《ᠮᠣᠩᠭᠤᠯ ᠵᠥᠪ ᠪᠢᠴᠢᠯᠭᠡ ᠶᠢᠨ ᠲᠣᠯᠢ》 ᠳ᠋ᠡᠬᠢ ᠰᠢᠨ᠎ᠡ ᠪᠡᠷ ᠳᠦᠷᠢᠮᠵᠢᠭᠦᠯᠦᠭᠰᠡᠨ ᠦᠭᠡᠰ ᠦᠨ ᠬᠡᠷᠡᠭᠯᠡᠭᠡᠨ ᠦ ᠪᠠᠢᠳᠠᠯ ᠤᠨ ᠲᠤᠬᠠᠢ ᠪᠠᠢᠴᠠᠭᠠᠨ ᠰᠤᠳᠤᠯᠤᠯᠲᠠ(ᠲᠡᠭᠦᠰᠭᠡᠯ)
ᠵᠣᠬᠢᠶᠠᠭᠴᠢ᠄ ᠬᠦᠷᠡᠯᠪᠠᠭᠠᠲᠤᠷ ᠲᠦᠮᠡᠨᠵᠢᠷᠭᠠᠯ ᠰᠡᠴᠡᠨᠪᠠᠭᠠᠲᠤᠷ
2018.06.09

 ᠭᠤᠷᠪᠠ᠂ ᠣᠷᠤᠰᠢᠵᠤ ᠪᠠᠢᠭ᠎ᠠ ᠠᠰᠠᠭᠤᠳᠠᠯ ᠪᠠ ᠰᠢᠢᠳᠪᠦᠷᠢᠯᠡᠬᠦ ᠠᠷᠭ᠎ᠠ ᠵᠠᠷᠴᠢᠮ

 

(ᠨᠢᠭᠡ) 《ᠮᠣᠩᠭᠤᠯ ᠵᠥᠪ ᠪᠢᠴᠢᠯᠭᠡ ᠶᠢᠨ ᠲᠣᠯᠢ》 ᠶᠢ ᠵᠣᠬᠢᠶᠠᠵᠤ ᠬᠡᠪᠯᠡᠭᠦᠯᠦᠭᠰᠡᠨ ᠶᠠᠪᠤᠳᠠᠯ ᠪᠣᠯ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠮᠣᠩᠭᠤᠯ ᠬᠡᠯᠡ ᠪᠢᠴᠢᠭ ᠦ᠋ᠨ ᠠᠵᠢᠯ ᠤᠨ ᠲᠡᠦᠬᠡᠨ ᠳᠦ ᠲᠡᠮᠳᠡᠭᠯᠡᠵᠦ ᠦᠯᠡᠳᠡᠭᠡᠬᠦ ᠶᠣᠰᠤᠲᠠᠢ ᠴᠢᠬᠤᠯᠠ ᠬᠡᠷᠡᠭ ᠶᠠᠪᠤᠳᠠᠯ ᠮᠥᠨ ᠭᠡᠵᠦ ᠦᠵᠡᠵᠦ ᠪᠣᠯᠤᠨ᠎ᠠ᠃ ᠤᠳᠠᠭᠠᠨ ᠬᠤᠭᠤᠴᠠᠭᠠᠨ ᠤ ᠲᠤᠷᠰᠢ ᠨᠢᠭᠡ ᠦᠭᠡ ᠤᠯᠠᠨ ᠶᠠᠩᠵᠤ ᠶᠢᠨ ᠬᠤᠪᠢᠯᠪᠤᠷᠢ ᠪᠠᠷ ᠪᠢᠴᠢᠭᠳᠡᠬᠦ᠂ ᠳᠦᠷᠢᠮᠵᠢᠯ ᠦᠭᠡᠢ ᠪᠢᠴᠢᠭᠳᠡᠬᠦ ᠶᠠᠪᠤᠳᠠᠯ ᠨᠢ ᠮᠣᠩᠭᠤᠯ ᠬᠡᠯᠡ ᠶᠢ ᠰᠤᠷᠴᠤ ᠬᠡᠷᠡᠭᠯᠡᠬᠦ ᠳᠦ ᠳᠥᠭᠦᠮ ᠦᠭᠡᠢ ᠪᠠᠢᠭᠰᠠᠨ ᠲᠡᠳᠦᠢ ᠦᠭᠡᠢ ᠦᠰᠦᠭ ᠪᠢᠴᠢᠭ ᠢ᠋ ᠣᠳᠣᠬᠢ ᠲᠧᠭᠨᠢᠭ ᠮᠡᠷᠭᠡᠵᠢᠯ ᠲᠡᠢ ᠤᠶᠠᠯᠳᠤᠭᠤᠯᠬᠤ᠂ ᠬᠡᠯᠡᠨ ᠦ ᠳᠦᠷᠢᠮᠵᠢᠯ ᠢ ᠠᠬᠢᠭᠤᠯᠬᠤ ᠵᠡᠷᠭᠡ ᠤᠯᠠᠨ ᠲᠠᠯ᠎ᠠ ᠶᠢᠨ ᠠᠵᠢᠯ ᠳᠤ ᠪᠦᠷ ᠠᠰᠢᠭ ᠦᠭᠡᠢ ᠶᠤᠮ᠃ ᠡᠢᠮᠦ ᠪᠠᠢᠳᠠᠯ ᠳᠤ ᠴᠢᠭᠯᠡᠭᠦᠯᠦᠨ ᠮᠣᠩᠭᠤᠯ ᠦᠰᠦᠭ ᠪᠢᠴᠢᠭ ᠢ᠋ ᠬᠠᠯᠠᠨ ᠰᠠᠢᠵᠢᠷᠠᠭᠤᠯᠬᠤ ᠶᠢᠨ ᠲᠥᠯᠦᠭᠡ ᠰᠡᠳᠦᠨ ᠬᠢᠭᠰᠡᠨ ᠡᠨᠡ ᠬᠦ ᠲᠥᠷᠦ ᠶᠢᠨ ᠪᠣᠳᠤᠯᠭ᠎ᠠ ᠶᠢᠨ ᠴᠢᠨᠠᠷᠲᠠᠢ ᠠᠵᠢᠯ ᠤᠨ ᠭᠣᠣᠯ ᠴᠢᠭᠯᠡᠯ ᠪᠣᠯ ᠶᠡᠷᠦ ᠡᠴᠡ ᠪᠤᠷᠤᠭᠤᠳᠠᠭᠰᠠᠨ ᠦᠭᠡᠢ᠂ ᠭᠡᠪᠡᠴᠦ ᠡᠨᠡ ᠠᠵᠢᠯ ᠢ ᠬᠢᠬᠦ ᠶᠠᠪᠤᠴᠠ ᠳᠤ ᠵᠠᠷᠢᠮ ᠠᠰᠠᠭᠤᠳᠠᠯ ᠢ ᠵᠦᠢ ᠵᠣᠬᠢᠰᠲᠠᠢ ᠰᠢᠢᠳᠪᠦᠷᠢᠯᠡᠵᠦ ᠴᠢᠳᠠᠭᠰᠠᠨ ᠦᠭᠡᠢ ᠡᠴᠡ ᠪᠣᠯᠤᠭᠠᠳ ᠴᠥᠭᠡᠨ ᠵᠦᠢᠯ ᠳᠡᠭᠡᠷ᠎ᠡ ᠠᠯᠳᠠᠰᠢ ᠲᠠᠢ ᠪᠣᠯᠤᠭᠰᠠᠨ ᠭᠡᠳᠡᠭ ᠨᠢ  ᠴᠦ ᠦᠨᠡᠨ ᠪᠠᠢᠨ᠎ᠠ᠃ ᠲᠤᠰ ᠲᠣᠯᠢ ᠪᠢᠴᠢᠭ ᠲᠦ᠍ ᠡᠢᠮᠦ ᠲᠡᠢᠮᠦ ᠠᠰᠠᠭᠤᠳᠠᠯ ᠭᠠᠷᠤᠭᠰᠠᠨ ᠭᠡᠳᠡᠭ ᠨᠡᠷ᠎ᠡ ᠪᠡᠷ ᠮᠣᠩᠭᠤᠯ ᠦᠰᠦᠭ  ᠪᠢᠴᠢᠭ ᠦ᠋ᠨ ᠬᠠᠯᠠᠨ ᠰᠠᠢᠵᠢᠷᠠᠭᠤᠯᠤᠯᠲᠠ ᠶᠢᠨ ᠪᠦᠬᠦ ᠠᠵᠢᠯ ᠪᠠ ᠪᠦᠬᠦ ᠠᠭᠤᠯᠭ᠎ᠠ ᠶᠢ ᠦᠭᠡᠢᠰᠭᠡᠵᠦ ᠪᠣᠯᠬᠤ ᠦᠭᠡᠢ᠃ ᠠᠯᠳᠠᠵᠤ ᠤᠨᠤᠭᠰᠠᠨ ᠢ ᠨᠢ ᠵᠥᠪ ᠢᠶᠡᠷ ᠦᠨᠡᠯᠡᠨ ᠳ᠋ᠦᠩᠨᠡᠵᠦ᠂ ᠬᠣᠢᠰᠢᠳᠠ ᠶᠢᠨ ᠦᠰᠦᠭ  ᠪᠢᠴᠢᠭ ᠦ᠋ᠨ ᠠᠵᠢᠯ ᠳᠠᠭᠠᠨ ᠳᠡᠮ ᠲᠤᠰᠠ ᠪᠣᠯᠭᠠᠬᠤ ᠶᠣᠰᠤᠲᠠᠢ ᠶᠤᠮ᠃

ᠶᠠᠭᠤᠨ ᠤ ᠤᠷᠢᠳ 《ᠮᠣᠩᠭᠤᠯ ᠵᠥᠪ ᠪᠢᠴᠢᠯᠭᠡ ᠶᠢᠨ ᠲᠣᠯᠢ》 ᠶᠢᠨ ᠣᠯᠤᠯᠲᠠ ᠠᠮᠵᠢᠯᠲᠠ  ᠶᠢ ᠭᠣᠣᠯᠴᠢ ᠪᠠᠷ ᠦᠨᠡᠯᠡᠬᠦ ᠶᠠᠪᠤᠳᠠᠯ ᠮᠠᠰᠢ ᠴᠢᠬᠤᠯᠠ ᠪᠠᠢᠨ᠎ᠠ᠃

ᠨᠢᠭᠡ ᠳᠦ᠂ ᠲᠤᠰ ᠲᠣᠯᠢ ᠪᠢᠴᠢᠭ ᠪᠣᠯ ᠲᠦᠷᠦᠭᠦᠦ ᠵᠠᠭᠤᠨ ᠤ ᠳᠠᠯᠠ ᠨᠠᠶᠠᠭᠠᠳ ᠣᠨ ᠠ᠋ᠴᠠ ᠡᠷᠳᠡᠮᠲᠡᠳ ᠦᠨ ᠡᠬᠢᠯᠡᠭᠦᠯᠵᠦ ᠬᠢᠭᠰᠡᠨ ᠮᠣᠩᠭᠤᠯ ᠪᠢᠴᠢᠭ ᠦ᠋ᠨ ᠵᠥᠪ ᠪᠢᠴᠢᠯᠭᠡ ᠶᠢᠨ ᠲᠠᠯ᠎ᠠ ᠪᠠᠷ ᠬᠢ ᠰᠤᠳᠤᠯᠭᠠᠨ ᠳᠤ ᠰᠠᠭᠤᠷᠢᠯᠠᠵᠤ᠂ ᠲᠡᠭᠦᠨ ᠢ ᠪᠣᠳᠠᠲᠠᠢ ᠪᠡᠶᠡᠯᠡᠭᠦᠯᠦᠭᠰᠡᠨ ᠠᠩᠬᠠᠨ ᠤ ᠠᠵᠢᠯ ᠮᠥᠨ ᠭᠡᠵᠦ ᠬᠡᠯᠡᠵᠦ ᠪᠣᠯᠬᠤ ᠶᠤᠮ᠃ ᠲᠣᠯᠢ ᠪᠢᠴᠢᠭ ᠢ᠋ ᠬᠡᠪᠯᠡᠭᠦᠯᠬᠦ ᠡᠴᠡ ᠡᠮᠦᠨ᠎ᠡ ᠬᠠᠮᠢᠶ᠎ᠠ ᠪᠦᠬᠦᠢ ᠬᠥᠮᠦᠰ ᠨᠢᠭᠡ ᠪᠦᠯᠦᠭ ᠦᠭᠡᠰ ᠦᠨ ᠪᠢᠴᠢᠯᠭᠡ  ᠶᠢ ᠳᠦᠷᠢᠮᠵᠢᠭᠦᠯᠬᠦ ᠠᠵᠢᠯ ᠢ ᠱᠠᠯᠠᠪᠳᠠᠨ ᠬᠢᠬᠦ ᠬᠡᠷᠡᠭᠲᠡᠢ ᠭᠡᠳᠡᠭ ᠢ ᠲᠠᠨᠢᠵᠤ᠂ ᠵᠠᠰᠠᠭ ᠤᠨ ᠲᠠᠯ᠎ᠠ ᠶᠢᠨ ᠳᠡᠮᠵᠢᠯᠭᠡ ᠪᠠ ᠵᠢᠯᠤᠭᠤᠳᠤᠯᠭ᠎ᠠ ᠳᠣᠣᠷ᠎ᠠ ᠵᠥᠪ ᠪᠢᠴᠢᠯᠭᠡ ᠶᠢᠨ ᠲᠣᠯᠢ ᠪᠢᠴᠢᠭ ᠬᠡᠪᠯᠡᠭᠦᠯᠬᠦ ᠠᠵᠢᠯ ᠢ ᠡᠬᠢᠯᠡᠭᠦᠯᠵᠡᠢ᠃ ᠡᠢᠮᠦ ᠤᠴᠢᠷ ᠠᠴᠠ ᠲᠣᠯᠢ ᠪᠢᠴᠢᠭ ᠲᠦ᠍ ᠭᠠᠷᠤᠭᠰᠠᠨ ᠠᠰᠠᠭᠤᠳᠠᠯ ᠢ ᠪᠢᠳᠡ ᠡᠢᠮᠦ ᠲᠡᠢᠮᠦ ᠭᠡᠵᠦ ᠰᠢᠭᠦᠮᠵᠢᠯᠡᠨ ᠬᠡᠯᠡᠯᠴᠡᠬᠦ  ᠶᠢᠨ ᠳᠠᠭᠠᠤ ᠡᠨᠡ ᠠᠵᠢᠯ ᠤᠨ ᠴᠢᠬᠤᠯᠠ ᠴᠢᠨᠠᠷ ᠪᠠ ᠲᠡᠦᠬᠡᠲᠦ ᠠᠴᠢ ᠬᠣᠯᠪᠤᠭᠳᠠᠯ ᠢ ᠡᠷᠬᠡᠪᠰᠢ ᠵᠥᠪ ᠪᠦᠭᠡᠤᠨ ᠭᠣᠣᠯᠴᠢ ᠦᠨᠡᠯᠡᠬᠦ ᠬᠡᠷᠡᠭᠲᠡᠢ ᠶᠤᠮ᠃

