᠣᠨᠴᠠᠭᠠᠢ ᠳᠦᠷᠢᠮ ᠭᠡᠭᠴᠢ ᠶᠢ ᠦᠨᠳᠦᠰᠦᠨ ᠳᠡᠭᠡᠨ ᠬᠦᠴᠦᠨ ᠦᠭᠡᠢ ᠪᠣᠯᠭᠠᠪᠠ᠃

《ᠠᠪ᠂ ᠡᠪ》 ᠭᠡᠰᠡᠨ ᠦᠭᠡ ᠶᠢᠨ ᠦᠨᠳᠦᠰᠦᠨ ᠳᠦ ᠡᠰᠡ ᠬᠤᠪᠢᠯᠭᠠᠭᠴᠢ 《ᠴᠠ》 ᠡᠬᠢᠲᠡᠢ ᠳᠠᠭᠠᠪᠤᠷᠢ ᠵᠠᠯᠭᠠᠬᠤ ᠳᠤ ᠬᠣᠯᠪᠤᠬᠤ ᠦᠰᠦᠭ ᠦᠨ ᠳᠦᠷᠢᠮ ᠢ ᠵᠥᠷᠢᠴᠡᠨ 《ᠠᠪᠤᠴᠠ᠂ ᠠᠪᠤᠴᠠᠬᠤ᠂ ᠠᠪᠤᠴᠠᠭ᠎ᠠ᠂ ᠠᠪᠤᠴᠠᠯ᠂ ᠠᠪᠤᠴᠠᠯᠳᠤᠩᠭᠤᠢ᠂ ᠠᠪᠤᠴᠠᠯᠳᠤᠬᠤ᠂ ᠠᠪᠤᠴᠠᠯᠳᠤᠭ᠎ᠠ᠂ ᠡᠪᠦᠴᠡᠬᠦ᠂ ᠡᠪᠦᠴᠡᠭᠡ᠂ ᠡᠪᠦᠴᠡᠯ᠂ ᠡᠪᠦᠴᠡᠯᠳᠦᠬᠦ》 ᠭᠡᠬᠦ ᠮᠡᠲᠦ ᠪᠡᠷ ᠪᠢᠴᠢᠵᠦ ᠪᠠᠢᠭᠰᠠᠨ ᠢ 《ᠠᠪᠴᠠ᠂ ᠠᠪᠴᠠᠬᠤ ᠠᠪᠴᠠᠭ᠎ᠠ᠂ ᠠᠪᠴᠠᠯ᠂ ᠠᠪᠴᠠᠯᠳᠤᠩᠭᠤᠢ᠂ ᠠᠪᠴᠠᠯᠳᠤᠬᠤ᠂ ᠠᠪᠴᠠᠯᠳᠤᠭ᠎ᠠ᠂ ᠡᠪᠴᠡᠬᠦ᠂ ᠡᠪᠴᠡᠭᠡ᠂ ᠡᠪᠴᠡᠯ᠂ ᠡᠪᠴᠡᠯᠳᠦᠬᠦ》 ᠭᠡᠵᠦ ᠵᠠᠰᠠᠵᠠᠢ᠃

《ᠬᠦᠪ᠂ ᠵᠢᠪ᠂ ᠴᠢᠪ》 ᠤᠨ ᠳᠠᠷᠠᠭ᠎ᠠ ᠬᠤᠪᠢᠯᠭᠠᠭᠴᠢ ᠦᠰᠦᠭ ᠡᠬᠢᠲᠡᠢ ᠳᠠᠭᠠᠪᠤᠷᠢ ᠢᠷᠡᠪᠡᠯ 《᠊ᠪᠦ》 ᠦᠶ᠎ᠡ ᠵᠢᠭᠢᠷᠢᠭᠯᠡᠭᠦᠯᠦᠨ 《ᠬᠦᠪᠪᠦᠭᠦᠯᠬᠦ᠂ ᠬᠦᠪᠪᠦᠭᠦᠷ᠂ ᠬᠦᠪᠪᠦᠭᠴᠢ᠂ ᠬᠦᠪᠪᠦᠮᠡᠯ᠂ ᠴᠢᠪᠪᠦᠭᠦᠯᠬᠦ᠂ ᠵᠢᠪᠪᠦᠭᠦᠯ》 ᠭᠡᠬᠦ ᠮᠡᠲᠦ ᠪᠡᠷ ᠪᠢᠴᠢᠵᠦ ᠪᠠᠢᠭᠰᠠᠨ ᠢ 《ᠬᠦᠪᠦᠭᠦᠯᠬᠦ᠂ ᠬᠦᠪᠦᠭᠦᠷ᠂ ᠬᠦᠪᠦᠭᠴᠢ᠂ ᠬᠦᠪᠦᠮᠡᠯ᠂ ᠴᠢᠪᠦᠭᠦᠯᠬᠦ᠂ ᠵᠢᠪᠦᠭᠦᠯ》 ᠭᠡᠵᠦ ᠬᠣᠯᠪᠤᠬᠤ ᠦᠰᠦᠭ ᠠᠪᠬᠤ ᠪᠣᠯᠭᠠᠵᠤ᠂ ᠡᠰᠡ ᠬᠤᠪᠢᠯᠭᠠᠭᠴᠢ ᠦᠰᠦᠭ ᠡᠬᠢᠲᠡᠢ ᠳᠠᠭᠠᠪᠤᠷᠢ ᠢᠷᠡᠪᠡᠯ ᠮᠥᠨ 《᠊ᠪᠦ》 ᠦᠶ᠎ᠡ ᠵᠢᠭᠢᠷᠢᠭᠯᠡᠭᠦᠯᠦᠨ 《ᠬᠦᠪᠪᠦᠬᠦ᠂ ᠴᠢᠪᠪᠦᠬᠦ᠂ ᠵᠢᠪᠪᠦᠬᠦ》 ᠭᠡᠬᠦ ᠮᠡᠲᠦ ᠪᠡᠷ ᠪᠢᠴᠢᠵᠦ ᠪᠠᠢᠭᠰᠠᠨ ᠢ 《ᠬᠦᠪᠬᠦ᠂ ᠴᠢᠪᠬᠦ᠂ ᠵᠢᠪᠬᠦ》 ᠭᠡᠵᠦ ᠬᠣᠯᠪᠤᠬᠤ ᠦᠰᠦᠭ ᠦᠯᠦ ᠠᠪᠬᠤ ᠪᠣᠯᠭᠠᠪᠠ᠃

ᠭᠡᠪᠡᠴᠦ 《ᠠᠪ᠂ ᠬᠦᠪ᠂ ᠵᠢᠪ᠂ ᠴᠢᠪ》 ᠤᠨ ᠳᠠᠷᠠᠭ᠎ᠠ ᠡᠰᠡ ᠬᠤᠪᠢᠯᠭᠠᠭᠴᠢ 《ᠪᠠ》 ᠡᠬᠢᠲᠡᠢ ᠳᠠᠭᠠᠪᠤᠷᠢ ᠢᠷᠡᠪᠡᠯ ᠬᠣᠯᠪᠤᠬᠤ ᠦᠰᠦᠭ ᠦᠨ ᠶᠡᠷᠦᠩᠬᠡᠢ ᠳᠦᠷᠢᠮ ᠦᠨ ᠶᠣᠰᠤ ᠪᠠᠷ ᠬᠣᠯᠪᠤᠬᠤ ᠦᠰᠦᠭ ᠦᠯᠦ ᠠᠪᠬᠤ ᠶᠣᠰᠤᠲᠠᠢ ᠠᠲᠠᠯ᠎ᠠ ᠳᠦᠷᠰᠦ ᠭᠡᠳᠤ ᠬᠤᠪᠢᠷᠠᠬᠤ ᠠᠴᠠ ᠵᠠᠢᠯᠠᠰᠬᠢᠵᠦ᠂ ᠬᠣᠯᠪᠤᠬᠤ ᠦᠰᠦᠭ ᠲᠡᠢ ᠪᠢᠴᠢᠬᠦ ᠪᠣᠯᠭᠠᠪᠠ᠃ ᠵᠢᠱ᠌ᠢᠶᠡᠯᠡᠪᠡᠯ᠄ ᠠᠪᠤᠪᠠ᠂ ᠬᠦᠪᠦᠪᠡ᠂ ᠵᠢᠪᠦᠪᠡ᠂ ᠴᠢᠪᠦᠪᠡ ᠭᠡᠬᠦ ᠮᠡᠲᠦ᠃