ᠬᠣᠶᠠᠷ ᠲᠤ᠂ ᠬᠣᠶᠠᠷ ᠪᠤᠶᠤ ᠬᠡᠳᠦᠨ ᠪᠢᠴᠢᠯᠭᠡ ᠲᠡᠢ ᠪᠠᠢᠭᠰᠠᠨ ᠤᠯᠠᠨ ᠦᠭᠡ  ᠶᠢ ᠨᠢᠭᠡᠳᠭᠡᠨ ᠨᠢᠭᠡ ᠳᠦᠷᠰᠦ ᠪᠣᠯᠭᠠᠨ ᠳᠦᠷᠢᠮᠵᠢᠭᠦᠯᠦᠭᠰᠡᠨ ᠨᠢ ᠮᠣᠩᠭᠤᠯ ᠪᠢᠴᠢᠭ ᠦ᠋ᠨ ᠵᠥᠪ ᠪᠢᠴᠢᠯᠭᠡ ᠳᠦ ᠤᠷᠤᠰᠢᠠᠠᠰᠠᠭᠠᠷ ᠢᠷᠡᠭᠰᠡᠨ ᠰᠠᠮᠠᠭᠤᠷᠠᠯ ᠢ ᠵᠦᠭᠰᠢᠷᠡᠭᠦᠯᠬᠦ ᠲᠠᠯ᠎ᠠ ᠪᠠᠷ ᠢᠳᠡᠪᠬᠢᠲᠡᠢ ᠨᠥᠯᠦᠭᠡ ᠭᠠᠷᠭᠠᠭᠰᠠᠨ ᠭᠡᠵᠦ ᠦᠵᠡᠵᠦ ᠪᠣᠯᠤᠨ᠎ᠠ᠃ ᠵᠢᠱ᠌ᠢᠶᠡᠯᠡᠪᠡᠯ᠄ ᠠᠢᠬᠤᠪᠲᠤᠷ~ ᠠᠢᠬᠤᠲᠤᠷ᠂ ᠠᠩᠬᠠᠳᠠᠭᠴᠢ~ ᠠᠩᠬᠠᠳᠤᠭᠴᠢ᠂ ᠠᠷᠠᠯᠵᠢᠶ᠎ᠠ~ ᠠᠷᠠᠯᠵᠢᠭ᠎ᠠ᠂ ᠡᠢᠮᠦᠷᠬᠦᠦ~ ᠡᠢᠮᠦᠷᠬᠡᠦ~ ᠡᠢᠮᠦᠷᠬᠦ᠂ ᠡᠯᠮᠡᠭ~ ᠡᠯᠡᠮᠡᠭ~ ᠡᠯᠮᠢᠭ᠂ ᠡᠷᠢᠨ~ ᠡᠷᠡᠨ᠂ ᠡᠷᠭᠢᠭᠦᠯ~ ᠡᠷᠭᠢᠦᠯ᠂ ᠢᠭᠴᠤ~ᠢᠠᠠᠴᠢ~ ᠢᠭᠴᠦ᠂ ᠢᠯᠢᠭᠦᠷ~ ᠢᠯᠡᠦᠷ᠂  ᠢᠴᠢᠩᠭᠦᠷᠡᠬᠦ~ ᠢᠴᠡᠩᠭᠦᠷᠡᠬᠦ᠂ ᠣᠨᠴᠠᠭᠠᠢ~ ᠣᠨᠴᠤᠭᠤᠢ~ ᠣᠨᠴᠤᠭᠠᠢ᠂ ᠤᠮᠳᠠ~ ᠤᠨᠳᠠ᠂ ᠤᠯᠠᠪᠤᠷ~ ᠤᠯᠠᠪᠠᠷ~ ᠤᠯᠠᠪᠢᠷ ᠭᠡᠬᠦ ᠮᠡᠲᠦ  ᠶᠢᠨ ᠤᠯᠠᠨ ᠬᠤᠪᠢᠯᠪᠤᠷᠢ ᠪᠢᠴᠢᠯᠭᠡ ᠲᠡᠢ ᠦᠭᠡ  ᠶᠢᠨ ᠳᠣᠲᠤᠷ᠎ᠠ ᠠ᠋ᠴᠠ ᠡᠮᠦᠨᠡᠬᠢ ᠪᠡᠷ ᠨᠢ ᠳᠦᠷᠢᠮᠵᠢᠭᠦᠯᠬᠦ ᠪᠡᠷ ᠰᠢᠢᠳᠦᠭᠰᠡᠨ ᠨᠢ ᠣᠯᠠᠩᠬᠢ ᠬᠥᠮᠦᠰ ᠲᠦ ᠵᠥᠪᠰᠢᠶᠡᠷᠡᠭᠳᠡᠵᠦ ᠪᠠᠢᠨ᠎ᠠ᠃ ᠡᠨᠡ ᠪᠣᠯ ᠲᠤᠰ ᠲᠣᠯᠢ  ᠪᠢᠴᠢᠭ ᠦ᠋ᠨ ᠭᠣᠣᠯ ᠠᠮᠵᠢᠯᠲᠠ ᠲᠠᠢ ᠪᠣᠯᠤᠭᠰᠠᠨ ᠭᠠᠵᠠᠷ ᠮᠥᠨ ᠭᠡᠵᠦ ᠦᠨᠡᠯᠡᠵᠦ ᠪᠣᠯᠤᠨ᠎ᠠ᠃

ᠭᠤᠷᠪᠠ ᠳᠤ᠂ ᠵᠠᠷᠢᠮ ᠦᠭᠡᠨ ᠳᠦ ᠳᠠᠭᠠᠪᠤᠷᠢ ᠵᠠᠯᠭᠠᠬᠤ ᠳᠤ ᠰᠠᠯᠭᠠᠵᠤ ᠨᠡᠢᠯᠡᠭᠦᠯᠵᠦ ᠬᠣᠶᠠᠷ ᠶᠠᠩᠵᠤ ᠪᠠᠷ ᠪᠢᠴᠢᠳᠡᠭ ᠪᠠᠢᠭᠰᠠᠨ ᠢ ᠨᠢᠭᠡ ᠯᠡ ᠪᠢᠴᠢᠯᠭᠡ ᠪᠡᠷ ᠳᠦᠷᠢᠮᠵᠢᠭᠦᠯᠪᠠ᠃ ᠵᠢᠱ᠌ᠢᠶᠡᠯᠡᠪᠡᠯ᠄ ᠡᠭᠦᠨ ᠦ~ ᠡᠭᠦᠨᠡᠢ᠂ ᠡᠭᠦᠨ ᠡᠴᠡ~ ᠡᠭᠦᠨᠡᠴᠡ᠂ ᠡᠭᠦᠨ ᠢᠶᠡᠷ~ ᠡᠭᠦᠪᠡᠷ ᠭᠡᠬᠦ ᠮᠡᠲᠦ᠃ ᠡᠳᠡᠭᠡᠷ ᠵᠦᠢᠯ ᠳᠡᠭᠡᠷ᠎ᠡ ᠬᠥᠮᠦᠰ ᠪᠠᠷᠤᠭ ᠰᠠᠨᠠᠯ ᠨᠢᠭᠡᠲᠡᠢ ᠳᠡᠮᠵᠢᠵᠦ ᠪᠤᠢ᠃

(ᠬᠣᠶᠠᠷ)ᠳᠡᠭᠡᠷ᠎ᠡ ᠵᠥᠪᠬᠡᠨ ᠮᠠᠨ ᠤ ᠲᠠᠯ᠎ᠠ ᠠᠴᠠ ᠲᠤᠰ ᠲᠣᠯᠢ ᠪᠢᠴᠢᠭ ᠦ᠋ᠨ ᠠᠮᠵᠢᠯᠲᠠ ᠲᠠᠢ ᠪᠣᠯᠤᠭᠰᠠᠨ ᠭᠠᠵᠠᠷ ᠢ ᠬᠡᠳᠦᠨ ᠲᠠᠯ᠎ᠠ ᠪᠠᠷ ᠳ᠋ᠦᠩᠨᠡᠪᠡ᠃ ᠮᠠᠨ ᠤ ᠳᠤᠭᠤᠢᠯᠠᠩ ᠤᠨ ᠬᠢᠨ 《ᠮᠣᠩᠭᠤᠯ ᠵᠥᠪ ᠪᠢᠴᠢᠯᠭᠡ ᠶᠢᠨ ᠲᠣᠯᠢ》 ᠶᠢᠨ ᠳᠣᠲᠤᠷᠠᠬᠢ ᠳᠦᠷᠢᠮᠵᠢᠭᠦᠯᠬᠦ ᠪᠡᠷ ᠲᠣᠭᠲᠠᠭᠰᠠᠨ ᠦᠭᠡ  ᠶᠢ ᠬᠡᠷᠬᠢᠨ ᠬᠡᠷᠡᠭᠯᠡᠵᠦ ᠪᠠᠢᠭ᠎ᠠ ᠪᠠᠢᠳᠠᠯ ᠳᠤ ᠬᠠᠨᠳᠤᠭᠤᠯᠵᠤ᠂ ᠰᠢᠯᠢ  ᠶᠢᠨ ᠭᠣᠣᠯ ᠠᠢᠮᠠᠭ ᠤᠨ ᠰᠢᠯᠢ  ᠶᠢᠨ ᠬᠣᠲᠠ᠂ ᠰᠢᠯᠤᠭᠤᠨ ᠬᠥᠪᠡᠭᠡᠲᠦ ᠴᠠᠭᠠᠨ ᠬᠣᠰᠢᠭᠤ᠂ ᠣᠷᠳᠤᠰ ᠬᠤᠳᠠ  ᠶᠢᠨ ᠬᠢᠶ᠎ᠠ ᠪᠠᠭᠰᠢ ᠲᠣᠭᠤᠷᠢᠭ ᠪᠣᠯᠤᠨ ᠤᠯᠠᠭᠠᠨᠬᠠᠳᠠ ᠬᠣᠲᠠ ᠶ᠋ᠢᠨ ᠠᠷᠤ ᠬᠣᠷᠴᠢᠨ ᠬᠣᠰᠢᠭᠤ᠂ ᠵᠢᠨᠢᠩ ᠬᠣᠲᠠ᠂ ᠪᠤᠭᠤᠲᠤ ᠬᠤᠳᠠ ᠵᠡᠷᠭᠡ ᠭᠠᠵᠠᠷ ᠲᠤ ᠬᠡᠳᠦ ᠤᠳᠠᠭ᠎ᠠ ᠪᠠᠭ᠎ᠠ ᠬᠡᠪᠴᠢᠶᠡᠨ ᠦ ᠬᠤᠷᠠᠯ ᠬᠢᠵᠦ ᠬᠥᠮᠦᠰ ᠦᠨ ᠡᠨᠡ ᠲᠤᠬᠠᠢ ᠪᠣᠳᠤᠯ ᠰᠠᠨᠠᠯ ᠢ ᠰᠣᠨᠤᠰᠤᠭᠰᠠᠨ ᠪᠢᠯᠡ᠃ ᠬᠤᠷᠠᠯ ᠳᠤ ᠭᠣᠣᠯᠳᠠᠭᠤ ᠲᠤᠰ ᠲᠣᠯᠢ ᠪᠢᠴᠢᠭ ᠲᠦ᠍ ᠣᠷᠤᠰᠢᠵᠤ ᠪᠠᠢᠭ᠎ᠠ ᠠᠰᠠᠭᠤᠳᠠᠯ ᠪᠠ ᠮᠥᠨ ᠲᠡᠷᠡᠴᠢᠯᠡᠨ ᠣᠳᠣᠬᠠᠨ ᠤ᠋ ᠰᠣᠨᠢᠨ ᠰᠡᠳᠭᠦᠯ᠂ ᠨᠣᠮ ᠬᠡᠪᠯᠡᠯ ᠳᠦ ᠳᠦᠷᠢᠮᠵᠢᠭᠦᠯᠦᠭᠰᠡᠨ ᠵᠥᠪ ᠪᠢᠴᠢᠯᠭᠡ ᠪᠠ ᠬᠤᠪᠢᠯᠪᠤᠷᠢ ᠪᠢᠴᠢᠯᠭᠡ  ᠶᠢ ᠬᠡᠷᠬᠢᠨ ᠬᠡᠷᠡᠭᠯᠡᠬᠦ ᠲᠤᠬᠠᠢ ᠤᠯᠠᠨ ᠠᠰᠠᠭᠤᠳᠠᠯ ᠤᠨ ᠲᠠᠯ᠎ᠠ ᠪᠠᠷ ᠴᠢᠯᠦᠭᠡᠲᠡᠢ ᠶᠠᠷᠢᠯᠴᠠᠭᠰᠠᠨ ᠤ ᠳ᠋ᠦᠩ ᠳᠦ ᠬᠥᠮᠦᠰ ᠦᠨ ᠰᠠᠨᠠᠯ ᠭᠣᠣᠯᠳᠠᠭᠤ ᠳᠣᠣᠷᠠᠬᠢ ᠬᠡᠳᠦᠨ ᠲᠠᠯ᠎ᠠ ᠶᠢᠨ ᠠᠰᠠᠭᠤᠳᠠᠯ ᠳᠤ ᠢᠯᠡᠭᠦᠦ ᠲᠥᠪᠯᠡᠷᠡᠵᠦ ᠪᠠᠢᠪᠠ᠃

1. ᠮᠣᠩᠭᠤᠯ ᠪᠢᠴᠢᠭ ᠦ᠋ᠨ ᠳᠦᠷᠢᠮᠵᠢᠭᠦᠯᠦᠭᠰᠡᠨ ᠪᠢᠴᠢᠯᠭᠡ  ᠶᠢ ᠵᠠᠰᠠᠭ ᠤᠨ ᠲᠠᠯ᠎ᠠ ᠠᠴᠠ ᠨᠢᠭᠡᠳᠦᠯᠲᠡᠢ ᠠᠷᠭ᠎ᠠ ᠪᠣᠳᠤᠯᠭ᠎ᠠ ᠳᠠᠭᠠᠨ ᠲᠤᠯᠳᠤᠢᠳᠤᠨ ᠡᠮᠬᠢ ᠴᠡᠭᠴᠡᠲᠡᠢ ᠲᠣᠭᠲᠠᠭᠠᠨ ᠬᠡᠷᠡᠭᠵᠢᠭᠦᠯᠦᠭᠰᠡᠨ ᠶᠠᠪᠤᠳᠠᠯ ᠪᠣᠯ ᠣᠳᠣᠬᠠᠨ ᠳ᠋ᠤ᠌ ᠣᠷᠤᠰᠢᠵᠤ ᠪᠠᠢᠭ᠎ᠠ ᠵᠥᠪ ᠪᠢᠴᠢᠯᠭᠡ ᠶᠢᠨ ᠲᠠᠯ᠎ᠠ ᠪᠠᠷ ᠬᠢ ᠰᠠᠮᠠᠭᠤᠷᠠᠯ ᠢ ᠵᠦᠭᠰᠢᠷᠡᠭᠦᠯᠬᠦ ᠳᠦ ᠮᠠᠰᠢ ᠴᠢᠬᠤᠯᠠ ᠠᠴᠢ ᠬᠣᠯᠪᠤᠭᠳᠠᠯ ᠲᠠᠢ ᠭᠡᠳᠡᠭ ᠢ ᠵᠣᠩᠬᠢᠯᠠᠬᠤ ᠬᠥᠮᠦᠰ ᠵᠥᠪᠰᠢᠶᠡᠷᠡᠵᠦ ᠪᠠᠢᠬᠤ ᠪᠥᠭᠡᠳ ᠡᠨᠡ ᠲᠠᠯ᠎ᠠ ᠪᠠᠷ 《ᠮᠣᠩᠭᠤᠯ ᠵᠥᠪ ᠪᠢᠴᠢᠯᠭᠡ ᠶᠢᠨ ᠲᠣᠯᠢ》 ᠴᠢᠬᠤᠯᠠ ᠡᠭᠦᠷᠭᠡ ᠭᠦᠢᠴᠡᠳᠭᠡᠭᠰᠡᠨ ᠭᠡᠵᠦ ᠦᠵᠡᠵᠦ ᠪᠤᠢ᠃ ᠡᠭᠦᠨ ᠦ ᠳᠠᠭᠠᠤ 《ᠮᠣᠩᠭᠤᠯ ᠵᠥᠪ ᠪᠢᠴᠢᠯᠭᠡ ᠶᠢᠨ ᠲᠣᠯᠢ》 ᠳᠤ ᠵᠥᠪ ᠪᠢᠴᠢᠯᠭᠡ ᠶᠢᠨ ᠠᠰᠠᠭᠤᠳᠠᠯ ᠢ ᠰᠢᠢᠳᠪᠦᠷᠢᠯᠡᠬᠦ ᠨᠡᠷ᠎ᠡ ᠪᠡᠷ ᠡᠳᠦᠢ ᠲᠡᠳᠦᠢ ᠰᠢᠨ᠎ᠡ ᠠᠰᠠᠭᠤᠳᠠᠯ ᠢ ᠳᠠᠭᠠᠭᠤᠯᠵᠤ ᠠᠪᠴᠢᠷᠠᠭᠰᠠᠨ ᠪᠣᠯᠬᠣᠷ ᠵᠥᠪ ᠪᠢᠴᠢᠯᠭᠡ ᠶᠢᠨ ᠠᠰᠠᠭᠤᠳᠠᠯ ᠢ ᠦᠨᠳᠦᠰᠦᠨ ᠡᠴᠡ ᠨᠢ ᠰᠢᠢᠳᠪᠦᠷᠢᠯᠡᠵᠦ ᠴᠢᠳᠠᠭᠰᠠᠨ ᠦᠭᠡᠢ᠂ ᠵᠠᠷᠢᠮ ᠲᠠᠯ᠎ᠠ ᠪᠠᠷ ᠢᠯᠡᠭᠦᠴᠡ ᠶᠠᠷᠰᠢᠭ ᠪᠤᠳᠤᠯᠢᠶᠠᠨ ᠢ ᠨᠡᠢᠭᠡᠮ ᠨᠡᠢᠲᠡ ᠳᠦ ᠲᠤᠯᠭᠠᠵᠤ ᠥᠭᠭᠦᠭᠰᠡᠨ ᠭᠡᠳᠡᠭ ᠦᠵᠡᠯᠲᠡ ᠲᠡᠢ ᠨᠢᠭᠡ ᠪᠦᠯᠦᠭ ᠬᠥᠮᠦᠰ  ᠴᠦ ᠪᠤᠢ᠃

2. ᠵᠠᠷᠢᠮ ᠪᠠᠢᠭᠤᠯᠭ᠎ᠠ ᠨᠢᠭᠡᠴᠢ  ᠶᠢᠨ ᠬᠢᠨ ᠰᠣᠨᠢᠨ ᠰᠡᠳᠭᠦᠯ ᠨᠠᠢᠷᠠᠭᠤᠯᠬᠤ ᠳᠠᠭᠠᠨ 《ᠮᠣᠩᠭᠤᠯ ᠵᠥᠪ ᠪᠢᠴᠢᠯᠭᠡ ᠶᠢᠨ ᠲᠣᠯᠢ》ᠪᠠᠷ ᠪᠠᠷᠢᠮᠵᠢᠶ᠎ᠠ ᠪᠣᠯᠭᠠᠳᠠᠭ ᠭᠡᠳᠡᠭ ᠪᠣᠯᠪᠠᠴᠤ ᠲᠡᠷᠡ ᠨᠢ ᠵᠥᠪᠬᠡᠨ ᠳᠡᠭᠡᠷ᠎ᠡ ᠱᠠᠲᠤᠨ ᠤ ᠲᠣᠭᠲᠠᠭᠠᠯ ᠪᠤᠶᠤ ᠳᠠᠷᠤᠭ᠎ᠠ ᠨᠠᠷ ᠤᠨ ᠵᠢᠭᠠᠪᠤᠷᠢ  ᠶᠢ ᠠᠷᠭ᠎ᠠ ᠪᠤᠰᠤ ᠳᠠᠭᠠᠭᠰᠠᠨ ᠲᠡᠳᠦᠢ ᠬᠡᠷᠡᠭ ᠪᠠᠢᠵᠠᠢ᠃ ᠬᠠᠷᠢᠨ ᠠᠷᠠᠳ ᠤᠯᠠᠨ ᠤ ᠳᠤᠮᠳᠠ ᠤᠳᠠᠭᠠᠨ ᠵᠢᠯ ᠬᠡᠷᠡᠭᠯᠡᠭᠳᠡᠵᠦ᠂ ᠨᠢᠭᠡᠨᠲᠡ ᠲᠠᠨᠢᠯ ᠳᠠᠰᠤᠯ ᠪᠣᠯᠵᠤ ᠰᠡᠳᠭᠢᠯ ᠵᠢᠷᠦᠬᠡᠨ ᠳᠦᠨᠢ ᠭᠦᠨ ᠬᠠᠳᠠᠩᠰᠢᠭᠰᠠᠨ ᠤᠯᠠᠨ ᠦᠭᠡ  ᠶᠢᠨ ᠪᠢᠴᠢᠯᠭᠡ 《ᠳᠦᠷᠢᠮᠵᠢᠭᠦᠯᠦᠭᠰᠡᠨ》 ᠭᠡᠳᠡᠭ ᠨᠡᠷ᠎ᠡ  ᠶᠢᠨ ᠳᠣᠣᠷ᠎ᠠ ᠣᠷᠬᠢᠭᠳᠠᠵᠤ ᠪᠠᠢᠭ᠎ᠠ ᠳᠤ ᠰᠡᠳᠭᠢᠯ ᠵᠢᠷᠦᠬᠡ ᠮᠠᠰᠢ ᠡᠮᠵᠡᠭᠯᠡᠵᠦ ᠪᠠᠢᠭ᠎ᠠ ᠪᠠᠨ ᠵᠠᠷᠢᠮ ᠬᠥᠮᠦᠰ ᠮᠥᠨ ᠰᠢᠭᠤᠳ ᠢᠯᠡᠷᠬᠡᠢᠯᠡᠵᠦ ᠪᠠᠢᠯ᠎ᠠ᠃ ᠵᠢᠱ᠌ᠢᠶᠡᠯᠡᠪᠡᠯ᠄ ᠨᠠᠰᠢ᠂ ᠨᠠᠰᠢᠯᠠᠬᠤ᠂ ᠴᠠᠰᠢ᠂ ᠴᠠᠰᠢᠯᠠᠬᠤ᠂ ᠲᠤᠤᠱᠯᠠᠭᠤᠯᠬᠤ᠂ ᠰᠢᠳᠭᠡᠬᠦ᠂ ᠳᠡᠮᠪᠡᠷᠢᠯ᠂ ᠭᠱᠠᠨ ᠭᠡᠬᠦ ᠮᠡᠲᠦ  ᠶᠢᠨ ᠦᠭᠡ  ᠶᠢᠨ ᠪᠢᠴᠢᠯᠭᠡ  ᠶᠢ ᠨᠢᠭᠡᠳᠭᠡᠬᠦ ᠴᠢᠬᠤᠯᠠ ᠦᠭᠡᠢ ᠭᠡᠳᠡᠭ ᠳᠡᠭᠡᠷ᠎ᠡ ᠬᠥᠮᠦᠰ ᠦᠨ ᠰᠠᠨᠠᠯ ᠲᠥᠪᠯᠡᠷᠡᠵᠦ ᠪᠤᠢ᠃

3. 《ᠮᠣᠩᠭᠤᠯ ᠵᠥᠪ ᠪᠢᠴᠢᠯᠭᠡ ᠶᠢᠨ ᠲᠣᠯᠢ》 ᠳᠤ ᠬᠥᠮᠦᠰ ᠢ ᠠᠮᠠᠷᠬᠠᠨ ᠲᠥᠭᠡᠷᠢᠭᠦᠯᠳᠡᠭ ᠨᠢᠭᠡ ᠦᠭᠡ  ᠶᠢᠨ ᠤᠯᠠᠨ ᠬᠤᠪᠢᠯᠪᠤᠷᠢ ᠪᠢᠴᠢᠯᠭᠡ  ᠶᠢ ᠨᠢᠭᠡᠳᠭᠡᠨ ᠳᠦᠷᠢᠮᠵᠢᠭᠦᠯᠬᠦ ᠪᠡᠷ ᠲᠣᠭᠲᠠᠭᠠᠭᠰᠠᠨ ᠨᠢ ᠮᠠᠰᠢ ᠵᠦᠢᠲᠡᠢ ᠪᠣᠯᠤᠭᠰᠠᠨ ᠭᠡᠳᠡᠭ ᠢ ᠣᠯᠠᠩᠬᠢ ᠬᠥᠮᠦᠰ ᠮᠡᠳᠡᠷᠡᠵᠦ ᠪᠠᠢᠨ᠎ᠠ᠃ ᠵᠢᠱ᠌ᠢᠶᠡᠯᠡᠪᠡᠯ᠄ ᠤᠭᠢᠶᠠᠬᠤ~ ᠤᠭᠠᠬᠤ᠂ ᠤᠰᠤᠯᠠᠬᠤ~ ᠤᠰᠤᠯᠬᠤ᠂ ᠰᠢᠭᠦᠷᠡᠬᠦ~ ᠰᠢᠭᠦᠷᠬᠦ᠂ ᠣᠨᠴᠠ~ ᠣᠨᠴᠤ᠂ ᠠᠷᠠᠯᠵᠢᠶ᠎ᠠ~ ᠠᠷᠠᠯᠵᠢᠭ᠎ᠠ᠂ ᠣᠷᠢᠶᠠᠬᠤ~ ᠣᠷᠤᠭᠠᠬᠤ᠂ ᠤᠭᠢᠯᠠᠬᠤ~ ᠤᠢᠯᠠᠬᠤ᠂ ᠤᠳᠪᠠᠯᠠ~ ᠤᠳ᠋ᠪᠠᠯ᠎ᠠ᠂ ᠮᠠᠢᠮᠠᠢ~ ᠮᠠᠢᠮᠠᠭ᠎ᠠ ᠭᠡᠬᠦ ᠮᠡᠲᠦ  ᠶᠢᠨ ᠨᠢᠭᠡ ᠦᠭᠡ  ᠶᠢᠨ ᠠᠳᠠᠯᠢ ᠪᠤᠰᠤ ᠪᠢᠴᠢᠯᠭᠡ  ᠶᠢ ᠳᠦᠷᠢᠮᠵᠢᠭᠦᠯᠦᠨ ᠨᠢᠭᠡᠳᠭᠡᠭᠰᠡᠨ ᠶᠠᠪᠤᠳᠠᠯ ᠨᠢ ᠨᠡᠢᠭᠡᠮ ᠦᠨ ᠱᠠᠭᠠᠷᠳᠠᠯᠭ᠎ᠠ ᠪᠠ ᠬᠡᠯᠡ  ᠪᠢᠴᠢᠭ ᠦ᠋ᠨ ᠬᠥᠭᠵᠢᠯ ᠦ᠋ᠨ ᠲᠤᠰ ᠪᠡᠶ᠎ᠡ  ᠶᠢᠨ ᠬᠢᠨᠢ ᠵᠢᠮ᠎ᠡ ᠶᠣᠰᠤᠨ ᠳᠤ ᠨᠡᠢᠴᠡᠭᠰᠡᠨ ᠪᠠᠢᠨ᠎ᠠ᠃ ᠭᠡᠲᠡᠯ᠎ᠡ  ᠤᠤᠯ ᠳᠠᠭᠠᠨ ᠭᠠᠷᠤᠯ ᠨᠢᠭᠡᠲᠡᠢ ᠪᠣᠯᠪᠠᠴᠤ ᠤᠳᠠᠭᠠᠨ ᠣᠨ ᠤ᠋ ᠬᠡᠷᠡᠭᠯᠡᠭᠡᠨ ᠦ ᠶᠠᠪᠤᠴᠠ ᠳᠤ ᠤᠳᠭ᠎ᠠ ᠰᠠᠯᠪᠤᠷᠢᠯᠠᠵᠤ᠂ ᠠᠳᠠᠯᠢ ᠪᠤᠰᠤ ᠳᠦᠷᠰᠦ ᠪᠡᠷ ᠬᠡᠪᠰᠢᠨ ᠳᠦᠷᠢᠮᠵᠢᠭᠡᠳ ᠲᠤᠰ ᠲᠤᠰ ᠲᠠᠭᠠᠨ ᠪᠡᠶ᠎ᠡ ᠪᠡᠨ ᠳᠠᠭᠠᠭᠠᠭᠰᠠᠨ ᠦᠭᠡ  ᠶᠢᠨ ᠰᠠᠩ ᠤᠨ ᠤᠳᠭ᠎ᠠ ᠪᠦᠬᠦᠢ ᠨᠢᠭᠡᠴᠢ ᠪᠣᠯᠵᠤ ᠬᠥᠭᠵᠢᠭᠰᠡᠨ ᠵᠠᠷᠢᠮ ᠦᠭᠡ  ᠶᠢ ᠬᠠᠷ᠎ᠠ ᠠᠯᠪᠠ ᠪᠠᠷ ᠮᠤᠰᠭᠢᠵᠤ ᠨᠢᠭᠡᠳᠭᠡᠭᠰᠡᠨ ᠶᠠᠪᠤᠳᠠᠯ ᠪᠣᠯ ᠬᠠᠮᠤᠭ ᠤᠨ ᠶᠡᠬᠡ ᠠᠯᠳᠠᠰᠢ ᠪᠣᠯᠤᠭᠰᠠᠨ ᠭᠡᠵᠦ ᠦᠵᠡᠵᠦ ᠪᠠᠢᠭ᠎ᠠ ᠬᠥᠮᠦᠰ ᠴᠥᠭᠡᠨ ᠦᠭᠡᠢ ᠪᠤᠢ᠃ ᠵᠢᠱ᠌ᠢᠶᠡᠯᠡᠪᠡᠯ᠄ ᠱᠦᠭᠦᠬᠦ᠂ ᠰᠢᠭᠦᠬᠦ ᠬᠣᠶᠠᠷ ᠢ ᠰᠢᠭᠦᠬᠦ ᠪᠣᠯᠭᠠᠨ ᠨᠢᠭᠡᠳᠭᠡᠭᠰᠡᠨ︔ ᠮᠥᠷᠢ (ᠬᠢᠳᠤᠭᠠᠨ ᠤ)᠂ ᠮᠥᠷᠦ ᠬᠣᠶᠠᠷ ᠢ ᠮᠥᠷᠦ ᠪᠣᠯᠭᠠᠨ ᠨᠢᠭᠡᠳᠭᠡᠭᠰᠡᠨ︔ ᠢᠵᠢᠯ᠂ ᠢᠵᠢᠯᠢ ᠬᠣᠶᠠᠷ ᠢ ᠢᠵᠢᠯᠢ ᠪᠣᠯᠭᠠᠨ ᠨᠢᠭᠡᠳᠭᠡᠭᠰᠡᠨ︔ ᠨᠢᠭᠡᠴᠡ᠂ ᠨᠢᠭᠡᠴᠢ ᠬᠣᠶᠠᠷ ᠢ ᠨᠢᠭᠡᠴᠢ ᠪᠣᠯᠭᠠᠨ ᠨᠢᠭᠡᠳᠭᠡᠭᠰᠡᠨ︔ ᠬᠤᠤᠷ᠂ ᠬᠣᠣᠷ᠎ᠠ ᠬᠣᠶᠠᠷ ᠢ ᠬᠤᠤᠷ ᠪᠣᠯᠭᠠᠨ ᠨᠢᠭᠡᠳᠭᠡᠭᠰᠡᠨ ᠲᠠᠯ᠎ᠠ ᠪᠠᠷ ᠬᠥᠮᠦᠰ ᠬᠦᠯᠢᠶᠡᠵᠦ ᠠᠪᠴᠤ ᠴᠢᠳᠠᠬᠤ ᠦᠭᠡᠢ ᠪᠠᠢᠭ᠎ᠠ ᠪᠠᠨ ᠢᠯᠡᠷᠬᠡᠢᠯᠡᠵᠦ ᠪᠠᠢᠯ᠎ᠠ᠃ ᠪᠠᠰᠠ 《ᠮᠤᠤᠰᠠᠢᠨ》 (ᠮᠠᠭᠤᠰᠠᠢᠨ) ᠢ《ᠮᠠᠭᠤ ᠰᠠᠢᠨ》 ᠭᠡᠬᠦ ᠬᠣᠶᠠᠷ ᠦᠭᠡ ᠪᠣᠯᠭᠠᠨ ᠪᠢᠴᠢᠬᠦ ᠪᠡᠷ ᠲᠣᠭᠲᠠᠭᠠᠭᠰᠠᠨ ᠨᠢ ᠲᠡᠳᠡᠨ ᠦ ᠦᠵᠡᠬᠦ ᠪᠡᠷ ᠲᠣᠳᠤᠷᠬᠠᠢ ᠪᠠᠷᠢᠮᠵᠢᠶ᠎ᠠ ᠦᠭᠡᠢ ᠪᠠᠢᠭᠰᠠᠨ ᠠᠴᠠ ᠰᠢᠯᠲᠠᠭᠠᠯᠠᠭᠰᠠᠨ ᠪᠠᠢᠨ᠎ᠠ᠃ ᠬᠡᠷᠪᠡ ᠡᠨᠡ ᠮᠡᠲᠦᠴᠢᠯᠡᠨ ᠨᠢᠭᠡᠳᠭᠡᠬᠦ ᠶᠤᠮ ᠪᠣᠯ ᠲᠠᠭᠤ~ ᠳᠠᠭᠤᠤ᠂ ᠡᠪᠦᠷ~ ᠥᠪᠦᠷ᠂ ᠰᠡᠴᠡᠨ~ ᠴᠡᠴᠡᠨ᠂ ᠮᠠᠩᠨᠠᠢ~ ᠮᠠᠩᠯᠠᠢ  ᠶᠢ  ᠴᠦ ᠨᠢᠭᠡᠳᠭᠡᠬᠦ ᠬᠡᠷᠡᠭᠲᠡᠢ ᠪᠣᠯᠤᠨ᠎ᠠ᠃ ᠭᠡᠬᠦ ᠳᠦ ᠡᠳᠡᠭᠡᠷ ᠦᠭᠡᠰ ᠢ ᠬᠠᠷᠢᠨ ᠨᠢᠭᠡᠳᠭᠡᠭᠡ ᠦᠭᠡᠢ᠂ ᠨᠢᠭᠡᠳᠭᠡᠵᠦ  ᠴᠦ ᠴᠢᠳᠠᠬᠤ ᠦᠭᠡᠢ ᠶᠤᠮ᠃ ᠲᠦᠷᠦᠭᠦᠦ ᠵᠠᠭᠤᠨ ᠤ ᠨᠠᠶᠠᠭᠠᠳ ᠣᠨ ᠳ᠋ᠤ᠌《ᠳᠦᠷᠢᠮᠵᠢᠭᠦᠯᠦᠭᠰᠡᠨ ᠪᠢᠴᠢᠯᠭᠡ》 ᠠᠩᠬ᠎ᠠ ᠭᠠᠷᠴᠤ ᠢᠷᠡᠵᠦ ᠪᠠᠢᠬᠤ ᠳᠤ ᠡᠢᠮᠦᠷᠬᠦᠦ ᠰᠢᠨᠵᠢ ᠴᠢᠨᠠᠷᠲᠠᠢ ᠠᠰᠠᠭᠤᠳᠠᠯ ᠲᠤᠯᠭᠠᠷᠠᠪᠠᠯ ᠬᠠᠷ᠎ᠠ ᠠᠯᠪᠠ ᠪᠠᠷ ᠨᠢᠭᠡᠳᠭᠡᠬᠦ ᠦᠭᠡᠢ ᠭᠡᠰᠡᠨ ᠵᠠᠷᠴᠢᠮ ᠢ ᠪᠠᠷᠢᠮᠲᠠᠯᠠᠵᠤ ᠪᠠᠢᠭᠰᠠᠨ ᠨᠢ ᠮᠠᠰᠢ ᠵᠦᠢᠲᠡᠢ᠃ ᠲᠤᠰ ᠲᠣᠯᠢ ᠪᠢᠴᠢᠭ ᠲᠦ᠍ ᠨᠢᠭᠡ ᠪᠦᠯᠦᠭ ᠦᠭᠡᠰ ᠢ ᠡᠢᠨ  ᠬᠦ ᠨᠢᠭᠡᠳᠭᠡᠭᠰᠡᠨ ᠡᠴᠡ ᠪᠣᠯᠤᠭᠠᠳ ᠳᠡᠳᠡᠭᠡᠷ ᠨᠢ ᠲᠣᠯᠢ ᠪᠢᠴᠢᠭ ᠡᠴᠡ ᠬᠠᠢᠷ᠎ᠠ ᠨᠠᠢᠷ ᠦᠭᠡᠢ ᠴᠡᠪᠡᠷᠯᠡᠭᠳᠡᠨ ᠭᠠᠷᠤᠭᠠᠳ ᠮᠣᠩᠭᠤᠯ ᠬᠡᠯᠡᠨ ᠦ ᠦᠭᠡ  ᠶᠢᠨ ᠰᠠᠩ ᠤᠨ ᠪᠠᠶᠠᠯᠢᠠᠠᠵᠢᠯ ᠳᠤ ᠬᠣᠬᠢᠷᠠᠯ ᠤᠴᠠᠷᠠᠭᠤᠯᠤᠭᠰᠠᠨ ᠭᠡᠵᠦ ᠬᠥᠮᠦᠰ ᠦᠵᠡᠵᠦ ᠪᠠᠢᠬᠤ ᠪᠦᠭᠡᠤᠨ ᠡᠢᠮᠦᠷᠬᠦᠦ ᠠᠯᠳᠠᠭ᠎ᠠ  ᠶᠢ ᠡᠷᠲᠡᠬᠡᠨ ᠵᠠᠯᠠᠷᠠᠭᠤᠯᠬᠤ ᠬᠡᠷᠡᠭᠲᠡᠢ ᠭᠡᠵᠦ ᠬᠤᠷᠠᠯ ᠳᠤ ᠣᠷᠤᠯᠴᠠᠭᠰᠠᠨ ᠬᠥᠮᠦᠰ ᠬᠠᠲᠠᠭᠤ ᠱᠠᠭᠠᠷᠳᠠᠯᠭ᠎ᠠ ᠲᠠᠯᠪᠢᠵᠤ ᠪᠠᠢᠯ᠎ᠠ᠃