ᠬᠣᠯᠪᠤᠬᠤ ᠦᠰᠦᠭ ᠦᠨ ᠳᠦᠷᠢᠮ ᠢ ᠢᠯᠡᠷᠬᠡᠶ ᠵᠥᠷᠢᠴᠡᠵᠦ 《ᠬᠦᠯᠰᠢ᠂ ᠭᠠᠷᠤᠳᠠᠰᠤ᠂ ᠭᠠᠷᠤᠵᠠ᠂ ᠲᠤᠨᠤᠳᠠᠰᠤ᠂ ᠦᠪᠡᠷᠡᠢᠮᠰᠡᠭ》 ᠭᠡᠬᠦ ᠮᠡᠲᠦ ᠪᠡᠷ ᠪᠢᠴᠢᠵᠦ ᠪᠠᠢᠭᠰᠠᠨ ᠵᠠᠷᠢᠮ ᠬᠡᠪᠰᠢᠮᠡᠯ ᠪᠢᠴᠢᠯᠭᠡ ᠶᠢ ᠬᠣᠯᠪᠤᠬᠤ ᠦᠰᠦᠭ ᠦᠨ ᠳᠦᠷᠢᠮ ᠳᠦ ᠵᠠᠬᠢᠷᠤᠭᠤᠯᠤᠨ 《ᠬᠦᠯᠦᠰᠢ᠂ ᠭᠠᠷᠳᠠᠰᠤ᠂ ᠭᠠᠷᠴᠠ᠂ ᠲᠤᠨᠳᠠᠰᠤ᠂ ᠦᠪᠡᠷᠦᠮᠰᠡᠭ》 ᠭᠡᠵᠦ ᠵᠠᠰᠠᠪᠠ᠃

b. ᠮᠣᠩᠭᠤᠯ  ᠪᠢᠴᠢᠭ ᠦ᠋ᠨ ᠦᠰᠦᠭ ᠨᠡᠮᠡᠭᠳᠡᠬᠦ᠂ ᠬᠠᠰᠤᠭᠳᠠᠬᠤ᠂ ᠰᠣᠯᠢᠭᠳᠠᠬᠤ ᠳᠦᠷᠢᠮ ᠦᠨ ᠳᠠᠭᠠᠤ ᠵᠠᠷᠢᠮ ᠪᠢᠴᠢᠯᠭᠡ ᠶᠢ ᠨᠢᠭᠡᠳᠭᠡᠪᠡ᠃

ᠮᠣᠩᠭᠤᠯ  ᠪᠢᠴᠢᠭ ᠦ᠋ᠨ ᠬᠡᠯᠡᠨ ᠳᠤ ᠦᠶ᠎ᠡ ᠪᠦᠲᠦᠬᠦ ᠱᠠᠭᠠᠷᠳᠠᠯᠭ᠎ᠠ ᠠᠴᠠ ᠪᠤᠯᠵᠤ᠂ ᠵᠠᠷᠢᠮ ᠦᠭᠡ ᠶᠢᠨ ᠦᠨᠳᠦᠰᠦᠨ ᠳᠦ ᠳᠠᠭᠠᠪᠤᠷᠢ ᠵᠠᠯᠭᠠᠬᠤ ᠳᠤ ᠦᠨᠳᠦᠰᠦ᠂ ᠳᠠᠭᠠᠪᠤᠷᠢ ᠬᠤᠶᠠᠷ ᠤᠨ ᠬᠣᠭᠤᠷᠤᠨᠳᠤ 《᠊ᠠ᠊ (a e)》 ᠡᠭᠡᠰᠢᠭ ᠵᠢᠭᠢᠷᠢᠭᠯᠡᠨ ᠣᠷᠤᠳᠠᠭ᠃ ᠲᠤᠰ ᠳᠦᠷᠢᠮ ᠦᠨ ᠳᠠᠭᠠᠤ ᠵᠠᠷᠢᠮ 《ᠲᠡᠨᠡᠭᠦᠷᠬᠡᠦ》 ᠭᠡᠬᠦ ᠮᠡᠲᠦ ᠪᠡᠷ ᠪᠢᠴᠢᠵᠦ ᠪᠠᠢᠭᠰᠠᠨ ᠵᠦᠢᠯ ᠢ 《ᠲᠡᠨᠡᠭᠡᠷᠬᠡᠦ》 ᠭᠡᠵᠦ ᠵᠠᠰᠠᠵᠠᠢ᠃

ᠮᠣᠩᠭᠤᠯ ᠪᠢᠴᠢᠭ᠌ ᠲᠦ᠍ ᠵᠠᠷᠢᠮ 《᠊ᠨ᠂ ᠊ᠷ᠂ ᠊ᠯ᠂ ᠊ᠩ᠂  ᠊ᠭ᠌》 ᠵᠡᠷᠭᠡ ᠭᠡᠢᠭᠦᠯᠦᠭᠴᠢ ᠦᠰᠦᠭ᠂ 《 ᠢ᠂ ᠊ᠤ᠋ (u / ü)》 ᠬᠤᠣᠰ ᠡᠭᠡᠰᠢᠭ ᠪᠠ 《᠊ᠷᠠ》 ᠳᠠᠭᠠᠪᠤᠷᠢ ᠪᠠᠷ ᠲᠡᠭᠦᠰᠦᠭᠰᠡᠨ ᠦᠭᠡ ᠶᠢᠨ ᠦᠨᠳᠦᠰᠦᠨ ᠳᠦ ᠵᠣᠬᠢᠬᠤ ᠳᠠᠭᠠᠪᠤᠷᠢ ᠶᠢ ᠵᠠᠯᠭᠠᠬᠤ ᠳᠤ ᠦᠰᠦᠭ ᠬᠠᠰᠤᠭᠳᠠᠬᠤ ᠳᠦᠷᠢᠮ ᠪᠤᠢ᠃ ᠡᠨᠡ ᠶᠣᠰᠤ ᠶᠢ ᠳᠠᠭᠠᠭᠤᠯᠵᠤ ᠵᠠᠷᠢᠮ ᠦᠭᠡ ᠶᠢᠨ ᠳᠠᠪᠬᠤᠷ 《᠊ᠤᠤ᠋》ᠠᠪᠤᠭᠰᠠᠨ ᠪᠢᠴᠢᠯᠭᠡ ᠶᠢᠨ ᠰᠡᠭᠦᠯ ᠦ᠋ᠨ 《᠊ᠤ᠋》 ᠶᠢ ᠨᠢ ᠬᠠᠰᠤᠵᠤ ᠨᠢᠭᠡᠳᠭᠡᠪᠡ᠃ ᠵᠢᠱ᠌ᠢᠶᠡᠯᠡᠪᠡᠯ᠄ 《ᠠᠭᠤᠤᠴᠢ᠂ ᠠᠭᠤᠤᠴᠢᠯᠠᠬᠤ᠂ ᠳᠠᠭᠤᠤᠷᠢ᠂ ᠳᠡᠭᠦᠦᠳᠡᠢ》 ᠵᠡᠷᠭᠡ ᠶᠢ 《ᠠᠭᠤᠴᠢ᠂ ᠠᠭᠤᠴᠢᠯᠠᠬᠤ᠂ ᠳᠠᠭᠤᠷᠢ᠂ ᠳᠡᠭᠦᠳᠡᠢ》 ᠭᠡᠵᠦ ᠨᠢᠭᠡᠳᠭᠡᠭᠰᠡᠨ ᠮᠠᠳᠤ᠃

ᠮᠣᠩᠭᠤᠯ ᠪᠢᠴᠢᠭ ᠦ᠋ᠨ ᠬᠡᠯᠡᠨ ᠳᠤ 《᠊ᠮ᠂ ᠊ᠨ᠂ ᠊ᠩ》 ᠢᠶᠠᠷ ᠲᠡᠭᠦᠰᠦᠭᠰᠡᠨ ᠦᠭᠡ ᠶᠢᠨ ᠦᠨᠳᠦᠰᠦᠨ ᠳᠦ《᠊ᠯᠡ》ᠳᠠᠭᠠᠪᠤᠷᠢ ᠶᠢ ᠵᠠᠯᠭᠠᠪᠠᠯ 《᠊ᠨᠠ》ᠪᠠᠷ ᠰᠣᠯᠢᠵᠤ ᠪᠢᠴᠢᠳᠡᠭ ᠳᠦᠷᠢᠮ ᠪᠤᠢ᠃ ᠡᠨᠡ ᠶᠣᠰᠤ ᠶᠢ ᠳᠠᠭᠠᠭᠤᠯᠵᠤ 《᠊ᠮ᠂ ᠊ᠨ᠂ ᠊ᠩ》 ᠢᠶᠠᠷ ᠲᠡᠭᠦᠰᠦᠭᠰᠡᠨ ᠵᠠᠷᠢᠮ ᠨᠡᠷ᠎ᠡ ᠦᠭᠡ ᠶᠢᠨ ᠦᠨᠳᠦᠰᠦᠨ ᠳᠦ 《᠊ᠯᠠ》 ᠳᠠᠭᠠᠪᠤᠷᠢ ᠵᠠᠯᠭᠠᠨ 《ᠳᠠᠮᠯᠠᠬᠤ᠂ ᠪᠣᠯᠤᠩᠯᠠᠬᠤ᠂ ᠬᠠᠷᠠᠮᠯᠠᠬᠤ᠂ ᠬᠢᠯᠢᠩᠯᠡᠬᠦ》 ᠭᠡᠵᠦ ᠪᠢᠴᠢᠵᠦ ᠪᠠᠢᠭᠰᠠᠨ ᠢ 《ᠳᠠᠮᠨᠠᠬᠤ᠂ ᠪᠣᠯᠤᠩᠨᠠᠬᠤ᠂ ᠬᠠᠷᠠᠮᠨᠠᠬᠤ᠂ ᠬᠢᠯᠢᠩᠨᠡᠬᠦ》 ᠭᠡᠵᠦ ᠵᠠᠰᠠᠪᠠ᠃

ᠮᠣᠩᠭᠤᠯ  ᠪᠢᠴᠢᠭ ᠦ᠋ᠨ ᠬᠡᠯᠡᠨ ᠳᠤ 《᠊ᠷ》 ᠭᠡᠢᠭᠦᠯᠦᠭᠴᠢ ᠪᠠᠷ ᠲᠡᠭᠦᠰᠦᠭᠰᠡᠨ ᠦᠭᠡ ᠶᠢᠨ ᠦᠨᠳᠦᠰᠦᠨ ᠳᠦ ᠮᠥᠨ 《᠊ᠷ》 ᠭᠡᠢᠭᠦᠯᠦᠭᠴᠢ ᠪᠦᠬᠦᠢ ᠳᠠᠭᠠᠪᠤᠷᠢ ᠵᠠᠯᠭᠠᠬᠤ ᠳᠤ ᠵᠠᠷᠢᠮ ᠦᠭᠡᠨ ᠳ᠋ᠦ᠍ 《᠊ᠷ》ᠨᠢ 《᠊ᠯ》 ᠪᠣᠯᠵᠤ ᠣᠨᠳᠣᠣᠰᠢᠳᠠᠭ ᠶᠣᠰᠤ ᠪᠤᠢ᠃ ᠡᠨᠡ ᠶᠣᠰᠤ ᠶᠢ ᠳᠠᠭᠠᠭᠤᠯᠵᠤ ᠵᠠᠷᠢᠮ 《ᠮᠣᠷᠢᠷᠬᠠᠭ᠂ ᠳᠠᠷᠮᠠᠭᠤᠷ》 ᠭᠡᠵᠦ ᠪᠢᠴᠢᠵᠦ ᠪᠠᠢᠭᠰᠠᠨ ᠢ 《ᠮᠣᠷᠢᠯᠬᠠᠭ᠂ ᠳᠠᠷᠮᠠᠭᠤᠯ》 ᠭᠡᠵᠦ ᠵᠠᠰᠠᠪᠠ᠃

(3) ᠵᠢᠭᠡᠯᠡᠭᠡ ᠦᠭᠡ ᠶᠢᠨ ᠨᠢᠭᠡᠲᠦᠯ ᠦᠭᠡᠢ ᠪᠢᠴᠢᠯᠭᠡ ᠶᠢ ᠨᠢᠭᠡᠳᠭᠡᠭᠰᠡᠨ ᠠᠷᠭ᠎ᠠ ᠨᠤᠭᠤᠳ

a. ᠨᠡᠯᠢᠶᠡᠳ ᠡᠷᠲᠡ ᠮᠣᠩᠭᠤᠯ ᠬᠡᠯᠡᠨ ᠳᠤ ᠣᠷᠤᠵᠤ ᠢᠷᠡᠭᠰᠡᠨ ᠰᠠᠨᠰᠺᠷᠢᠲ᠂ ᠲᠦᠪᠡᠳ᠂ ᠬᠢᠲᠠᠳ ᠵᠡᠷᠭᠡ ᠵᠢᠭᠡᠯᠡᠭᠡ ᠦᠭᠡ ᠶᠢᠨ ᠨᠢᠭᠡᠲᠦᠯ ᠦᠭᠡᠢ ᠪᠢᠴᠢᠯᠭᠡ ᠶᠢ ᠨᠢᠭᠡᠳᠭᠡᠬᠦ ᠳᠡᠭᠡᠨ ᠠᠯᠢ ᠨᠡᠢᠲᠡᠯᠢᠭ ᠢᠶᠡᠷ ᠨᠢ ᠪᠠᠷᠢᠮᠵᠢᠶ᠎ᠠ ᠪᠣᠯᠭᠠᠵᠤ ᠳᠦᠷᠢᠮᠵᠢᠭᠦᠯᠪᠡ᠃ ᠵᠢᠱ᠌ᠢᠶᠡᠯᠡᠪᠡᠯ᠄ ᠤᠳᠠᠮᠪᠠᠷ ~ ᠣᠳᠤᠮᠪᠤᠷ ~ ᠤᠳᠤᠮᠪᠠᠷᠠ → ᠤᠳᠤᠮᠪᠠᠷᠠ᠂ ᠪᠠᠨᠰᠢ ~ᠪᠠᠩᠰᠢ → ᠪᠠᠩᠰᠢ᠂ ᠪᠠᠷᠠ ~ ᠪᠠᠷᠰ → ᠪᠠᠷᠰ᠂ ᠪᠣᠳᠢᠰᠤᠩ ~ ᠪᠣᠳᠢᠰᠠᠳᠠᠸ᠎ᠠ ~ᠪᠣᠳᠢᠰᠠᠳ᠋ᠸ᠎ᠠ → ᠪᠣᠳᠢᠰᠠᠳ᠋ᠸ᠎ᠠ᠂ ᠪᠣᠦᠠᠭᠠᠯᠢ~ ᠪᠤᠳᠺᠠᠯᠢ ~ ᠪᠤᠳᠠᠭᠠᠯᠢ → ᠪᠤᠳᠠᠭᠠᠯᠢ ᠭᠡᠵᠦ ᠲᠤᠰ ᠲᠤᠰ ᠨᠢᠭᠡᠳᠭᠡᠭᠰᠡᠨ ᠮᠡᠲᠦ᠃

b. ᠬᠡᠳᠦ ᠬᠡᠳᠦᠨ ᠪᠢᠴᠢᠯᠭᠡ ᠶᠢᠨ ᠠᠯᠢ ᠨᠢ  ᠴᠦ ᠲᠣᠭᠲᠠᠪᠤᠷᠢᠵᠢᠵᠤ ᠴᠢᠳᠠᠭ᠎ᠠ ᠦᠭᠡᠢ ᠪᠠᠢᠪᠠᠯ 《ᠡᠵᠡᠨ ᠢ ᠨᠢ ᠳᠠᠭᠠᠭᠤᠯᠬᠤ》 ᠵᠠᠷᠴᠢᠮ ᠢᠶᠠᠷ ᠤᠭ ᠬᠡᠯᠡᠨ ᠦ ᠬᠢᠨᠢ ᠳᠠᠭᠤᠳᠠᠯᠭ᠎ᠠ ᠪᠤᠶᠤ ᠪᠢᠴᠢᠯᠭᠡ ᠲᠡᠢ  ᠨᠢ ᠬᠠᠮᠤᠭ ᠠᠴᠠ ᠣᠢᠷ᠎ᠠ ᠪᠠᠢᠭ᠎ᠠ ᠲᠡᠷᠡ ᠪᠢᠴᠢᠯᠭᠡ ᠪᠡᠷ ᠨᠢ ᠪᠠᠷᠢᠮᠵᠢᠶ᠎ᠠ ᠪᠣᠯᠭᠠᠵᠤ ᠳᠦᠷᠢᠮᠵᠢᠭᠦᠯᠪᠡ᠃ ᠵᠢᠱ᠌ᠢᠶᠡᠯᠡᠪᠡᠯ᠄ ᠨᠢᠩ ~ ᠨᠢᠶᠠᠨ → ᠨᠢᠶᠠᠨ᠂ ᠨᠢᠪᠳᠠᠭ ~ ᠨᠠᠪᠳᠠᠭ → ᠨᠠᠪᠳᠠᠭ᠂ ᠪᠸᠧᠳᠦᠷᠶ᠎ᠡ ~ ᠪᠢᠢᠳᠦᠷᠶ᠎ᠡ ~ ᠪᠢᠢᠳᠦᠷᠢᠶ᠎ᠡ ~ ᠪᠢᠨᠳᠡᠷᠡᠶ᠎ᠡ ~ ᠪᠢᠨᠳᠡᠷᠢᠶ᠎ᠡ ~ ᠪᠢᠨᠳᠡᠷᠶ᠎ᠡ ~ ᠪᠢᠳᠦᠷᠶ᠎ᠡ → ᠪᠢᠳᠦᠷᠶ᠎ᠡ᠂ ᠨᠠᠢᠮᠠᠭ᠎ᠠ ~ ᠮᠠᠢᠮᠠᠭ᠎ᠠ ~ ᠮᠠᠢᠮᠠᠢ → ᠮᠠᠢᠮᠠᠢ᠂ ᠪᠤᠤ ~ ᠫᠤᠤ → ᠫᠤᠤ᠂ ᠬᠠᠢᠲᠠᠨ ~ ᠬᠠᠢᠲᠠᠩ → ᠬᠠᠢᠲᠠᠩ ᠭᠡᠵᠦ ᠲᠤᠰ ᠲᠤᠰ ᠨᠢᠭᠡᠳᠭᠡᠭᠰᠡᠨ ᠮᠡᠲᠦ᠃