4. 《ᠮᠣᠩᠭᠤᠯ ᠵᠥᠪ ᠪᠢᠴᠢᠯᠭᠡ ᠶᠢᠨ ᠲᠣᠯᠢ》 ᠳᠤ ᠨᠢᠭᠡᠳᠦᠯᠲᠡᠢ ᠵᠠᠷᠴᠢᠮ ᠢᠶᠠᠷ ᠪᠢᠰᠢ᠂ ᠳᠤᠷ᠎ᠠ ᠲᠠᠪᠠ ᠪᠠᠷ ᠢᠶᠠᠨ 《ᠳᠦᠷᠢᠮᠵᠢᠭᠦᠯᠦᠭᠰᠡᠨ》 ᠵᠦᠢᠯ ᠨᠡᠯᠢᠶᠡᠳ ᠬᠠᠷᠠᠭᠳᠠᠵᠤ ᠪᠠᠢᠨ᠎ᠠ᠃ ᠵᠢᠱ᠌ᠢᠶᠡᠯᠡᠪᠡᠯ᠄ 《ᠣᠯᠢᠤ ᠰᠣᠯᠢᠤ》 ᠶᠢ 《ᠤᠯᠢᠭᠤ ᠰᠤᠯᠢᠭᠤ》 ᠭᠡᠵᠦ ᠳᠦᠷᠢᠮᠵᠢᠭᠦᠯᠦᠭᠰᠡᠨ ᠪᠠᠢᠲᠠᠯ᠎ᠠ ᠪᠠᠨ 《ᠤᠯᠢᠭᠤ ᠳᠣᠯᠢᠤ》  ᠶᠢᠨ  《ᠳᠣᠯᠢᠤ》 ᠶᠢ ᠲᠡᠷᠡ ᠬᠡᠪ ᠢᠶᠡᠷ ᠨᠢ ᠦᠯᠡᠳᠡᠭᠡᠭᠰᠡᠨ ᠪᠠᠢᠨ᠎ᠠ᠃ 《ᠦᠷ》 ᠢ《ᠦᠤᠷ》 ᠭᠡᠵᠦ ᠳᠠᠪᠬᠤᠷ ᠭᠡᠳᠡᠰᠦ ᠲᠡᠢ ᠪᠢᠴᠢᠬᠦ ᠪᠡᠷ ᠲᠣᠭᠲᠠᠭᠠᠭᠰᠠᠨ ᠪᠠᠢᠲᠠᠯ᠎ᠠ ᠪᠠᠨ 《 ᠪᠤᠤᠪᠠᠢ》 ᠶᠢ ᠬᠠᠷᠢᠨ 《ᠪᠦᠪᠡᠢ》 ᠪᠣᠯᠭᠠᠨ ᠨᠢᠭᠡ ᠭᠡᠳᠡᠰᠦ  ᠶᠢ ᠨᠢ ᠠᠪᠴᠤ ᠬᠠᠶᠠᠵᠠᠢ᠃ ᠦᠨᠡᠨ ᠢ ᠬᠡᠯᠡᠬᠦ ᠳᠦ ᠡᠨᠡ ᠬᠣᠶᠠᠷ ᠪᠦᠷ ᠠᠳᠠᠯᠢᠬᠠᠨ ᠤᠷᠲᠤ ᠡᠭᠡᠰᠢᠭ ᠲᠡᠢ ᠦᠭᠡ ᠤᠴᠢᠷ ᠠᠴᠠ ᠨᠢᠭᠡ ᠯᠡ ᠵᠠᠷᠴᠢᠮ ᠢᠶᠠᠷ ᠰᠢᠢᠳᠪᠦᠷᠢᠯᠡᠬᠦ ᠨᠢ ᠵᠦᠢᠲᠡᠢ ᠪᠠᠢᠭᠰᠠᠨ ᠶᠤᠮ᠃

5. 《ᠮᠣᠩᠭᠤᠯ ᠵᠥᠪ ᠪᠢᠴᠢᠯᠭᠡ ᠶᠢᠨ ᠲᠣᠯᠢ》 ᠥᠩᠭᠡᠷᠡᠭᠰᠡᠨ ᠳᠦ ᠬᠡᠷᠡᠭᠯᠡᠭᠳᠡᠵᠦ ᠪᠠᠢᠭᠰᠠᠨ ᠵᠠᠷᠢᠮ ᠬᠢᠲᠠᠳ ᠵᠢᠭᠡᠯᠡᠭᠡ ᠦᠭᠡᠰ ᠢ ᠣᠷᠤᠭᠤᠯᠤᠭᠰᠠᠨ ᠨᠢ ᠵᠦᠢ ᠵᠣᠬᠢᠰ ᠦᠭᠡᠢ ᠪᠣᠯᠵᠠᠢ᠃ ᠵᠢᠱ᠌ᠢᠶᠡᠯᠡᠪᠡᠯ᠄ ᠵᠢᠶᠣᠣᠱᠧᠦ᠂ ᠽᠦᠩᠯᠢ᠂ ᠽᠦᠩᠲ᠋ᠦ᠋ᠩ᠂ ᠺᠧᠭᠤᠸᠠᠨ᠂ ᠵᠦᠭᠤᠸᠠᠨ᠂ ᠵᠢᠶᠣᠣᠫᠢᠶᠠᠨ᠂ ᠭᠦᠩᠰᠧ᠂ ᠬᠦᠩᠱᠧ ᠭᠡᠬᠦ ᠮᠡᠲᠦ  ᠶᠢᠨ ᠨᠡᠷ᠎ᠡ ᠲᠣᠮᠢᠶ᠎ᠠ ᠠᠯᠢ ᠡᠷᠲᠡ ᠬᠡᠷᠡᠭᠯᠡᠭᠳᠡᠬᠦ ᠪᠡᠨ ᠪᠣᠯᠢᠭᠠᠳ ᠨᠢᠭᠡᠨᠲᠡ ᠥᠭᠡᠷ᠎ᠡ ᠨᠡᠷ᠎ᠡ ᠲᠣᠮᠢᠶᠠᠨ ᠳᠤ ᠤᠷᠤᠯᠠᠭᠳ᠋ᠬᠠᠰᠠᠨ ᠪᠠᠢᠲᠠᠯ᠎ᠠ ᠲᠡᠳᠡᠭᠡᠷ ᠢ᠋ ᠣᠷᠤᠯᠠᠭᠰᠠᠨ ᠨᠡᠷ᠎ᠡ ᠦᠭᠡ ᠲᠡᠢ ᠨᠢ ᠲᠡᠩᠴᠡᠭᠦᠦ ᠲᠡᠮᠳᠡᠭ ᠢᠶᠡᠷ ᠬᠤᠯᠪᠤᠬᠤ ᠪᠤᠶᠤ ᠰᠢᠭᠤᠳ ᠲᠠᠢᠯᠪᠤᠷᠢ ᠬᠠᠳᠠᠭᠠᠳ ᠵᠥᠪ ᠪᠢᠴᠢᠯᠭᠡ ᠶᠢᠨ ᠲᠣᠯᠢ ᠳ᠋ᠤ᠌ ᠣᠷᠤᠭᠤᠯᠤᠭᠰᠠᠨ ᠨᠢ ᠡᠳᠡᠭᠡᠷ ᠦᠭᠡ  ᠶᠢ ᠣᠳᠣ  ᠴᠦ ᠮᠥᠨ ᠬᠡᠷᠡᠭᠯᠡᠵᠦ ᠪᠣᠯᠬᠤ ᠶᠤᠮ ᠪᠠᠢᠨ᠎ᠠ ᠭᠡᠰᠡᠨ ᠪᠤᠷᠤᠭᠤ ᠣᠢᠯᠠᠭᠠᠯᠲᠠ  ᠶᠢ ᠬᠥᠮᠦᠰ ᠲᠦ ᠥᠭᠴᠦ ᠪᠠᠢᠨ᠎ᠠ᠃ ᠡᠢᠮᠦ ᠵᠦᠢᠯ ᠢ ᠨᠠᠭᠠᠳᠤ ᠵᠠᠬ᠎ᠠ ᠨᠢ ᠵᠥᠪ ᠪᠢᠴᠢᠯᠭᠡ ᠶᠢᠨ ᠲᠣᠯᠢ ᠳ᠋ᠤ᠌ ᠣᠷᠤᠭᠤᠯᠬᠤ ᠱᠠᠭᠠᠷᠳᠠᠯᠭ᠎ᠠ ᠪᠠᠢᠬᠤ ᠦᠭᠡᠢ᠃ ᠬᠡᠷᠪᠡ ᠮᠣᠩᠭᠤᠯ ᠬᠡᠯᠡᠨ ᠦ ᠨᠡᠷ᠎ᠡ ᠲᠣᠮᠢᠶᠠᠨ ᠤ ᠲᠡᠦᠬᠡᠨ ᠪᠠᠢᠳᠠᠯ ᠢ ᠬᠠᠷᠠᠭᠤᠯᠬᠤ ᠵᠣᠷᠢᠯᠭ᠎ᠠ ᠪᠦᠬᠦᠢ ᠲᠣᠯᠢ ᠪᠢᠴᠢᠭ ᠪᠠᠢᠭᠰᠠᠨ ᠪᠣᠯ ᠣᠷᠤᠭᠤᠯᠬᠤ ᠨᠢ ᠵᠦᠢᠲᠡᠢ ᠪᠠᠢᠠᠠᠰᠠᠨ ᠭᠡᠬᠦ ᠮᠡᠲᠦ  ᠶᠢᠨ ᠮᠠᠰᠢ ᠵᠦᠢ ᠵᠣᠬᠢᠰᠲᠠᠢ ᠰᠠᠨᠠᠯ ᠤᠳ ᠭᠠᠷᠴᠠᠢ᠃