c. ᠨᠢᠭᠡᠲᠦᠯ ᠦᠭᠡᠢ ᠪᠢᠴᠢᠯᠭᠡ ᠳᠣᠲᠤᠷ᠎ᠠ ᠠᠯᠢ ᠨᠢᠭᠡ ᠨᠢ ᠬᠡᠷᠪᠡ ᠮᠣᠩᠭᠤᠯᠵᠢᠭᠤ ᠪᠣᠯᠤᠭᠰᠠᠨ ᠪᠠᠢᠪᠠᠯ 《ᠮᠣᠩᠭᠤᠯᠵᠢᠭᠤ ᠪᠣᠯᠭᠠᠬᠤ》 ᠵᠠᠷᠴᠢᠮ ᠢ ᠪᠠᠷᠢᠮᠲᠠᠯᠠᠵᠤ᠂ ᠲᠡᠷᠡ ᠬᠦ ᠮᠣᠩᠭᠤᠯᠵᠢᠭᠤ ᠬᠡᠯᠪᠡᠷᠢ ᠪᠡᠷ  ᠨᠢ ᠪᠠᠷᠢᠮᠵᠢᠶ᠎ᠠ ᠪᠣᠯᠭᠠᠵᠤ ᠨᠢᠭᠡᠳᠭᠡᠪᠡ᠃ ᠵᠢᠱ᠌ᠢᠶᠡᠯᠡᠪᠡᠯ᠄ ᠠᠭᠷᠤ ~ ᠠᠺᠷᠤ ~ ᠠᠭᠠᠷᠤ → ᠠᠭᠠᠷᠤ᠂ ᠦᠷᠡᠯ ~  ᠷᠢᠯᠦ ~ ᠦᠷᠢᠯ → ᠦᠷᠢᠯ᠂ ᠭᠱᠠᠨ ~ ᠠᠭᠱᠠᠨ → ᠠᠭᠱᠠᠨ᠂ ᠺᠠᠨᠳᠠ ~ ᠬᠠᠨᠳᠠ → ᠬᠠᠨᠳᠠ᠂ ᠺᠠᠪᠠᠯᠠ ~ ᠭᠠᠪᠠᠯᠠ → ᠭᠠᠪᠠᠯᠠ᠂ ᠺᠠᠪᠢᠷ᠎ᠠ ~ ᠭᠠᠪᠢᠷ᠎ᠠ → ᠭᠠᠪᠢᠷ᠎ᠠ᠂ ᠺᠠᠪᠤᠷ ~ ᠭᠠᠪᠤᠷ → ᠭᠠᠪᠤᠷ᠂ ᠺᠠᠪᠵᠤ ~ ᠭᠠᠪᠵᠤ → ᠭᠠᠪᠵᠤ᠂ ᠺᠠᠮᠪᠤ ~ ᠬᠠᠮᠪᠤ → ᠬᠠᠮᠪᠤ᠂ ᠺᠠᠷᠠᠭ ~ ᠭᠠᠷᠠᠭ → ᠭᠠᠷᠠᠭ᠂ ᠺᠠᠷᠤᠳᠢ ~ ᠭᠠᠷᠤᠳᠢ → ᠭᠠᠷᠤᠳᠢ ᠭᠡᠵᠦ ᠲᠤᠰ ᠲᠤᠰ ᠨᠢᠭᠡᠳᠭᠡᠭᠰᠡᠨ ᠮᠡᠲᠦ᠃

(4) ᠦᠰᠦᠭ ᠪᠤᠶᠤ ᠳᠠᠭᠠᠪᠤᠷᠢ ᠶᠢ ᠬᠠᠰᠤᠵᠤ ᠨᠡᠮᠡᠭᠰᠡᠨ ᠠᠷᠭ᠎ᠠ ᠨᠤᠭᠤᠳ

a. ᠦᠰᠦᠭ ᠪᠤᠶᠤ ᠳᠠᠭᠠᠪᠤᠷᠢ ᠶᠢ ᠢᠯᠡᠭᠦᠳᠡᠭᠦᠯᠦᠭᠰᠡᠨ ᠪᠢᠴᠢᠯᠭᠡ ᠶᠢ ᠦᠰᠦᠭ ᠦᠨ ᠳᠦᠷᠢᠮ ᠪᠤᠶᠤ ᠦᠭᠡ ᠪᠦᠲᠦᠭᠡᠬᠦ ᠶᠣᠰᠤ ᠪᠠᠷ ᠬᠠᠰᠤᠵᠤ ᠳᠦᠷᠢᠮᠵᠢᠭᠦᠯᠪᠡ᠃ ᠵᠢᠱ᠌ᠢᠶᠡᠯᠡᠪᠡᠯ᠄ ᠦᠢᠯᠡ ᠦᠭᠡ ᠪᠦᠲᠦᠭᠡᠬᠦ 《᠊ᠭᠤᠯ ᠊ᠭᠦᠯ᠂ ᠊ᠯᠠ᠂ ᠊ᠯ》 ᠤᠨ ᠳᠠᠷᠠᠭ᠎ᠠ ᠵᠢᠩᠬᠢᠨᠢ ᠨᠡᠷ᠎ᠡ ᠪᠦᠲᠦᠭᠡᠬᠦ 《᠊ᠯᠭ᠎ᠠ ᠊ᠯᠭᠡ》 ᠳᠠᠭᠠᠪᠤᠷᠢ ᠶᠢ ᠵᠠᠯᠭᠠᠬᠤ ᠦᠶᠡᠰ ᠤᠤᠯ ᠨᠢ 《᠊ᠭᠤᠯᠤᠯᠭ᠎ᠠ ᠊ᠭᠦᠯᠦᠯᠭᠡ᠂ ᠊ᠯᠭ᠎ᠠ ᠊ᠯᠭᠡ᠂ ᠊ᠯᠤᠯᠭ᠎ᠠ ᠊ᠯᠦᠯᠭᠡ》 ᠪᠣᠯᠵᠤ ᠪᠠᠢᠭᠰᠠᠨ ᠪᠢᠴᠢᠯᠭᠡ ᠶᠢ 《᠊ᠭᠤᠯᠭ᠎ᠠ ᠊ᠭᠦᠯᠭᠡ᠂ ᠊ᠯᠭ᠎ᠠ ᠊ᠯᠭᠡ᠂ ᠊ᠯᠠᠭ᠎ᠠ ᠊ᠯᠡᠭᠡ》ᠪᠠᠷ ᠨᠢᠭᠡᠳᠭᠡᠨ᠎ᠡ ᠭᠡᠵᠦ ᠲᠣᠭᠲᠠᠭᠠᠪᠠ; ᠮᠣᠩᠭᠤᠯ  ᠪᠢᠴᠢᠭ ᠦ᠋ᠨ ᠤᠯᠠᠮᠵᠢᠯᠠᠯᠲᠤ ᠵᠥᠪ ᠪᠢᠴᠢᠯᠭᠡ ᠶᠢᠨ ᠳᠦᠷᠢᠮ ᠳᠦ ᠵᠠᠷᠢᠮ ᠦᠭᠡ ᠶᠢᠨ ᠦᠶ᠎ᠡ ᠬᠠᠰᠤᠭᠳᠠᠵᠤ  ᠪᠢᠴᠢᠭᠳᠡᠬᠦ ᠬᠡᠪᠰᠢᠯ ᠲᠠᠢ ᠪᠠᠢᠳᠠᠭ ᠲᠦ᠍ ᠦᠨᠳᠦᠰᠦᠯᠡᠨ 《ᠨᠣᠭᠤᠭᠠᠪᠢᠷ᠂ ᠵᠢᠷᠭᠤᠭᠠᠳᠤᠭᠠᠷ》 ᠭᠡᠬᠦ ᠮᠡᠲᠦ ᠪᠡᠷ ᠪᠢᠴᠢᠵᠦ ᠪᠠᠢᠭᠰᠠᠨ ᠢ 《ᠨᠣᠭᠤᠪᠤᠷ᠂ ᠵᠢᠷᠭᠤᠳᠤᠭᠠᠷ》 ᠭᠡᠵᠦ ᠨᠢᠭᠡᠳᠭᠡᠪᠠ; ᠦᠰᠦᠭ ᠬᠠᠰᠤᠭᠳᠠᠬᠤ ᠳᠦᠷᠢᠮ ᠢ ᠵᠥᠷᠢᠴᠡᠭᠰᠡᠨ ᠪᠢᠴᠢᠯᠭᠡ ᠪᠣᠯᠤᠨ ᠢᠯᠡᠷᠭᠡᠢ ᠦᠰᠦᠭ ᠪᠤᠶᠤ ᠳᠠᠭᠠᠪᠤᠷᠢ ᠶᠢ ᠢᠯᠡᠭᠦᠳᠡᠭᠦᠯᠵᠤ 《ᠬᠦᠮᠦᠡᠯᠢᠭ᠂ ᠬᠠᠭᠠᠭᠠᠬᠤ᠂ ᠦᠢᠯᠡᠳᠭᠡᠬᠦᠨ᠂ ᠦᠭᠡᠢᠭᠦᠷᠡᠬᠦ᠂ ᠤᠷᠵᠢᠭᠳᠤᠷ᠂ ᠣᠷᠬᠢᠭᠳᠠᠰᠤ》 ᠭᠡᠬᠦ ᠮᠡᠲᠦ ᠪᠡᠷ ᠪᠢᠴᠢᠵᠦ ᠪᠠᠢᠭᠰᠠᠨ ᠢ 《ᠬᠦᠮᠦᠯᠢᠭ᠂ ᠬᠠᠭᠠᠬᠤ᠂ ᠦᠢᠯᠡᠳᠬᠦᠨ᠂ ᠦᠭᠡᠢᠷᠡᠬᠦ᠂ ᠤᠷᠵᠢᠳᠤᠷ᠂ ᠣᠷᠬᠢᠳᠠᠰᠤ》 ᠭᠡᠵᠦ ᠨᠢᠭᠡᠳᠭᠡᠪᠠ᠃

b. ᠦᠰᠦᠭ ᠪᠤᠶᠤ ᠳᠠᠭᠠᠪᠤᠷᠢ ᠶᠢ ᠭᠡᠭᠡᠭᠳᠡᠭᠦᠯᠦᠭᠰᠡᠨ ᠪᠢᠴᠢᠯᠭᠡ ᠶᠢ ᠦᠭᠡ ᠪᠦᠲᠦᠭᠡᠬᠦ ᠶᠣᠰᠤ ᠪᠠᠷ ᠵᠣᠬᠢᠬᠤ ᠦᠰᠦᠭ ᠪᠤᠶᠤ ᠳᠠᠭᠠᠪᠤᠷᠢ ᠶᠢ ᠨᠢ ᠨᠡᠮᠡᠵᠦ ᠳᠦᠷᠢᠮᠵᠢᠭᠦᠯᠪᠡ᠃ ᠵᠢᠱ᠌ᠢᠶᠡᠯᠡᠪᠡᠯ᠄ 《ᠢᠷᠠᠯᠵᠢ᠂ ᠣᠢᠯᠠᠭᠤᠷ᠂ ᠪᠠᠭᠤᠳᠠᠯᠠᠬᠤ᠂ ᠬᠠᠪᠬᠠᠯᠠᠭ᠎ᠠ᠂ ᠬᠡᠷᠦᠳᠡᠰᠦ᠂ ᠬᠦᠬᠢᠭᠦᠯ᠂ ᠲᠠᠭᠠᠮᠠᠯᠠᠯ》 ᠭᠡᠬᠦ ᠮᠡᠲᠦ ᠪᠡᠷ ᠪᠢᠴᠢᠵᠦ ᠪᠠᠢᠭᠰᠠᠨ ᠢ 《ᠢᠷᠠᠭᠠᠯᠵᠢ᠂ ᠣᠢᠯᠠᠭᠠᠭᠤᠷ᠂ ᠪᠠᠭᠤᠳᠠᠯᠯᠠᠬᠤ᠂ ᠬᠠᠪᠬᠠᠭᠯᠠᠭ᠎ᠠ᠂ ᠬᠡᠷᠡᠭᠡᠳᠡᠰᠦ᠂ ᠬᠦᠬᠢᠭᠦᠯᠦᠯ᠂ ᠲᠠᠭᠠᠮᠠᠭᠯᠠᠯ》 ᠭᠡᠵᠦ ᠨᠢᠭᠡᠳᠭᠡᠪᠠ᠃

(5) ᠨᠡᠢᠯᠡᠭᠦᠯᠵᠦ ᠰᠠᠯᠭᠠᠵᠤ ᠪᠢᠴᠢᠬᠦ ᠶᠣᠰᠤ ᠶᠢ ᠮᠥᠷᠳᠡᠭᠰᠡᠨ ᠠᠷᠭ᠎ᠠ ᠨᠤᠭᠤᠳ

a. ᠨᠡᠢᠯᠡᠭᠦᠯᠵᠦ  ᠪᠢᠴᠢᠭᠡᠳ ᠬᠡᠪᠰᠢᠴᠢᠬᠡᠭᠰᠡᠨ ᠬᠦᠮᠦᠨ ᠤ ᠨᠡᠷ᠎ᠡ᠂ ᠭᠠᠵᠠᠷ ᠤᠰᠤᠨ ᠤ ᠨᠡᠷ᠎ᠡ᠂ ᠰᠢᠨᠵᠢᠯᠡᠬᠦ ᠤᠬᠠᠭᠠᠨ ᠤ ᠨᠡᠷ᠎ᠡ ᠲᠣᠮᠢᠶ᠎ᠠ ᠵᠡᠷᠭᠡ ᠶᠢ ᠭᠠᠷᠭᠠᠪᠠᠯ ᠬᠣᠷᠰᠢᠶ᠎ᠠ ᠬᠣᠯᠪᠤᠭ᠎ᠠ ᠦᠭᠡ ᠶᠢᠨ ᠬᠣᠶᠠᠳᠠᠬᠢ ᠦᠭᠡ ᠨᠢ ᠡᠷᠭᠦᠯᠲᠡ ᠪᠣᠯᠤᠨ ᠤᠳᠭ᠎ᠠ ᠪᠠᠨ ᠠᠯᠳᠠᠭ᠎ᠠ ᠦᠭᠡᠢ ᠪᠠᠢᠪᠠᠯ ᠳᠡᠭᠡᠷᠡᠬᠢ ᠦᠭᠡ ᠡᠴᠡ  ᠨᠢ ᠰᠠᠯᠤᠩᠭᠢᠳᠠ ᠪᠢᠴᠢᠵᠡᠢ᠃ ᠵᠢᠱ᠌ᠢᠶᠡᠯᠡᠪᠡᠯ᠄ 《ᠢᠯᠡᠶᠣᠰᠤ᠂ ᠡᠨᠡᠳᠦᠷ᠂ ᠪᠠᠲᠤᠶᠣᠰᠤ᠂ ᠪᠤᠲᠠᠨᠢᠷᠭᠡᠬᠦ᠂ ᠪᠦᠭᠡᠷᠡᠯᠡᠭ᠂ ᠬᠠᠷᠠᠯᠠᠭ᠂ ᠮᠤᠤᠰᠠᠢᠨ》 ᠭᠡᠬᠦ ᠮᠡᠲᠦ ᠪᠡᠷ ᠪᠢᠴᠢᠵᠦ ᠪᠠᠢᠭᠰᠠᠨ ᠢ 《ᠢᠯᠡ ᠶᠣᠰᠤ᠂ ᠡᠨᠡ ᠲᠣᠣᠷ᠎ᠠ᠂ ᠪᠠᠲᠤ ᠶᠣᠰᠤ᠂ ᠪᠤᠲᠠ ᠨᠢᠷᠭᠡᠬᠦ᠂ ᠪᠦᠭᠡᠷ᠎ᠡ ᠠᠯᠠᠭ᠂ ᠬᠠᠷ᠎ᠠ ᠠᠯᠠᠭ᠂ ᠮᠠᠭᠤ ᠰᠠᠢᠨ》 ᠭᠡᠵᠦ ᠪᠢᠴᠢᠬᠦ ᠪᠡᠷ ᠳᠦᠷᠢᠮᠵᠢᠭᠦᠯᠪᠠ᠃

b. ᠠᠯᠢᠪᠠ ᠬᠡᠢᠰᠪᠦᠷᠢ ᠦᠭᠡ ᠶᠢ ᠳᠡᠭᠡᠷᠡᠬᠢ ᠦᠭᠡ ᠡᠴᠡ  ᠨᠢ ᠪᠦᠷ ᠰᠠᠯᠤᠩᠭᠢᠳᠠ ᠪᠢᠴᠢᠵᠡᠢ᠃ ᠵᠢᠱ᠌ᠢᠶᠡᠯᠡᠪᠡᠯ᠄ 《ᠡᠭᠡᠯᠡ᠂ ᠨᠢᠭᠡᠯᠡ᠂ ᠪᠠᠰᠠᠬᠦ᠂ ᠪᠠᠰᠠᠴᠤ᠂ ᠪᠢᠯᠢᠦ᠂ ᠪᠢᠰᠢᠦ᠂ ᠪᠣᠯᠪᠠᠤ᠂ ᠳᠡᠮᠡᠢᠯᠡ᠂ ᠶᠠᠮᠠᠷᠴᠤ᠂ ᠶᠡᠬᠡᠯ᠎ᠡ》 ᠭᠡᠬᠦ ᠮᠡᠲᠦ ᠪᠡᠷ ᠪᠢᠴᠢᠵᠦ ᠪᠠᠢᠭᠰᠠᠨ ᠢ 《ᠡᠭᠡᠭᠡ ᠯᠡ᠂ ᠨᠢᠭᠡ ᠯᠡ᠂ ᠪᠠᠰᠠ ᠬᠦ᠂ ᠪᠠᠰᠠ  ᠴᠦ᠂ ᠪᠢᠯᠡ  ᠤᠤ᠂ ᠪᠢᠰᠢ ᠦ᠋ᠦ᠂ ᠪᠣᠯᠪᠠ ᠤᠤ᠂ ᠳᠡᠮᠡᠢ ᠯᠡ᠂ ᠶᠠᠮᠠᠷ  ᠴᠦ᠂ ᠶᠡᠬᠡ ᠯᠡ》 ᠭᠡᠵᠦ ᠪᠢᠴᠢᠬᠦ ᠪᠡᠷ ᠳᠦᠷᠢᠮᠵᠢᠭᠦᠯᠪᠠ᠃