6. 《ᠮᠣᠩᠭᠤᠯ ᠵᠥᠪ ᠪᠢᠴᠢᠯᠭᠡ ᠶᠢᠨ ᠲᠣᠯᠢ》 ᠶᠢᠨ ᠨᠡᠮᠡᠨ ᠵᠠᠰᠠᠭᠰᠠᠨ ᠳᠡᠪᠲᠡᠷ ᠢ ᠠᠩᠬᠠᠨ ᠤ ᠬᠡᠪᠯᠡᠯ ᠲᠡᠢ ᠨᠢ ᠬᠠᠷᠢᠴᠠᠭᠤᠯᠵᠤ ᠦᠵᠡᠪᠡᠯ᠂  ᠪᠢᠴᠢᠭ ᠦ᠋ᠨ ᠭᠠᠯᠢᠭ ᠢ ᠨᠢ ᠥᠭᠡᠷᠡᠴᠢᠯᠡᠭᠰᠡᠨ ᠡᠴᠡ ᠭᠠᠳᠠᠨ᠎ᠠ ᠪᠠᠷᠢᠮᠵᠢᠶ᠎ᠠ ᠠᠪᠢᠶᠠᠨ ᠤ ᠳᠠᠭᠤᠳᠠᠯᠭ᠎ᠠ  ᠶᠢᠨ ᠭᠠᠯᠢᠭ ᠨᠡᠮᠡᠭᠰᠡᠨ ᠪᠠᠢᠨ᠎ᠠ᠃ ᠮᠣᠩᠭᠤᠯ ᠦᠭᠡᠨ ᠳᠦᠨᠢ ᠳᠠᠭᠤᠳᠠᠯᠭ᠎ᠠ  ᠶᠢᠨ ᠭᠠᠯᠢᠭ ᠨᠡᠮᠡᠭᠰᠡᠨ ᠶᠠᠪᠤᠳᠠᠯ ᠪᠣᠯ ᠦᠭᠡ  ᠶᠢᠨ ᠪᠢᠴᠢᠯᠭᠡ ᠲᠡᠳᠦᠢ ᠦᠭᠡᠢ ᠮᠣᠩᠭᠤᠯ ᠬᠡᠯᠡᠨ ᠦ ᠪᠠᠷᠢᠮᠵᠢᠶ᠎ᠠ ᠳᠠᠭᠤᠳᠠᠯᠭ᠎ᠠ  ᠶᠢ ᠰᠤᠷᠴᠤ ᠡᠵᠡᠮᠰᠢᠬᠦ ᠪᠠ ᠲᠦᠭᠡᠮᠡᠯᠵᠢᠭᠦᠯᠬᠦ ᠲᠠᠯ᠎ᠠ ᠳᠤ ᠮᠠᠰᠢ ᠶᠡᠬᠡ ᠠᠴᠢ ᠬᠣᠯᠪᠤᠭᠳᠠᠯ ᠲᠠᠢ ᠠᠵᠢᠯ ᠪᠣᠯᠤᠭᠰᠠᠨ ᠨᠢ ᠲᠣᠳᠤᠷᠬᠠᠢ ᠶᠤᠮ᠃  ᠪᠢᠴᠢᠭ ᠦ᠋ᠨ ᠭᠠᠯᠢᠭ ᠨᠢ ᠳᠠᠩᠴᠤ ᠮᠠᠳᠠᠭᠲᠠᠢ ᠮᠥᠷᠲᠡᠭᠡᠨ ᠵᠠᠷᠢᠮ ᠵᠦᠢᠯ ᠳᠡᠭᠡᠷ᠎ᠡ ᠶᠡᠬᠡ ᠣᠨᠴᠠᠭᠠᠢ ᠶᠠᠭᠤᠮ᠎ᠠ ᠪᠣᠯᠪᠠ᠃ ᠵᠢᠱ᠌ᠢᠶᠡᠯᠡᠪᠡᠯ᠄ ᠦᠢᠯᠡ᠂ ᠲᠡᠦᠬᠡ᠂ ᠲᠠᠤᠯᠠᠢ᠂ ᠲᠣᠣᠷ᠂ ᠭᠣᠣᠯ᠂ ᠪᠣᠣᠬᠠᠢ ᠭᠡᠬᠦ ᠵᠡᠷᠭᠡ  ᠶᠢᠨ ᠬᠣᠣᠰ ᠪᠠ ᠤᠷᠲᠤ ᠡᠭᠡᠰᠢᠭ ᠪᠦᠬᠦᠢ ᠦᠭᠡᠰ ᠢ ᠲᠤᠰ ᠲᠤᠰ üyile᠂ tewxe᠂ tawlay᠂ towr᠂ gowl᠂ bowxay ᠭᠡᠬᠦ ᠮᠡᠲᠦ ᠪᠡᠷ ᠭᠠᠯᠢᠭᠯᠠᠭᠰᠠᠨ ᠨᠢ ᠰᠣᠨᠢᠨ ᠵᠢᠭᠲᠡᠢ ᠶᠠᠭᠤᠮ᠎ᠠ ᠪᠣᠯᠵᠠᠢ᠃ ᠡᠷᠳᠡᠮ ᠰᠢᠨᠵᠢᠯᠡᠭᠡᠨ ᠦ ᠣᠨᠴᠠᠭᠠᠢ ᠬᠡᠷᠡᠭᠴᠡᠭᠡ ᠪᠡᠷ ᠲᠣᠭᠲᠠᠭᠰᠠᠨ ᠬᠡᠪᠴᠢᠶᠡᠨ ᠳᠦ ᠡᠢᠮᠦ ᠭᠠᠯᠢᠭ ᠪᠠᠢᠵᠤ ᠪᠣᠯᠤᠮᠠᠷ ᠪᠣᠯᠪᠠᠴᠤ ᠠᠷᠠᠳ ᠢᠷᠭᠡᠨ ᠦ ᠬᠡᠷᠡᠭᠴᠡᠭᠡᠨ ᠡᠴᠡ ᠰᠠᠯᠤᠩᠭᠢᠷᠠᠭᠰᠠᠨ᠂ ᠤᠯᠠᠨ ᠲᠦᠮᠡᠨ ᠳᠦ ᠲᠤᠰᠠ ᠪᠣᠯᠤᠮᠠᠷ ᠦᠭᠡᠢ ᠮᠥᠷᠲᠡᠭᠡᠨ ᠭᠡᠳᠡᠷᠭᠦ ᠪᠡᠨ ᠲᠤᠰᠢᠶ᠎ᠠ ᠲᠡᠭᠡᠭᠡᠷ᠎ᠡ ᠪᠣᠯᠤᠮᠠᠷ ᠡᠢᠮᠦ ᠭᠠᠯᠢᠭ ᠢ ᠨᠡᠢᠭᠡᠮ ᠨᠡᠢᠲᠡ ᠳᠦ ᠵᠣᠷᠢᠭᠤᠯᠤᠭᠰᠠᠨ ᠲᠣᠯᠢ ᠪᠢᠴᠢᠭ ᠲᠦ᠍ ᠪᠢᠴᠢᠵᠦ ᠣᠷᠤᠭᠤᠯᠬᠤ ᠦᠭᠡᠢ ᠪᠠᠢᠬᠤ  ᠶᠢ ᠵᠠᠰᠠᠭ ᠤᠨ ᠪᠠᠢᠭᠤᠯᠭ᠎ᠠ ᠳᠤ ᠴᠢᠩ ᠰᠡᠳᠭᠢᠯ ᠡᠴᠡ ᠪᠡᠨ ᠨᠠᠢᠳᠠᠶ᠎ᠠ ᠭᠡᠵᠦ ᠬᠤᠷᠠᠯ ᠳᠤ ᠣᠷᠤᠯᠴᠠᠭᠰᠠᠳ ᠰᠠᠨᠠᠯ ᠢᠶᠠᠨ ᠳᠡᠪᠰᠢᠭᠦᠯᠦᠭᠰᠡᠨ ᠪᠠᠢᠨ᠎ᠠ᠃

ᠳᠠᠭᠤᠳᠠᠯᠭ᠎ᠠ  ᠶᠢᠨ ᠭᠠᠯᠢᠭ ᠲᠤ  ᠴᠦ ᠪᠠᠭ᠎ᠠ ᠰᠠᠭ᠎ᠠ ᠠᠰᠠᠭᠤᠳᠠᠯ ᠣᠷᠤᠰᠢᠵᠤ ᠪᠤᠢ᠃ ᠡᠭᠦᠨ ᠳᠦ ᠵᠠᠷᠢᠮ ᠦᠭᠡ  ᠶᠢᠨ ᠳᠠᠭᠤᠳᠠᠯᠭ᠎ᠠ 《ᠮᠣᠩᠭᠤᠯ ᠬᠡᠯᠡᠨ ᠦ ᠪᠠᠷᠢᠮᠵᠢᠶ᠎ᠠ ᠠᠪᠢᠶᠠᠨ ᠤ ᠬᠢᠷᠢ ᠬᠡᠮ ᠢ ᠰᠢᠯᠭᠠᠬᠤ ᠬᠥᠲᠦᠯᠪᠦᠷᠢ》  ᠶᠢᠨ ᠬᠢ ᠠᠴᠠ ᠵᠥᠷᠢᠵᠦ ᠪᠠᠢᠨ᠎ᠠ᠃ ᠬᠡᠷᠪᠡ ᠡᠨᠡ ᠮᠡᠲᠦ ᠪᠡᠷ ᠨᠢᠭᠡᠨᠲᠡ ᠲᠣᠭᠲᠠᠭᠠᠭᠰᠠᠨ ᠵᠦᠢᠯ ᠢ ᠬᠡᠨ ᠨᠢᠭᠡ ᠨᠢ ᠳᠤᠷ᠎ᠠ ᠪᠠᠷ ᠢᠶᠠᠨ ᠥᠭᠡᠷᠡᠴᠢᠯᠡᠭᠡᠳ ᠪᠠᠢᠪᠠᠯ ᠪᠠᠰᠠ ᠯᠠ ᠰᠠᠮᠠᠭᠤᠷᠠᠯ ᠡᠭᠦᠰᠭᠡᠬᠦ ᠡᠴᠡ ᠥᠭᠡᠷ᠎ᠡ ᠬᠤᠪᠢ ᠨᠡᠮᠡᠷᠢ ᠠᠯᠠᠭ᠎ᠠ᠃ ᠲᠤᠪ ᠲᠣᠳᠤᠷᠬᠠᠢ ᠵᠠᠷᠢᠮ ᠦᠭᠡ  ᠶᠢᠨ ᠳᠠᠭᠤᠳᠠᠯᠭ᠎ᠠ ᠨᠢ 《ᠮᠣᠩᠭᠤᠯ ᠬᠡᠯᠡᠨ ᠦ ᠪᠠᠷᠢᠮᠵᠢᠶ᠎ᠠ ᠠᠪᠢᠶᠠᠨ ᠤ ᠬᠢᠷᠢ ᠬᠡᠮ ᠢ ᠰᠢᠯᠭᠠᠬᠤ ᠬᠥᠲᠦᠯᠪᠦᠷᠢ》 ᠳᠤ ᠲᠣᠭᠲᠠᠭᠠᠨ ᠬᠡᠷᠡᠭᠵᠢᠭᠦᠯᠵᠦ ᠪᠠᠢᠭ᠎ᠠ ᠳᠠᠭᠤᠳᠠᠯᠭ᠎ᠠ ᠲᠠᠢ ᠵᠥᠷᠢᠶ᠎ᠡ ᠲᠡᠢ ᠪᠣᠯᠵᠠᠢ᠃ ᠵᠢᠱ᠌ᠢᠶᠡᠯᠡᠪᠡᠯ᠄ ᠨᠠᠭᠠᠳᠬᠤ[na:tax] ᠂ ᠰᠢᠢᠳᠬᠦ[ʃiːtəx] ᠭᠡᠬᠦ ᠮᠡᠲᠦ᠃ ᠡᠳᠡᠭᠡᠷ ᠠᠰᠠᠭᠤᠳᠠᠯ ᠢ ᠳᠠᠷᠠᠭᠠᠴᠢ ᠪᠠᠷ ᠲᠣᠯᠢ ᠪᠢᠴᠢᠭ ᠢ᠋ᠶ᠋ᠡᠨ ᠲᠠᠬᠢᠵᠤ ᠬᠡᠪᠯᠡᠭᠦᠯᠬᠦ ᠳᠦ ᠠᠩᠬᠠᠷᠤᠯ ᠳᠠᠭᠠᠨ ᠠᠪᠴᠤ ᠵᠠᠰᠠᠵᠤ ᠵᠠᠯᠠᠷᠠᠭᠤᠯᠬᠤ ᠪᠣᠯᠪᠠ  ᠤᠤ ᠭᠡᠵᠦ ᠰᠠᠨᠠᠯ ᠳᠤᠷᠠᠳᠴᠠᠭᠠᠵᠤ ᠪᠠᠢᠪᠠ᠃ ᠲᠣᠯᠢ ᠪᠢᠴᠢᠭ᠌ ᠲᠠᠬᠢ ᠮᠣᠩᠭᠤᠯ  ᠪᠢᠴᠢᠭ ᠦ᠋ᠨ ᠬᠡᠯᠡᠨ ᠦ ᠳᠠᠭᠤᠳᠠᠯᠭ᠎ᠠ  ᠶᠢ ᠲᠡᠮᠳᠡᠭᠯᠡᠭᠰᠡᠨ ᠭᠠᠯᠢᠭ ᠤᠨ ᠲᠤᠬᠠᠢ ᠪᠢᠳᠡ ᠬᠣᠯᠪᠤᠭᠳᠠᠬᠤ ᠰᠠᠨᠠᠯ ᠢᠶᠠᠨ ᠨᠢᠭᠡᠨᠲᠡ ᠢᠯᠡᠷᠬᠡᠢᠯᠡᠭᠰᠡᠨ ᠤᠴᠢᠷ ᠠᠴᠠ ᠡ᠊ᠨᠳᠡ ᠨᠠᠷᠢᠨ ᠶᠠᠷᠢᠯᠴᠠᠬᠤ ᠪᠠᠨ ᠪᠤᠯᠢᠶ᠎ᠡ ᠃ ᠬᠠᠷᠢᠨ ᠳᠡᠳᠡᠭᠡᠷ ᠰᠠᠨᠠᠯ ᠢ ᠳᠠᠷᠠᠭ᠎ᠠ ᠤᠳᠠᠭ᠎ᠠ ᠵᠠᠰᠠᠯᠲᠠ ᠬᠢᠬᠦ ᠳᠦ ᠠᠩᠬᠠᠷᠴᠤ ᠠᠪᠬᠤ  ᠶᠢ ᠬᠦᠰᠡᠵᠦ ᠪᠠᠢᠨ᠎ᠠ᠃