c. ᠨᠢᠭᠡᠨᠲᠡ ᠨᠡᠢᠯᠡᠭᠦᠯᠵᠦ  ᠪᠢᠴᠢᠭᠡᠳ ᠬᠡᠪᠰᠢᠴᠢᠬᠡᠭᠰᠡᠨ ᠢ᠋ ᠭᠠᠷᠭᠠᠪᠠᠯ ᠦᠭᠡ ᠪᠦᠲᠦᠭᠡᠬᠦ ᠦᠢᠯᠡᠳᠦᠯ ᠦᠭᠡᠢ ᠲᠡᠢᠨ ᠢᠯᠭᠠᠯ ᠤᠨ ᠳᠠᠭᠠᠪᠤᠷᠢ᠂ ᠬᠠᠮᠢᠶᠠᠳᠠᠭᠤᠯᠬᠤ ᠶᠣᠰᠤᠨ ᠤ ᠳᠠᠭᠠᠪᠤᠷᠢ ᠶᠢ ᠪᠦᠷ ᠳᠡᠭᠡᠷᠡᠬᠢ ᠦᠭᠡ ᠡᠴᠡ  ᠨᠢ ᠰᠠᠯᠤᠩᠭᠢᠳᠠ ᠪᠢᠴᠢᠵᠡᠢ᠃ ᠵᠢᠱ᠌ᠢᠶᠡᠯᠡᠪᠡᠯ᠄ 《ᠡᠭᠦᠨᠡᠢ᠂ ᠡᠭᠦᠪᠡᠷ᠂ ᠡᠳᠡᠨᠡᠢᠬᠢ᠂ ᠤᠷᠢᠳᠠᠪᠠᠷ᠂ ᠥᠪᠡᠷᠡᠨ᠂ ᠨᠠᠳᠠᠰᠠ᠂ ᠬᠡᠳᠦᠢᠨᠡᠢ᠂ ᠬᠡᠵᠢᠶᠡᠨᠡᠢ᠂ ᠲᠡᠭᠦᠪᠡᠷ᠂ ᠴᠤᠭᠠᠷ᠂ ᠶᠠᠭᠤᠨᠠᠢ᠂ ᠶᠡᠬᠡᠪᠡᠷ᠂ ᠶᠠᠷᠦᠨᠢ》 ᠭᠡᠬᠦ ᠮᠡᠲᠦ ᠪᠡᠷ ᠪᠢᠴᠢᠵᠦ ᠪᠠᠢᠭᠰᠠᠨ ᠢ 《ᠡᠭᠦᠨ ᠦ᠂ ᠡᠭᠦᠨ ᠢᠶᠡᠷ᠂ ᠡᠳᠡᠨ ᠤ ᠬᠢ᠂ ᠤᠷᠢᠳ ᠢᠶᠠᠷ᠂ ᠥᠪᠡᠷ ᠢ᠋ᠶ᠋ᠡᠨ᠂ ᠨᠠᠳᠠ ᠠᠴᠠ᠂ ᠬᠡᠳᠦ᠋ᠢᠨ ᠤ᠂ ᠬᠡᠵᠢᠶᠡᠨ ᠤ᠂ ᠲᠡᠭᠦᠨ ᠢᠶᠠᠷ᠂ ᠴᠤᠭ ᠢᠶᠠᠷ᠂ ᠶᠠᠭᠤᠨ ᠤ᠂ ᠶᠡᠭᠡ ᠪᠠᠷ᠂ ᠶᠡᠷᠦ ᠨᠢ》 ᠭᠡᠵᠦ ᠪᠢᠴᠢᠬᠦ ᠪᠡᠷ ᠳᠦᠷᠢᠮᠵᠢᠭᠦᠯᠪᠠ᠃

d. 《ᠦᠭᠡᠢ》 ᠭᠡᠳᠡᠭ ᠦᠭᠡ ᠴᠢᠩᠭ᠎ᠠ ᠦᠭᠡ ᠶᠢᠨ ᠳᠠᠷᠠᠭ᠎ᠠ ᠣᠷᠤᠭᠠᠳ ᠡᠷᠭᠦᠯᠲᠡ ᠪᠡᠨ ᠠᠯᠳᠠᠬᠤ ᠶᠢᠨ ᠳᠠᠭᠠᠤ ᠴᠢᠩᠭ᠎ᠠ ᠬᠦᠨᠳᠡᠢ ᠶᠢᠨ ᠲᠠᠯ᠎ᠠ ᠪᠠᠷ ᠪᠦᠷᠢᠮᠦᠰᠦᠨ ᠢᠵᠢᠯᠢᠰᠢᠭᠰᠡᠨ ᠪᠠᠢᠪᠠᠯ ᠨᠡᠢᠯᠡᠭᠦᠯᠵᠦ ᠪᠢᠴᠢᠵᠡᠢ᠃ ᠵᠢᠱ᠌ᠢᠶᠡᠯᠡᠪᠡᠯ᠄ ᠨᠠᠭᠤᠢ᠂ ᠭᠠᠢᠭᠤᠢ᠂ ᠵᠠᠭᠤᠢ᠂ ᠪᠦᠰᠡᠭᠦᠢ ᠭᠡᠬᠦ ᠮᠡᠲᠦ᠃ ᠴᠢᠩᠭ᠎ᠠ ᠬᠦᠨᠳᠡᠢ ᠶᠢᠨ ᠲᠠᠯ᠎ᠠ ᠪᠠᠷ ᠪᠦᠷᠢᠨ ᠢᠵᠢᠯᠢᠰᠢᠭᠡ ᠦᠭᠡᠢ  ᠴᠦ ᠴᠢᠨᠠᠭᠰᠢᠳᠠ ᠦᠭᠡ ᠪᠦᠲᠦᠭᠡᠵᠦ ᠦᠭᠡ ᠬᠤᠪᠢᠯᠭᠠᠬᠤ ᠴᠢᠳᠠᠮᠵᠢ ᠪᠠᠨ ᠠᠯᠳᠠᠵᠤ ᠨᠢᠭᠡᠨᠲᠡ ᠬᠤᠪᠢᠯᠤᠯ ᠦᠭᠡᠢ ᠦᠭᠡ ᠪᠣᠯᠤᠭᠰᠠᠨ ᠪᠠᠢᠪᠠᠯ ᠮᠥᠨ ᠨᠡᠢᠯᠡᠭᠦᠯᠵᠦ ᠪᠢᠴᠢᠵᠡᠢ᠃ ᠵᠢᠱ᠌ᠢᠶᠡᠯᠡᠪᠡᠯ᠄ 《ᠲᠣᠭᠠᠭᠦᠢ》 (ᠠᠶᠠᠯᠭ᠎ᠠ ᠦᠭᠡ)ᠭᠡᠬᠦ ᠮᠡᠲᠦ᠃ ᠡᠳᠡᠭᠡᠷ ᠡᠴᠡ ᠪᠤᠰᠤᠳ ᠨᠥᠬᠦᠴᠡᠯ ᠳ᠋ᠦ᠍ 《ᠦᠭᠡᠢ》 ᠪᠤᠶᠤ 《ᠦᠭᠡᠢ》ᠪᠠᠷ ᠡᠬᠢᠯᠡᠭᠰᠡᠨ ᠦᠭᠡ ᠶᠢ ᠳᠡᠭᠡᠷᠡᠬᠢ ᠦᠭᠡ ᠡᠴᠡ  ᠨᠢ ᠪᠦᠷ ᠰᠠᠯᠤᠩᠭᠢᠳᠠ ᠪᠢᠴᠢᠵᠡᠢ᠃ ᠵᠢᠱ᠌ᠢᠶᠡᠯᠡᠪᠡᠯ᠄ 《ᠠᠭᠠᠯᠢᠭᠦᠢ᠂ ᠠᠭᠠᠯᠢᠭᠦ᠋ᠢᠳᠡᠬᠦ᠂ ᠠᠶᠠᠭᠦᠢ᠂ ᠭᠠᠪᠢᠭᠦᠢ᠂ ᠶᠣᠰᠤᠭᠦᠢ᠂ ᠰᠡᠭᠡᠷᠭᠦ᠋ᠢᠲᠡᠨ》 ᠭᠡᠬᠦ ᠮᠡᠲᠦ ᠪᠡᠷ ᠪᠢᠴᠢᠵᠦ ᠪᠠᠢᠭᠰᠠᠨ ᠢ 《ᠠᠭᠠᠯᠢ ᠦᠭᠡᠢ᠂ ᠠᠭᠠᠯᠢ ᠦᠭᠡᠢᠳᠡᠬᠦ᠂ ᠠᠶ᠎ᠠ ᠦᠭᠡᠢ᠂ ᠭᠠᠪᠢ ᠦᠭᠡᠢ᠂ ᠶᠣᠰᠤ ᠦᠭᠡᠢ᠂ ᠰᠡᠭᠡᠷ ᠦᠭᠡᠢᠲᠡᠨ》 ᠭᠡᠵᠦ ᠪᠢᠴᠢᠬᠦ ᠪᠡᠷ ᠳᠦᠷᠢᠮᠵᠢᠭᠦᠯᠪᠠ᠃

ᠳᠡᠭᠡᠷ᠎ᠡ ᠶᠠᠷᠢᠭᠰᠠᠨ ᠢ ᠬᠤᠷᠢᠶᠠᠩᠭᠤᠢᠯᠠᠪᠠᠯ᠂ ᠮᠣᠩᠭᠤᠯ ᠬᠡᠯᠡᠨ ᠦ ᠳᠠᠩ ᠦᠭᠡᠰ ᠦᠨ 《ᠳᠦᠷᠢᠮᠵᠢᠭᠦᠯᠦᠭᠰᠡᠨ ᠪᠢᠴᠢᠯᠭᠡ》 ᠪᠠ 《ᠮᠣᠩᠭᠤᠯ ᠵᠥᠪ ᠪᠢᠴᠢᠯᠭᠡ ᠶᠢᠨ ᠲᠣᠯᠢ》 ᠪᠣᠯ ᠮᠣᠩᠭᠤᠯ ᠬᠡᠯᠡᠨ ᠦ ᠳᠠᠩ ᠦᠭᠡᠰ ᠦᠨ ᠨᠢᠭᠡᠲᠦᠯ ᠦᠭᠡᠢ ᠪᠢᠴᠢᠯᠭᠡ 13 ᠳ᠋ᠤᠭᠠᠷ ᠵᠠᠭᠤᠨ ᠠᠴᠠ 20 ᠳ᠋ᠤᠭᠠᠷ ᠵᠠᠭᠤᠨ ᠤ ᠨᠠᠶᠠᠭᠠᠳ ᠣᠨ ᠪᠣᠯᠲᠠᠯ᠎ᠠ ᠦᠷᠭᠦᠯᠵᠢᠯᠡᠵᠦ ᠢᠷᠡᠭᠰᠡᠨ ᠲᠡᠦᠬᠡᠨ ᠪᠠᠢᠳᠠᠯ ᠪᠠ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ᠂ ᠣᠨᠴᠠᠭᠠᠢᠯᠠᠨ ᠤᠯᠤᠰ ᠪᠠᠢᠭᠤᠯᠤᠭᠳᠠᠭᠰᠠᠨ ᠠᠴᠠ ᠰᠡᠭᠦᠯᠡᠷ ᠥᠪᠡᠷᠲᠡᠭᠡᠨ ᠵᠠᠰᠠᠬᠤ ᠣᠷᠤᠨ ᠤ ᠨᠠᠮ ᠵᠠᠰᠠᠭ ᠤᠨ ᠲᠠᠯ᠎ᠠ ᠠᠴᠠ ᠮᠣᠩᠭᠤᠯ ᠬᠡᠯᠡ  ᠪᠢᠴᠢᠭ ᠦ᠋ᠨ ᠬᠥᠭᠵᠢᠯ᠂ ᠳᠦᠷᠢᠮᠵᠢᠯ᠂ ᠪᠠᠷᠢᠮᠵᠢᠶᠠᠵᠢᠯ ᠤᠨ ᠠᠵᠢᠯ ᠢ ᠴᠢᠬᠤᠯᠠᠴᠢᠯᠠᠨ ᠦᠵᠡᠭᠰᠡᠨ ᠲᠡᠦᠬᠡᠨ ᠠᠬᠤᠢ ᠵᠢᠴᠢ ᠴᠦᠢᠵᠢᠠᠣᠳᠰᠠᠷ᠂ ᠳᠠᠨᠵᠠᠨᠳᠠᠭᠪᠠ᠂ ᠲᠦᠮᠡᠳ ᠦ᠋ᠨ ᠭᠠᠯᠰᠠᠩ᠂ ᠯᠣᠪᠰᠠᠩᠴᠦ᠋ᠢᠺᠤᠸᠠᠷ᠂ ᠪᠥᠬᠡᠵᠢᠷᠭᠠᠯ᠂ ᠰᠢᠨᠡᠳᠭᠡ᠂ ᠼ᠊ · ᠨᠣᠷᠵᠢᠨ᠂ ᠨᠠ᠊ · ᠭᠣᠨᠴᠤᠭᠰᠦ᠋ᠷᠦᠩ ᠵᠡᠷᠭᠡ ᠦᠶ᠎ᠡ ᠦᠶ᠎ᠡ ᠶᠢᠨ ᠡᠷᠳᠡᠮᠲᠡᠳ ᠦ᠋ᠨ ᠰᠤᠳᠤᠯᠭ᠎ᠠ ᠰᠢᠨᠵᠢᠯᠡᠭᠡ᠂ ᠴᠥᠬᠦᠷᠡᠯ ᠦᠭᠡᠢ ᠴᠢᠷᠮᠠᠢᠯᠭ᠎ᠠ ᠶᠢᠨ ᠦᠷ᠎ᠡ ᠳ᠋ᠦᠩ ᠳ᠋ᠦ᠍ ᠥᠪᠡᠷᠲᠡᠭᠡᠨ ᠵᠠᠰᠠᠬᠤ ᠣᠷᠤᠨ ᠤ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ ᠵᠡᠷᠭᠡ ᠪᠠᠢᠭᠤᠯᠭ᠎ᠠ ᠨᠢᠭᠡᠴᠢ ᠭᠠᠷ ᠣᠷᠤᠵᠤ᠂ ᠮᠣᠩᠭᠤᠯ ᠬᠡᠯᠡ  ᠪᠢᠴᠢᠭ ᠦ᠋ᠨ ᠡᠷᠳᠡᠮᠲᠡᠳ ᠦ᠋ᠨ ᠦᠨ᠎ᠡ ᠴᠡᠨ᠎ᠡ ᠪᠦᠬᠦᠢ ᠡᠷᠳᠡᠮ ᠰᠢᠨᠵᠢᠯᠡᠭᠡᠨ ᠦ ᠦᠷ᠎ᠡ ᠪᠦᠲᠦᠭᠡᠯ ᠢ ᠰᠢᠩᠭᠡᠭᠡᠨ ᠠᠪᠤᠭᠰᠠᠨ ᠡᠷᠳᠡᠮ ᠰᠢᠨᠵᠢᠯᠡᠭᠡᠨ ᠦ ᠪᠦᠲᠦᠭᠡᠯ ᠶᠤᠮ᠃ ᠡᠨᠡ ᠨᠢ ᠶᠠᠷᠢᠶᠠᠨ ᠦᠭᠡᠢ ᠮᠣᠩᠭᠤᠯ ᠬᠡᠯᠡᠨ ᠦ ᠳᠠᠩ ᠦᠭᠡᠰ ᠦᠨ 《ᠳᠦᠷᠢᠮᠵᠢᠭᠦᠯᠦᠭᠰᠡᠨ ᠪᠢᠴᠢᠯᠭᠡ》 ᠪᠠ 《ᠮᠣᠩᠭᠤᠯ ᠵᠥᠪ ᠪᠢᠴᠢᠯᠭᠡ ᠶᠢᠨ ᠲᠣᠯᠢ》 ᠶᠢ 100%ᠪᠠᠷ ᠵᠥᠪᠲᠦᠭᠡᠵᠦ ᠪᠠᠢᠭ᠎ᠠ ᠵᠦᠢᠯ ᠪᠢᠰᠢ᠃ ᠬᠠᠷᠢᠨ ᠮᠣᠩᠭᠤᠯ ᠬᠡᠯᠡ  ᠪᠢᠴᠢᠭ ᠦ᠋ᠨ ᠠᠵᠢᠯ ᠢ ᠵᠥᠪ ᠴᠢᠭᠯᠡᠯ ᠢᠶᠡᠷ ᠤᠯᠠᠮ ᠨᠢᠭᠡ ᠠᠯᠬᠤᠮ ᠤᠷᠤᠭᠰᠢ ᠠᠬᠢᠭᠤᠯᠬᠤ ᠶᠢᠨ ᠲᠥᠯᠦᠭᠡ ᠣᠷᠤᠰᠢᠵᠤ ᠪᠠᠢᠭ᠎ᠠ ᠠᠰᠠᠭᠤᠳᠠᠯ ᠳᠤ ᠪᠢᠳᠡ ᠦᠨᠡᠨ ᠵᠥᠪ ᠢ᠋ᠶ᠋ᠡᠷ ᠬᠠᠨᠳᠤᠵᠤ ᠵᠠᠰᠠᠨ ᠰᠠᠢᠵᠢᠷᠠᠭᠤᠯᠬᠤ ᠶᠢᠨ ᠲᠥᠯᠦᠭᠡ ᠶᠤᠮ᠃    (ᠦᠷᠭᠦᠯᠵᠢᠯᠡᠯ ᠪᠤᠢ)

ᠵᠡᠭᠦᠯᠲᠡ᠄

ᠨᠠ᠊ · ᠭᠣᠨᠴᠤᠭᠰᠦ᠋ᠷᠦᠩ ᠦ᠋ᠨ 《ᠮᠣᠩᠭᠤᠯ  ᠪᠢᠴᠢᠭ ᠦ᠋ᠨ ᠬᠡᠯᠡᠨ ᠦ ᠵᠥᠪ ᠪᠢᠴᠢᠬᠦ ᠵᠦᠢ》᠂ ᠥᠪᠦᠷ ᠮᠣᠩᠭᠤᠯ ᠤᠨ ᠠᠷᠠᠳ ᠤᠨ ᠬᠡᠪᠯᠡᠯ ᠦᠨ ᠬᠣᠷᠢᠶ᠎ᠠ᠂ 1997 ᠣᠨ᠃ ᠣᠷᠤᠰᠢᠯ ᠠ᠋ᠴᠠ ᠲᠠᠮ ᠡᠰᠢᠯᠡᠪᠡ᠃

ᠨᠠ᠊ · ᠭᠣᠨᠴᠤᠭᠰᠦ᠋ᠷᠦᠩ᠄ 《ᠳᠦᠷᠢᠮᠵᠢᠭᠦᠯᠦᠭᠰᠡᠨ ᠦᠭᠡ ᠨᠦᠭᠦᠳ ᠪᠠ <ᠮᠣᠩᠭᠤᠯ ᠵᠥᠪ ᠪᠢᠴᠢᠯᠭᠡ ᠶᠢᠨ ᠲᠣᠯᠢ >》᠂ 《ᠮᠣᠩᠭᠤᠯ ᠬᠡᠯᠡ ᠤᠳᠭ᠎ᠠ ᠵᠣᠬᠢᠶᠠᠯ》᠂ 2002 ᠣᠨ ᠤ 3 ᠳ᠋ᠤᠭᠠᠷ ᠬᠤᠭᠤᠴᠠᠭ᠎ᠠ᠃