7. ᠲᠤᠰ ᠲᠣᠯᠢ ᠪᠢᠴᠢᠭ᠌᠌ ᠨᠢ ᠳᠦᠷᠢᠮᠵᠢᠯ ᠦᠨ ᠲᠣᠯᠢ ᠪᠢᠴᠢᠭ ᠭᠡᠰᠡᠨ ᠪᠠᠢᠲᠠᠯ᠎ᠠ ᠪᠠᠨ ᠦᠭᠡ  ᠶᠢᠨ ᠦᠨᠳᠦᠰᠦ ᠳᠠᠭᠠᠪᠤᠷᠢ  ᠶᠢ ᠵᠠᠯᠭᠠᠵᠤ ᠪᠢᠴᠢᠬᠦ ᠲᠠᠯ᠎ᠠ ᠪᠠᠷ ᠳᠦᠷᠢᠮᠵᠢᠯ ᠦᠭᠡᠢ᠂ ᠨᠢᠭᠡᠳᠦᠯ ᠦᠭᠡᠢ ᠪᠤᠯᠤᠠᠠᠰᠠᠨ ᠵᠦᠢᠯ ᠢ ᠠᠩᠬᠠᠷᠴᠤ ᠰᠠᠨᠠᠭᠤᠯᠤᠭᠰᠠᠨ ᠬᠥᠮᠦᠰ ᠴᠦ ᠪᠤᠢ᠃ ᠬᠥᠳᠡᠯᠬᠦ ᠦᠨᠳᠦᠰᠦ ᠲᠡᠢ ᠦᠭᠡ  ᠶᠢᠨ ᠦᠨᠳᠦᠰᠦᠨ ᠦ  《᠊᠊ᠨ》 ᠢ ᠰᠡᠷᠭᠦᠭᠡᠬᠦ ᠪᠠ ᠦᠯᠦ ᠰᠡᠷᠭᠦᠭᠡᠬᠦ ᠲᠠᠯ᠎ᠠ ᠪᠠᠷ ᠳᠦᠷᠢᠮᠵᠢᠯ ᠦᠭᠡᠢ᠂ ᠡᠷᠦᠢ ᠬᠤᠷᠤᠢ ᠦᠭᠡᠢ ᠬᠡᠷᠡᠭᠯᠡᠵᠦ ᠪᠠᠢᠨ᠎ᠠ ᠭᠡᠳᠡᠭ ᠰᠠᠨᠠᠯ ᠭᠠᠷᠴᠤ ᠪᠠᠢᠯ᠎ᠠ᠃ ᠵᠢᠱ᠌ᠢᠶᠡᠯᠡᠪᠡᠯ᠄ ᠬᠣᠷᠢᠶᠠᠨ ᠤ᠋~ ᠬᠤᠷᠢᠶ᠎ᠠ  ᠶᠢᠨ᠂ ᠬᠡᠯᠡᠨ ᠦ~ ᠬᠡᠯᠡ  ᠶᠢᠨ᠂ ᠠᠯᠲᠠᠨ ᠤ ᠺᠣᠮᠫᠠᠨᠢ~ ᠠᠯᠲᠠᠨ ᠺᠣᠮᠫᠠᠨᠢ ᠭᠡᠬᠦ ᠮᠡᠲᠦ᠃ ᠡᠭᠦᠨ ᠡᠴᠡ ᠭᠠᠳᠠᠨ᠎ᠠ ᠷᠠᠳᠢᠣ᠋ ᠲᠧᠯᠸᠢᠰ᠂ ᠰᠣᠨᠢᠨ ᠰᠡᠳᠭᠦᠯ ᠦᠨ ᠬᠡᠯᠡ ᠨᠠᠢᠷᠠᠭᠤᠯᠭ᠎ᠠ ᠮᠠᠭᠤᠳᠠᠵᠤ᠂ ᠮᠣᠳᠤᠨ ᠬᠡᠯᠡ ᠶᠡᠬᠡ ᠭᠠᠵᠠᠷ ᠠᠪᠴᠤ ᠪᠠᠢᠭ᠎ᠠ᠂ ᠵᠡᠭᠡᠯᠢ ᠭᠤᠳᠤᠮᠵᠢᠨ ᠤ ᠫᠠᠢᠰᠠ ᠢᠯᠡᠷᠬᠡᠢᠯᠡᠯ ᠳᠦ ᠡᠯᠳᠡᠪ ᠵᠦᠢᠯ ᠦᠨ ᠪᠤᠷᠤᠭᠤ ᠵᠥᠷᠢᠭᠦᠦ ᠣᠷᠴᠢᠭᠤᠯᠭ᠎ᠠ ᠪᠠ ᠪᠢᠴᠢᠯᠭᠡ ᠭᠠᠵᠠᠷ ᠰᠠᠢ ᠦᠭᠡᠢ ᠬᠠᠷᠠᠭᠳᠠᠬᠤ ᠪᠣᠯᠤᠭᠰᠠᠨ᠂ ᠮᠣᠩᠭᠤᠯ ᠤᠲᠤᠨ ᠲᠧᠯᠸᠢᠰ ᠦᠨ ᠨᠡᠪᠲᠡᠷᠡᠭᠦᠯᠦᠭᠴᠢ ᠬᠥᠲᠦᠯᠦᠭᠴᠢᠳ ᠦᠨ ᠬᠡᠯᠡ ᠶᠠᠷᠢᠶ᠎ᠠ ᠪᠠᠷᠢᠮᠵᠢᠶᠠᠨ ᠳᠤ ᠨᠡᠢᠴᠡᠬᠦ ᠦᠭᠡᠢ ᠪᠠᠢᠭ᠎ᠠ ᠵᠡᠷᠭᠡ ᠨᠡᠯᠢᠶᠡᠳ ᠤᠯᠠᠨ ᠲᠠᠯ᠎ᠠ ᠶᠢᠨ ᠠᠰᠠᠭᠤᠳᠠᠯ ᠢ ᠬᠤᠷᠠᠯ ᠳᠤ ᠣᠷᠤᠯᠴᠠᠭᠴᠢᠳ ᠬᠥᠨᠳᠡᠵᠦ ᠶᠠᠷᠢᠪᠠ᠃ ᠭᠡᠬᠦ ᠳᠡᠭᠡᠨ ᠡᠳᠡᠭᠡᠷ ᠠᠰᠠᠭᠤᠳᠠᠯ ᠨᠢ ᠮᠠᠨ ᠤ ᠡᠨᠡ ᠤᠳᠠᠭᠠᠨ ᠤ ᠪᠠᠢᠴᠠᠭᠠᠯᠲᠠ  ᠶᠢᠨ ᠬᠦᠷᠢᠶ᠎ᠡ ᠬᠡᠪᠴᠢᠶᠡᠨ ᠡᠴᠡ ᠳᠠᠪᠠᠵᠤ ᠭᠠᠷᠤᠭᠰᠠᠨ ᠪᠣᠯᠬᠣᠷ ᠡ᠊ᠨᠳᠡ ᠵᠥᠪᠬᠡᠨ ᠳᠦᠭᠦᠮᠬᠡᠨ ᠳᠤᠷᠠᠳᠤᠭᠠᠳ ᠯᠡ ᠥᠩᠭᠡᠷᠡᠭᠡᠶ᠎ᠡ᠃

(ᠭᠤᠷᠪᠠ) ᠳᠡᠭᠡᠷᠡᠬᠢ ᠰᠠᠨᠠᠯ ᠪᠣᠯ ᠭᠣᠣᠯᠳᠠᠭᠤ ᠨᠡᠢᠭᠡᠮ ᠦᠨ ᠬᠡᠷᠡᠭᠯᠡᠭᠴᠢᠳ ᠦᠨ ᠲᠥᠯᠦᠭᠡᠯᠡᠬᠦ ᠰᠢᠨᠵᠢᠲᠡᠢ ᠰᠠᠨᠠᠯ ᠪᠦᠭᠡᠤᠨ ᠬᠣᠢᠰᠢᠳᠠ ᠶᠢᠨ ᠵᠥᠪ ᠪᠢᠴᠢᠯᠭᠡ ᠶᠢᠨ ᠠᠵᠢᠯ ᠳᠠᠭᠠᠨ ᠠᠩᠬᠠᠷᠴᠤ ᠪᠣᠯᠤᠮᠠᠷ ᠵᠦᠢᠯ ᠦᠳ ᠶᠤᠮ ᠃ ᠳᠣᠣᠷ᠎ᠠ ᠲᠤᠰ ᠲᠣᠯᠢ ᠪᠢᠴᠢᠭ ᠲᠦ᠍ ᠣᠷᠤᠰᠢᠵᠤ ᠪᠠᠢᠭ᠎ᠠ ᠵᠠᠷᠢᠮ ᠲᠠᠯ᠎ᠠ ᠶᠢᠨ ᠠᠰᠠᠭᠤᠳᠠᠯ ᠢ ᠮᠠᠨ ᠤ ᠬᠢᠭᠰᠡᠨ ᠪᠦᠷᠢᠨ ᠪᠤᠰᠤ ᠰᠤᠳᠤᠯᠭᠠᠨ ᠳᠠᠭᠠᠨ ᠦᠨᠳᠦᠰᠦᠯᠡᠵᠦ᠂ ᠳᠣᠣᠷᠠᠬᠢ ᠬᠡᠳᠦᠨ ᠲᠠᠯ᠎ᠠ ᠪᠠᠷ ᠶᠠᠷᠢᠯᠴᠠᠵᠤ ᠪᠣᠯᠤᠮᠠᠷ ᠪᠠᠢᠨ᠎ᠠ᠃