ᠪᠣᠣ ᠰᠢᠶᠠᠩ᠄ 《ᠮᠣᠩᠭᠤᠯ ᠦᠰᠦᠭ  ᠪᠢᠴᠢᠭ ᠦ᠋ᠨ ᠤᠬᠠᠭᠠᠨ》᠂ ᠥᠪᠦᠷ ᠮᠣᠩᠭᠤᠯ ᠤᠨ ᠰᠤᠷᠭᠠᠨ ᠬᠥᠮᠦᠵᠢᠯ ᠦᠨ ᠬᠡᠪᠯᠡᠯ ᠦᠨ ᠬᠣᠷᠢᠶ᠎ᠠ᠂ 1984 ᠤᠨ᠂ 28 ᠳ᠋ᠤᠭᠠᠷ ᠨᠢᠭᠤᠷ ᠲᠦ᠍᠃

ᠨᠠ᠊ · ᠭᠣᠨᠴᠤᠭᠰᠦ᠋ᠷᠦᠩ᠄ 《ᠮᠣᠩᠭᠤᠯ  ᠪᠢᠴᠢᠭ ᠦ᠋ᠨ ᠬᠡᠯᠡᠨ ᠦ ᠵᠥᠪ ᠪᠢᠴᠢᠬᠦ ᠵᠦᠢ》᠂ ᠥᠪᠦᠷ ᠮᠣᠩᠭᠤᠯ ᠤᠨ ᠠᠷᠠᠳ ᠤᠨ ᠬᠡᠪᠯᠡᠯ ᠦᠨ ᠬᠣᠷᠢᠶ᠎ᠠ᠂ 1997 ᠣᠨ᠂ 69᠂ 70 ᠳ᠋ᠤᠭᠠᠷ ᠨᠢᠭᠤᠷ ᠲᠦ᠍᠃

ᠼ᠊ · ᠨᠣᠷᠵᠢᠨ᠄ 《ᠮᠣᠩᠭᠤᠯ ᠬᠡᠯᠡᠨ ᠦ ᠭᠣᠣᠯ ᠶᠣᠰᠤ》᠂ ᠥᠪᠦᠷ ᠮᠣᠩᠭᠤᠯ ᠤᠨ ᠰᠤᠷᠭᠠᠨ ᠬᠥᠮᠦᠵᠢᠯ ᠦᠨ ᠬᠡᠪᠯᠡᠯ ᠦᠨ ᠬᠣᠷᠢᠶ᠎ᠠ᠂ 1987 ᠣᠨ᠂ 33 ᠳ᠋ᠤᠭᠠᠷ ᠨᠢᠭᠤᠷ ᠲᠦ᠍᠃

ᠳ᠋᠊ · ᠪᠠᠭᠠᠲᠤᠷ᠄ 《<ᠮᠣᠩᠭᠤᠯ ᠵᠥᠪ ᠪᠢᠴᠢᠯᠭᠡ ᠶᠢᠨ ᠲᠣᠯᠢ > ᠶᠢᠨ ᠲᠤᠬᠠᠢ ᠥᠭᠦᠯᠡᠬᠦ ᠨᠢ》᠂ 《ᠮᠣᠩᠭᠤᠯ ᠬᠡᠯᠡ  ᠪᠢᠴᠢᠭ》᠂ 2003 ᠣᠨ 10 ᠳ᠋ᠤᠭᠠᠷ ᠬᠤᠭᠤᠴᠠᠭ᠎ᠠ᠃

ᠴᠢ᠊ · ᠰᠡᠴᠡᠨ᠄ 《ᠮᠣᠩᠭᠤᠯ ᠬᠡᠯᠡᠨ ᠦ ᠳᠠᠩ ᠦᠭᠡᠰ ᠦᠨ ᠪᠢᠴᠢᠯᠭᠡ ᠶᠢ ᠳᠦᠷᠢᠮᠵᠢᠭᠦᠯᠬᠦ ᠲᠥᠷᠦ ᠶ᠋ᠢᠨ ᠪᠣᠳᠤᠯᠭ᠎ᠠ ᠶᠢᠨ ᠦᠨᠳᠦᠰᠦᠯᠡᠯ ᠪᠣᠯᠤᠨ ᠣᠨᠤᠯ ᠤᠨ ᠦᠨᠳᠦᠰᠦᠯᠡᠯ》᠂ ᠥᠪᠦᠷ ᠮᠣᠩᠭᠤᠯ ᠤᠨ ᠠᠷᠠᠳ ᠤᠨ ᠬᠡᠪᠯᠡᠯ ᠦᠨ ᠬᠣᠷᠢᠶ᠎ᠠ᠂ 2002 ᠣᠨ᠂ 144 — 147᠂ 150 — 173 ᠳ᠋ᠤᠭᠠᠷ ᠨᠢᠭᠤᠷ ᠲᠦ᠍᠃

ᠰᠢᠨᠡᠳᠭᠡ᠄ 《ᠤᠯᠤᠰ ᠪᠠᠢᠭᠤᠯᠤᠭᠳᠠᠭᠰᠠᠨ ᠠᠴᠠ ᠢᠨᠠᠭᠰᠢᠬᠢ ᠮᠣᠩᠭᠤᠯ  ᠪᠢᠴᠢᠭ ᠦ᠋ᠨ ᠵᠥᠪ ᠪᠢᠴᠢᠯᠭᠡ ᠶᠢᠨ ᠳᠦᠷᠢᠮ ᠦᠨ ᠲᠠᠯ᠎ᠠ ᠪᠠᠷ ᠬᠢ ᠰᠠᠢᠵᠢᠷᠠᠭᠤᠯᠤᠯᠲᠠ ᠪᠠ ᠰᠤᠳᠤᠯᠭᠠᠨ》᠂ 《ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠦ ᠰᠡᠳᠭᠦᠯ》᠂ 1984 ᠣᠨ ᠤ 3 ᠳ᠋ᠤᠭᠠᠷ ᠬᠤᠭᠤᠴᠠᠭ᠎ᠠ᠃

ᠲᠣᠳᠤᠷᠬᠠᠢᠯᠠᠯᠲᠠ᠄ 《ᠮᠣᠩᠭᠤᠯ ᠵᠥᠪ ᠪᠢᠴᠢᠯᠭᠡ ᠶᠢᠨ ᠲᠣᠯᠢ》 ᠳᠠᠬᠢ ᠲᠠᠩ ᠦᠭᠡᠰ ᠦᠨ ᠪᠢᠴᠢᠯᠭᠡ ᠶᠢ ᠳᠦᠷᠢᠮᠵᠢᠭᠦᠯᠦᠭᠰᠡᠨ ᠠᠷᠭ᠎ᠠ᠂ ᠵᠠᠷᠴᠢᠮ ᠤᠨ ᠬᠡᠰᠡᠭ ᠢ ᠴᠢ᠊ · ᠰᠡᠴᠡᠨ ᠦ 《ᠮᠣᠩᠭᠤᠯ ᠬᠡᠯᠡᠨ ᠦ ᠳᠠᠩ ᠦᠭᠡᠰ ᠦᠨ ᠪᠢᠴᠢᠯᠭᠡ ᠶᠢ ᠳᠦᠷᠢᠮᠵᠢᠭᠦᠯᠬᠦ ᠲᠥᠷᠦ ᠶ᠋ᠢᠨ ᠪᠣᠳᠤᠯᠭ᠎ᠠ ᠶᠢᠨ ᠦᠨᠳᠦᠰᠦᠯᠡᠯ ᠪᠣᠯᠤᠨ ᠣᠨᠤᠯ ᠤᠨ ᠦᠨᠳᠦᠰᠦᠯᠡᠯ》 (ᠥᠪᠦᠷ ᠮᠣᠩᠭᠤᠯ ᠤᠨ ᠠᠷᠠᠳ ᠤᠨ ᠬᠡᠪᠯᠡᠯ ᠦᠨ ᠬᠣᠷᠢᠶ᠎ᠠ᠂ 2002 ᠣᠨ) ᠭᠡᠳᠡᠭ ᠨᠣᠮ ᠠᠴᠠ ᠲᠣᠪᠴᠢᠯᠠᠵᠤ ᠠᠪᠤᠪᠠ᠃

    

          ᠢᠷᠡᠯᠲᠡ᠄ 《ᠮᠣᠩᠭᠤᠯ ᠬᠡᠯᠡ ᠪᠢᠴᠢᠭ》 ᠰᠡᠳᠭᠦᠯ᠂  2017 ᠣᠨ ᠤ᠋ 7  ᠳ᠋ᠤᠭᠠᠷ ᠬᠤᠭᠤᠴᠠᠭ᠎ᠠ   

        

 

 

ᠸᠢᠴᠠᠲ ᠲᠤ ᠪᠠᠨ ᠬᠤᠪᠢᠶᠠᠯᠴᠠᠬᠤ