(1) ᠲᠣᠯᠤᠭᠠᠢ ᠦᠭᠡ  ᠶᠢ ᠰᠤᠩᠭᠤᠠᠠᠰᠠᠨ ᠲᠠᠯ᠎ᠠ ᠪᠠᠷ

ᠣᠳᠣ ᠪᠠᠷᠤᠭ ᠬᠡᠷᠡᠭᠯᠡᠭᠳᠡᠬᠦ ᠪᠡᠨ ᠪᠤᠯᠢᠭᠰᠠᠨ ᠪᠤᠶᠤ ᠣᠷᠤᠭᠤᠯᠬᠤ ᠦᠭᠡᠢ ᠪᠠᠢᠭᠰᠠᠨ ᠴᠦ ᠪᠣᠯᠬᠤ ᠨᠡᠯᠢᠶᠡᠳ ᠦᠭᠡ ᠣᠷᠤᠭᠰᠠᠨ ᠪᠠᠢᠲᠠᠯ᠎ᠠ ᠶᠠᠭ ᠪᠠᠢᠬᠤ ᠶᠣᠰᠤᠲᠠᠢ ᠦᠭᠡ ᠣᠷᠤᠭᠰᠠᠨ ᠦᠭᠡᠢ ᠨᠢ ᠬᠠᠷᠠᠮᠰᠠᠯᠲᠠᠢ᠃ ᠬᠠᠷᠢᠨ ᠵᠠᠷᠢᠮ ᠲᠣᠯᠢ ᠪᠢᠴᠢᠭ ᠲᠦ᠍ ᠲᠣᠯᠤᠭᠠᠢ ᠦᠭᠡ ᠪᠣᠯᠭᠠᠨ ᠣᠷᠤᠭᠤᠯᠤᠭ᠎ᠠ ᠦᠭᠡᠢ 《ᠬᠠᠯᠠᠭᠤ᠂ ᠳᠤᠯᠠᠭ᠎ᠠ᠂ ᠰᠡᠷᠢᠭᠦᠦ》 ᠵᠡᠷᠭᠡ ᠨᠡᠷ᠎ᠡ ᠦᠭᠡ  ᠶᠢ ᠲᠣᠯᠤᠭᠠᠢ ᠦᠭᠡ ᠪᠣᠯᠭᠠᠨ ᠣᠷᠤᠭᠤᠯᠤᠭᠰᠠᠨ ᠨᠢ ᠵᠠᠷᠢᠮ ᠨᠢᠭᠡᠨ ᠲᠣᠯᠢ ᠪᠢᠴᠢᠭ ᠡᠴᠡ ᠳᠠᠪᠰᠢᠭᠰᠠᠨ ᠲᠠᠯ᠎ᠠ  ᠴᠦ ᠪᠤᠢ᠃ ᠭᠡᠲᠡᠯ᠎ᠡ 《ᠥᠳᠭᠡ》 ᠭᠡᠬᠦ ᠮᠡᠲᠦ  ᠶᠢᠨ ᠪᠠᠢᠪᠠᠰᠤ ᠵᠣᠬᠢᠬᠤ ᠦᠭᠡ ᠮᠥᠨ ᠣᠷᠤᠭ᠎ᠠ ᠦᠭᠡᠢ ᠪᠠᠢᠭ᠎ᠠ ᠨᠢ ᠬᠠᠷᠠᠮᠰᠠᠯᠲᠠᠢ ᠰᠠᠨᠠᠭᠳᠠᠨ᠎ᠠ᠃ ᠬᠥᠮᠦᠰ ᠦᠨ ᠬᠠᠮᠤᠭ ᠤᠨ ᠶᠡᠬᠡ ᠰᠠᠨᠠᠯ ᠲᠠᠢ ᠪᠠᠢᠭ᠎ᠠ ᠨᠢ 《ᠨᠠᠢᠨᠠᠢ᠂ ᠶᠧᠶᠧ᠂ ᠳ᠋ᠠᠶᠧ᠂ ᠢᠳᠢᠶᠧ᠂ ᠭᠦᠶᠧ᠂ ᠽᠦᠩᠯᠢ᠂ ᠽᠦᠩᠲ᠋ᠦ᠋ᠩ᠂ ᠽᠦᠩᠼᠠᠢ᠂ ᠽᠦᠩᠳᠦ᠋᠂ ᠺᠧᠭᠤᠸᠠᠨ᠂ ᠵᠦᠭᠤᠸᠠᠨ᠂ ᠴᠧᠰᠡ᠂ ᠳ᠋ᠢᠶᠠᠨᠪᠣᠣ᠂ ᠳ᠋ᠢᠶᠠᠩᠬᠤᠸᠠ》 ᠲᠡᠷᠢᠭᠦᠲᠡᠨ ᠤᠯᠠᠨ ᠲᠤᠭᠠᠨ ᠤ ᠬᠢᠲᠠᠳ ᠦᠭᠡ  ᠶᠢ ᠣᠷᠤᠭᠤᠯᠤᠭᠰᠠᠨ ᠶᠠᠪᠤᠳᠠᠯ ᠶᠤᠮ᠃ ᠡᠳᠡᠭᠡᠷ ᠦᠭᠡᠰ ᠢ ᠮᠣᠩᠭᠤᠯ ᠬᠡᠯᠡᠨ ᠦ ᠲᠣᠯᠢ ᠪᠢᠴᠢᠭ ᠲᠦ᠍᠂ ᠲᠡᠷᠡ ᠮᠥᠷᠲᠡᠭᠡᠨ ᠳᠦᠷᠢᠮᠵᠢᠯ ᠦᠨ ᠰᠢᠨᠵᠢᠲᠡᠢ ᠴᠢᠬᠤᠯᠠ ᠲᠣᠯᠢ ᠪᠢᠴᠢᠭ ᠲᠦ᠍ ᠲᠣᠯᠤᠭᠠᠢ ᠦᠭᠡ ᠪᠤᠯᠭᠠᠵᠤ ᠣᠷᠤᠭᠤᠯᠤᠭᠰᠠᠨ ᠶᠠᠪᠤᠳᠠᠯ ᠪᠣᠯ ᠲᠡᠭᠦᠨ ᠦ ᠨᠢᠭᠡᠨ ᠲᠤᠮᠤ ᠠᠯᠳᠠᠰᠢ ᠪᠣᠯᠤᠭᠰᠠᠨ ᠭᠡᠵᠦ ᠬᠡᠯᠡᠬᠦ ᠬᠡᠷᠡᠭᠲᠡᠢ᠃ ᠡᠳᠡᠭᠡᠷ ᠦᠭᠡ ᠤᠳᠤ  ᠶᠢᠨ ᠵᠠᠷᠢᠮ ᠨᠤᠲᠤᠭ ᠤᠨ ᠠᠶᠠᠯᠭᠤᠨ ᠳᠤ ᠡᠳᠦᠷ ᠲᠤᠲᠤᠮ ᠬᠡᠷᠡᠭᠯᠡᠭᠳᠡᠵᠦ ᠪᠤᠢ ᠨᠢ ᠦᠨᠡᠨ ᠪᠣᠯᠪᠠᠴᠤ ᠣᠯᠠᠩᠬᠢ ᠨᠤᠲᠤᠭ ᠤᠨ ᠠᠶᠠᠯᠭᠤᠨ ᠳᠤ ᠲᠡᠳᠡᠭᠡᠷ ᠢ ᠬᠡᠷᠡᠭᠯᠡᠳᠡᠭ ᠦᠭᠡᠢ᠂  ᠤᠤᠭᠠᠯ ᠮᠣᠩᠭᠤᠯ ᠳᠠᠭᠤᠳᠠᠯᠭ᠎ᠠ ᠪᠠᠨ ᠬᠡᠷᠡᠭᠯᠡᠭᠰᠡᠭᠡᠷ ᠪᠤᠢ᠃ ᠮᠠᠨ ᠤ ᠬᠣᠢᠰᠢᠳᠠ ᠶᠢᠨ ᠳᠦᠷᠢᠮᠵᠢᠯ ᠦᠨ ᠭᠣᠣᠯ ᠬᠠᠨᠳᠤᠰᠢ ᠪᠣᠯ ᠨᠡᠢᠲᠡ ᠮᠣᠩᠭᠤᠯᠴᠤᠳ ᠤᠨ ᠳᠤᠮᠳᠠ ᠬᠡᠷᠡᠭᠯᠡᠭᠳᠡᠵᠦ ᠪᠠᠢᠭ᠎ᠠ 《ᠡᠪᠦᠭᠡ᠂ ᠡᠮᠡᠭᠡ》 ᠵᠡᠷᠭᠡ ᠦᠭᠡ  ᠶᠢ ᠰᠤᠩᠭᠤᠨ ᠦᠭᠡ  ᠶᠢᠨ ᠰᠠᠩ ᠪᠠ ᠵᠥᠪ ᠪᠢᠴᠢᠯᠭᠡ᠂ ᠵᠥᠪ ᠳᠠᠭᠤᠳᠠᠯᠭ᠎ᠠ  ᠶᠢᠨ ᠲᠠᠯ᠎ᠠ ᠠᠴᠠ ᠳᠡᠯᠭᠡᠷᠡᠭᠦᠯᠦᠨ ᠲᠦᠭᠡᠮᠡᠯᠵᠢᠭᠦᠯᠬᠦ ᠶᠠᠪᠤᠳᠠᠯ ᠶᠤᠮ᠃ ᠥᠭᠡᠷ᠎ᠡ ᠪᠡᠷ ᠬᠡᠯᠡᠪᠡᠯ᠂ 《ᠶᠧᠶᠧ᠂ ᠨᠠᠢᠨᠠᠢ》 ᠭᠡᠵᠦ ᠬᠡᠯᠡᠳᠡᠭ ᠭᠠᠵᠠᠷ ᠤᠨ ᠬᠥᠮᠦᠰ ᠲᠦ 《ᠡᠪᠦᠭᠡ᠂ ᠡᠮᠡᠭᠡ》 ᠭᠡᠳᠡᠭ ᠦᠭᠡ  ᠶᠢ ᠠᠭᠠᠵᠢᠮ ᠢᠶᠠᠷ ᠨᠡᠪᠲᠡᠷᠡᠭᠦᠯᠵᠦ ᠬᠡᠷᠡᠭᠯᠡᠭᠦᠯᠬᠦ ᠶᠠᠪᠤᠳᠠᠯ ᠪᠤᠯᠬᠤ ᠠᠴᠠ ᠪᠢᠰᠢ᠂ ᠡᠰᠡᠷᠭᠦ ᠴᠢᠭᠯᠡᠯ ᠢᠶᠡᠷ ᠬᠢᠵᠦ ᠶᠠᠭᠠᠬᠢᠭᠰᠠᠨ  ᠴᠦ ᠪᠣᠯᠬᠤ ᠦᠭᠡᠢ ᠶᠤᠮ᠃ ᠬᠡᠷᠪᠡ ᠢᠩᠭᠢᠵᠦ ᠬᠢᠵᠦ ᠴᠢᠳᠠᠬᠤ ᠦᠭᠡᠢ ᠪᠣᠯᠪᠠᠯ ᠦᠨᠳᠦᠰᠦᠲᠡᠨ ᠦ ᠬᠡᠯᠡ ᠪᠢᠴᠢᠭ ᠢ᠋ ᠬᠠᠮᠠᠭᠠᠯᠠᠬᠤ᠂ ᠬᠦᠭᠵᠢᠬᠦᠯᠬᠦ ᠭᠡᠰᠡᠨ ᠦᠢᠯᠡ ᠬᠡᠷᠡᠭ ᠦᠨ᠎ᠡ ᠥᠷᠲᠡᠭ ᠢᠶᠡᠨ ᠠᠯᠳᠠᠵᠤ᠂ ᠳᠦᠷᠢᠮᠵᠢᠯ ᠦᠨ ᠲᠣᠯᠢ ᠪᠢᠴᠢᠭ ᠬᠡᠪᠯᠡᠭᠦᠯᠬᠦ ᠤᠳᠭ᠎ᠠ ᠠᠭᠤᠯᠭ᠎ᠠ  ᠴᠦ ᠦᠭᠡᠢ ᠪᠣᠯᠤᠨ᠎ᠠ᠃ ᠵᠠᠷᠢᠮ ᠬᠥᠮᠦᠰ ᠡᠳᠡᠭᠡᠷ ᠦᠭᠡ  ᠶᠢ ᠮᠣᠩᠭᠤᠯᠴᠤᠳ ᠬᠡᠷᠡᠭᠯᠡᠵᠦ ᠪᠠᠢᠭ᠎ᠠ ᠪᠢᠰᠢ  ᠤᠤ? ᠭᠡᠳᠡᠭ ᠢᠶᠡᠷ ᠬᠥᠮᠦᠰ ᠦᠨ ᠠᠮᠠ  ᠶᠢ ᠲᠠᠭᠯᠠᠬᠤ ᠭᠡᠵᠦ ᠤᠷᠤᠯᠳᠤᠳᠠᠭ᠃ ᠭᠡᠲᠡᠯ᠎ᠡ ᠣᠯᠠᠩᠬᠢ ᠮᠣᠩᠭᠤᠯᠴᠤᠳ  ᠤᠤᠭᠠᠯ ᠮᠣᠩᠭᠤᠯ ᠳᠠᠭᠤᠳᠠᠯᠭ᠎ᠠ ᠪᠠᠨ ᠬᠡᠷᠡᠭᠯᠡᠵᠦ ᠪᠠᠢᠬᠤ ᠲᠡᠳᠦᠢ ᠦᠭᠡᠢ ᠡᠳᠡᠭᠡᠷ ᠬᠢᠲᠠᠳ ᠦᠭᠡ  ᠶᠢᠨ ᠬᠡᠷᠡᠭᠯᠡᠭᠳᠡᠬᠦ ᠣᠷᠤᠨ ᠵᠠᠢ  ᠶᠢ ᠠᠭᠠᠵᠢᠮ ᠢᠶᠠᠷ ᠪᠠᠭᠠᠰᠠᠬᠵᠤ᠂ ᠮᠣᠩᠭᠤᠯ ᠳᠠᠭᠤᠳᠠᠯᠭ᠎ᠠ  ᠶᠢ ᠳᠦᠷᠢᠮᠵᠢᠭᠦᠯᠦᠨ ᠬᠡᠷᠡᠭᠯᠡᠭᠦᠯᠬᠦ ᠬᠦᠰᠡᠯ ᠱᠠᠭᠠᠷᠳᠠᠯᠭ᠎ᠠ ᠲᠠᠢ ᠬᠥᠮᠦᠰ  ᠴᠦ ᠮᠠᠰᠢ ᠤᠯᠠᠨ ᠪᠠᠢᠭ᠎ᠠ ᠶᠤᠮ᠃ ᠬᠡᠷᠪᠡ ᠵᠠᠷᠢᠮ ᠭᠠᠵᠠᠷ ᠣᠷᠤᠨ ᠳᠤ ᠬᠡᠷᠡᠭᠯᠡᠭᠳᠡᠵᠦ ᠪᠠᠢᠭ᠎ᠠ ᠦᠭᠡ  ᠶᠢ ᠪᠦᠷ ᠮᠣᠩᠭᠤᠯ ᠬᠡᠯᠡᠨ ᠦ ᠲᠣᠯᠢ ᠪᠢᠴᠢᠭ ᠲᠦ᠍ ᠣᠷᠤᠭᠤᠯᠤᠨ᠎ᠠ ᠭᠡᠪᠡᠯ᠂ ᠡᠢᠮᠦᠷᠬᠦᠦ ᠦᠭᠡ ᠡᠳᠦᠢᠬᠡᠨ ᠢᠶᠡᠷ ᠵᠣᠭᠰᠤᠬᠤ ᠦᠭᠡᠢ᠂ ᠮᠣᠩᠭᠤᠯ ᠬᠡᠯᠡᠨ ᠦ ᠲᠣᠯᠢ ᠪᠢᠴᠢᠭ  ᠴᠦ ᠵᠢᠩᠬᠢᠨᠢ ᠨᠡᠷ᠎ᠡ ᠨᠢᠳᠡᠷ ᠲᠡᠭᠡᠨ ᠨᠡᠢᠴᠡᠭᠰᠡᠨ ᠲᠣᠯᠢ ᠪᠢᠴᠢᠭ ᠪᠢᠰᠢ ᠪᠤᠯᠬᠤ ᠨᠢ ᠶᠠᠷᠢᠶᠠᠨ ᠦᠭᠡᠢ ᠶᠤᠮ᠃ ᠨᠥᠭᠥᠭᠡ ᠲᠠᠯ᠎ᠠ ᠠᠴᠠ ᠬᠡᠯᠡᠪᠡᠯ᠂ ᠡᠳᠡᠭᠡᠷ ᠬᠢᠲᠠᠳ ᠦᠭᠡ  ᠶᠢ ᠲᠣᠯᠤᠭᠠᠢ ᠦᠭᠡ ᠪᠤᠯᠭᠠᠵᠤ ᠣᠷᠤᠭᠤᠯᠤᠭᠰᠠᠨ ᠨᠢ ᠡᠬᠡ ᠬᠡᠯᠡᠨ ᠳᠡᠭᠡᠨ ᠬᠠᠢᠷᠠᠲᠠᠢ᠂ ᠡᠬᠡ ᠬᠡᠯᠡᠨ ᠦ ᠪᠡᠨ ᠢᠷᠡᠭᠡᠳᠦᠢ ᠳᠦ ᠰᠠᠨᠠᠭ᠎ᠠ ᠪᠤᠯᠳᠠᠭ ᠨᠢᠭᠡ ᠪᠦᠯᠦᠭ ᠰᠡᠬᠡᠭᠡᠲᠡᠳ ᠦᠨ ᠰᠡᠷᠭᠡᠭ ᠮᠡᠳᠡᠷᠡᠯ ᠢ ᠬᠥᠨᠳᠡᠭᠰᠡᠨ ᠭᠡᠳᠡᠭ ᠨᠢ  ᠴᠦ ᠦᠨᠡᠨ  ᠶᠤᠮ᠃ 《ᠰᠣᠶᠤᠯ ᠤᠨ ᠶᠡᠬᠡ ᠬᠤᠪᠢᠰᠬᠠᠯ》 ᠤᠨ ᠬᠤᠤᠷ ᠨᠦᠯᠦᠭᠡᠨ ᠠᠴᠠ ᠰᠠᠯᠵᠤ᠂ ᠮᠣᠩᠭᠤᠯ ᠬᠡᠯᠡ ᠪᠡᠨ ᠡᠷᠡᠭᠦᠯ ᠰᠠᠷᠠᠭᠤᠯ ᠠᠪᠴᠤ ᠶᠠᠪᠤᠬᠤ ᠪᠣᠯᠤᠮᠵᠢᠲᠠᠢ ᠪᠣᠯᠤᠭᠰᠠᠨ ᠣᠳᠣ ᠴᠠᠭ ᠲᠤ ᠨᠢᠭᠡ ᠪᠦᠯᠦᠭ ᠵᠢᠭᠡᠯᠡᠪᠦᠷᠢ ᠦᠭᠡ  ᠶᠢ ᠵᠣᠷᠢᠯᠭ᠎ᠠ ᠲᠠᠢ ᠪᠠᠷ ᠬᠡᠷᠡᠭᠯᠡᠬᠦ ᠪᠡᠨ ᠪᠣᠯᠢᠵᠤ᠂ ᠮᠣᠩᠭᠤᠯ ᠬᠡᠯᠡᠨ ᠦ ᠦᠭᠡ ᠪᠡᠨ ᠬᠡᠷᠡᠭᠯᠡᠬᠦ ᠪᠣᠯᠵᠤ ᠪᠠᠢᠨ᠎ᠠ᠃ ᠡᠨᠡ ᠨᠢ ᠬᠡᠯᠡᠨ ᠦ ᠲᠥᠷᠦ ᠶᠢᠨ ᠪᠣᠳᠤᠯᠭ᠎ᠠ ᠶᠢᠨ ᠪᠠᠰᠠ ᠨᠢᠭᠡᠨ ᠠᠭᠤᠯᠭ᠎ᠠ ᠪᠣᠯᠬᠤ ᠲᠡᠳᠦᠢ ᠦᠭᠡᠢ ᠡᠬᠡ ᠬᠡᠯᠡ ᠪᠡᠨ ᠬᠠᠮᠠᠭᠠᠯᠠᠵᠤ ᠬᠦᠭᠵᠢᠭᠦᠯᠬᠦ ᠴᠢᠬᠤᠯᠠ ᠠᠷᠭ᠎ᠠ ᠪᠣᠳᠤᠯᠭ᠎ᠠ ᠪᠠᠢᠭ᠎ᠠ ᠶᠤᠮ᠃ ᠡᠢᠮᠦ ᠬᠠᠨᠳᠤᠰᠢ ᠭᠠᠷᠤᠭᠰᠠᠨ ᠴᠠᠭ ᠦᠶ᠎ᠡ ᠳᠦ ᠬᠥᠮᠦᠰ ᠦᠨ ᠪᠣᠳᠤᠯ ᠰᠠᠨᠠᠭᠠᠨ ᠠᠴᠠ ᠲᠡᠷᠰᠯᠡᠵᠦ᠂ ᠮᠣᠩᠭᠤᠯ ᠪᠢᠴᠢᠭ ᠦ᠋ᠨ ᠳᠦᠷᠢᠮᠵᠢᠯ ᠦᠨ ᠲᠣᠯᠢ ᠪᠢᠴᠢᠭ ᠲᠦ᠍ ᠡᠳᠡᠭᠡᠷ ᠦᠭᠡ  ᠶᠢ ᠣᠷᠤᠭᠤᠯᠤᠭᠰᠠᠨ ᠶᠠᠪᠤᠳᠠᠯ ᠢ ᠮᠠᠰᠢ ᠤᠯᠠᠨ ᠬᠥᠮᠦᠰ ᠠᠭᠤᠴᠢᠯᠠᠵᠤ ᠴᠢᠳᠠᠬᠤ ᠦᠭᠡᠢ ᠠᠯᠳᠠᠰᠢ ᠭᠡᠵᠦ ᠪᠤᠳᠤᠭᠠᠳ ᠤᠯᠠᠨ ᠲᠠᠯ᠎ᠠ ᠶᠢᠨ ᠬᠠᠷᠢᠭᠤᠴᠠᠯᠭ᠎ᠠ ᠨᠡᠬᠡᠮᠵᠢᠯᠡᠵᠦ ᠪᠠᠢᠭ᠎ᠠ  ᠶᠢ ᠪᠢᠳᠡ ᠪᠤᠷᠤᠭᠤᠰᠢᠶᠠᠬᠤ ᠶᠣᠰᠤ ᠦᠭᠡᠢ᠃ ᠮᠣᠩᠭᠤᠯ ᠬᠡᠯᠡᠨ ᠦ ᠠᠷᠭ᠎ᠠ ᠪᠣᠳᠤᠯᠭ᠎ᠠ ᠶᠢᠨ ᠬᠤᠪᠢ ᠳᠤ ᠵᠥᠪ ᠬᠢᠵᠦ ᠪᠠᠢᠭ᠎ᠠ ᠨᠢᠭᠡᠨ ᠵᠢᠱ᠌ᠢᠶ᠎ᠡ ᠶᠢ ᠬᠥᠬᠡᠬᠣᠲᠠ  ᠶᠢᠨ ᠵᠢᠨᠴᠢᠶᠣᠣ ᠳᠤ ᠪᠠᠢᠭ᠎ᠠ ᠬᠤᠪᠢ ᠬᠥᠮᠦᠨ ᠦ ᠡᠷᠬᠢᠯᠡᠭᠰᠡᠨ 《ᠬᠠᠪᠤᠷ》 ᠭᠡᠳᠡᠭ ᠬᠡᠦᠬᠡᠳ ᠦᠨ ᠴᠡᠴᠡᠷᠯᠢᠭ ᠢᠶᠡᠷ ᠲᠥᠯᠦᠭᠡᠯᠡᠭᠦᠯᠵᠦ ᠬᠡᠯᠡᠵᠦ ᠪᠣᠯᠤᠨ᠎ᠠ᠃ ᠲᠤᠰ ᠴᠡᠴᠡᠷᠯᠢᠭ ᠳᠥᠩᠭᠡᠵᠦ ᠬᠡᠯᠡ ᠳᠦ ᠣᠷᠤᠵᠤ ᠪᠠᠢᠭ᠎ᠠ ᠮᠣᠩᠭᠤᠯ ᠬᠡᠦᠬᠡᠳ ᠲᠦ ᠮᠣᠩᠭᠤᠯ ᠦᠭᠡ ᠵᠢᠭᠠᠬᠤ ᠳᠠᠭᠠᠨ ᠥᠪᠡᠷ ᠦᠨ ᠠᠪᠤ ᠡᠵᠢ ᠪᠡᠨ 《ᠠᠪᠤ᠂ ᠡᠵᠢ》 ᠭᠡᠵᠦ ᠳᠠᠭᠤᠳᠠᠬᠤ ᠪᠠᠷ᠂ ᠠᠪᠤ ᠡᠵᠢ  ᠶᠢᠨ ᠡᠴᠢᠭᠡ ᠡᠬᠡ ᠪᠡᠨ 《ᠡᠪᠦᠭᠡ᠂ ᠡᠮᠡᠭᠡ》 ᠭᠡᠵᠦ ᠳᠠᠭᠤᠳᠠᠭᠤᠯᠵᠤ ᠰᠤᠷᠭᠠᠵᠤ ᠪᠠᠢᠭ᠎ᠠ ᠭᠡᠳᠡᠭ ᠢ ᠰᠣᠨᠤᠰᠤᠭᠠᠳ ᠮᠠᠰᠢ ᠪᠢᠰᠢᠷᠡᠨ ᠪᠠᠬᠠᠷᠬᠠᠭᠰᠠᠨ ᠪᠢᠯᠡ᠃ ᠤᠳᠤ  ᠶᠢᠨ ᠮᠣᠩᠭᠤᠯᠴᠤᠳ ᠲᠤ ᠬᠠᠮᠤᠭ ᠤᠨ ᠶᠡᠬᠡ ᠳᠤᠲᠠᠭᠳᠠᠵᠤ ᠪᠠᠢᠭ᠎ᠠ ᠡᠬᠡ ᠬᠡᠯᠡᠨ ᠦ ᠤᠬᠠᠮᠰᠠᠷ ᠪᠠ ᠬᠡᠯᠡᠨ ᠦ ᠠᠷᠭ᠎ᠠ ᠪᠣᠳᠤᠯᠭ᠎ᠠ  ᠶᠢ ᠡᠢᠮᠦ ᠵᠢᠷ ᠤᠨ ᠨᠢᠭᠡᠨ ᠴᠡᠴᠡᠷᠯᠢᠭ ᠦᠨ ᠬᠥᠮᠦᠰ ᠬᠦᠷᠲᠡᠯ᠎ᠡ ᠤᠬᠠᠭᠠᠷᠠᠨ ᠲᠠᠨᠢᠠᠠᠰᠠᠨ ᠪᠠᠢᠲᠠᠯ᠎ᠠ ᠮᠣᠩᠭᠤᠯ ᠬᠡᠯᠡᠨ ᠦ ᠰᠤᠳᠤᠯᠤᠯ ᠪᠠ ᠠᠷᠭ᠎ᠠ ᠪᠣᠳᠤᠯᠭ᠎ᠠ  ᠶᠢ ᠤᠳᠤᠷᠢᠳᠤᠨ ᠬᠢᠵᠦ ᠶᠠᠪᠤᠭ᠎ᠠ ᠮᠠᠨ ᠤ ᠰᠡᠬᠡᠭᠡᠲᠡᠳ ᠲᠦ ᠡᠢᠮᠦ ᠤᠬᠠᠮᠰᠠᠷ ᠠᠯᠠᠭ᠎ᠠ ᠪᠠᠢᠭ᠎ᠠ ᠳᠤ ᠪᠢᠳᠡ ᠨᠢᠭᠤᠷ ᠨᠢᠯᠴᠢᠭᠢᠨᠡᠬᠦ ᠦᠭᠡᠢ ᠪᠠᠢᠬᠤ  ᠶᠢᠨ ᠠᠷᠭ᠎ᠠ ᠦᠭᠡᠢ᠃

ᠵᠠᠷᠢᠮ ᠲᠣᠯᠤᠭᠠᠢ ᠦᠭᠡ  ᠶᠢ ᠰᠤᠩᠭᠤᠵᠤ ᠣᠷᠤᠭᠤᠯᠤᠭᠰᠠᠨ ᠲᠠᠯ᠎ᠠ ᠪᠠᠷ  ᠴᠦ ᠠᠰᠠᠭᠤᠳᠠᠯ ᠣᠷᠤᠰᠢᠵᠤ ᠪᠤᠢ᠃ 《ᠠᠢᠰᠤᠢ᠂ ᠠᠢᠰᠤᠬᠤ》 ᠭᠡᠵᠦ ᠨᠢᠭᠡ ᠦᠭᠡ  ᠶᠢ ᠬᠣᠶᠠᠷ ᠲᠣᠯᠤᠭᠠᠢ ᠦᠭᠡ ᠪᠣᠯᠭᠠᠨ ᠣᠷᠤᠭᠤᠯᠤᠭᠰᠠᠨ ᠨᠢ  ᠴᠦ ᠪᠠᠢᠵᠤ ᠪᠣᠯᠤᠮ᠎ᠠ ᠦᠭᠡᠢ ᠠᠯᠳᠠᠰᠢ  ᠶᠢᠨ ᠨᠢᠭᠡ ᠮᠥᠨ᠃ ᠡᠨᠡ ᠦᠭᠡ  ᠶᠢᠨ ᠢᠵᠠᠭᠤᠷ ᠪᠣᠯ 《ᠠᠢᠰ᠊》 ᠮᠥᠨ ᠤᠴᠢᠷ ᠠᠴᠠ 《ᠠᠢᠰᠤᠬᠤ》 ᠭᠡᠳᠡᠭ ᠬᠤᠪᠢᠯᠤᠯ ᠳᠦᠷᠰᠦ ᠪᠡᠷ ᠨᠢ ᠣᠷᠤᠭᠤᠯᠪᠠᠯ ᠪᠣᠯᠴᠢᠬᠠᠨ᠎ᠠ᠃ ᠡᠨᠡ ᠪᠣᠯ ᠶᠠᠭ 《ᠶᠠᠪᠤ》 ᠭᠡᠳᠡᠭ ᠦᠭᠡ  ᠶᠢ 《ᠶᠠᠪᠤᠨ᠎ᠠ᠂ ᠶᠠᠪᠤᠬᠤ》 ᠭᠡᠵᠦ ᠬᠣᠶᠠᠷ ᠲᠣᠯᠤᠭᠠᠢ ᠦᠭᠡ ᠪᠤᠯᠭᠠᠭᠰᠠᠨ ᠲᠠᠢ ᠠᠳᠠᠯᠢᠬᠠᠨ ᠪᠣᠯᠤᠭᠰᠠᠨ ᠪᠠᠢᠨ᠎ᠠ᠃ 《ᠶᠣᠯᠤᠭᠤᠬᠤ》 ᠭᠡᠳᠡᠭ ᠦᠭᠡ ᠪᠣᠯ ᠮᠣᠩᠭᠤᠯ  ᠪᠢᠴᠢᠭ ᠦ᠋ᠨ ᠬᠡᠯᠡᠨ ᠦ 《ᠢᠯᠠᠭᠤᠬᠤ》 ᠭᠡᠳᠡᠭ ᠦᠭᠡ  ᠶᠢᠨ ᠣᠷᠤᠨ ᠨᠤᠲᠤᠭ ᠤᠨ ᠬᠤᠪᠢᠯᠪᠤᠷᠢ ᠮᠥᠨ ᠤᠴᠢᠷ ᠠᠴᠠ ᠠᠰ ᠲᠤᠨᠢ ᠨᠢᠭᠡᠨ ᠲᠣᠯᠤᠭᠠᠢ ᠦᠭᠡ ᠪᠣᠯᠭᠠᠨ ᠣᠷᠤᠭᠤᠯᠤᠭᠰᠠᠨ ᠨᠢ ᠮᠠᠰᠢ ᠵᠣᠬᠢᠰ ᠦᠭᠡᠢ ᠪᠣᠯᠪᠠ᠃ ᠮᠣᠩᠭᠤᠯ  ᠪᠢᠴᠢᠭ ᠦ᠋ᠨ ᠬᠡᠯᠡᠨ ᠦ 《ᠦᠯᠢᠶᠡᠬᠦ》 ᠭᠡᠳᠡᠭ ᠦᠭᠡ  ᠶᠢᠨ ᠨᠤᠲᠤᠭ ᠤᠨ ᠶᠠᠷᠢᠶᠠᠨ ᠳᠠᠬᠢ ᠬᠤᠪᠢᠯᠪᠤᠷᠢ — 《ᠫᠦᠯᠢᠶᠡᠬᠦ》 ᠶᠢ ᠲᠤᠰ ᠲᠤᠨᠢ ᠲᠣᠯᠤᠭᠠᠢ ᠦᠭᠡ ᠪᠤᠯᠭᠠᠬᠤ ᠨᠢ ᠮᠥᠨ ᠵᠣᠬᠢᠰ ᠦᠭᠡᠢ᠃ ᠡᠨᠡ ᠬᠤᠪᠢᠯᠪᠤᠷᠢ  ᠶᠢ ᠡᠢᠮᠦᠷᠬᠦᠦ ᠰᠢᠨᠵᠢᠲᠡᠢ ᠲᠣᠯᠢ ᠪᠢᠴᠢᠭ ᠲᠦ᠍ ᠣᠷᠤᠭᠤᠯᠬᠤ ᠬᠡᠷᠡᠭᠴᠡᠭᠡ ᠶᠡᠷᠦ ᠡᠴᠡ ᠠᠯᠠᠭ᠎ᠠ ᠶᠤᠮ᠃ ᠭᠡᠲᠡᠯ᠎ᠡ ᠡᠭᠦᠨ ᠲᠡᠢ ᠡᠰᠡᠷᠭᠦ ᠪᠡᠷ 《ᠯᠣᠪᠰᠢ᠂ ᠯᠤᠤᠬ᠎ᠠ᠂ ᠤᠭᠤᠬᠤ~ ᠢᠭᠤᠬᠤ》 ᠵᠡᠷᠭᠡ  ᠶᠢ ᠲᠤᠰ ᠲᠤᠰ 《ᠨᠣᠪᠰᠢ᠂ ᠨᠤᠤᠬ᠎ᠠ᠂ ᠶᠤᠭᠤᠬᠤ》 ᠬᠡᠮᠡᠨ ᠨᠢᠭᠡᠳᠭᠡᠵᠦ ᠳᠦᠷᠢᠮᠵᠢᠭᠦᠯᠦᠭᠰᠡᠨ ᠨᠢ ᠠᠳᠠᠯᠢᠪᠲᠤᠷ ᠦᠵᠡᠭᠳᠡᠯ ᠢ ᠠᠳᠠᠯᠢ ᠪᠤᠰᠤ ᠠᠷᠭ᠎ᠠ ᠪᠠᠷ ᠰᠢᠢᠳᠪᠦᠷᠢᠯᠡᠭᠰᠡᠨ ᠬᠡᠷᠡᠭ ᠪᠣᠯᠵᠠᠢ᠃ ᠮᠠᠨ ᠤ ᠦᠨᠦ  ᠶᠢᠨ ᠬᠢᠵᠦ ᠪᠠᠢᠭ᠎ᠠ ᠬᠡᠯᠡᠨ ᠦ ᠳᠦᠷᠢᠮᠵᠢᠯ ᠪᠣᠯ ᠨᠡᠢᠲᠡ ᠮᠣᠩᠭᠤᠯᠴᠤᠳ ᠤᠨ ᠲᠠᠯ᠎ᠠ ᠠᠴᠠ ᠬᠢᠵᠦ ᠪᠠᠢᠭ᠎ᠠ ᠤᠴᠢᠷ ᠠᠴᠠ ᠮᠣᠩᠭᠤᠯ ᠤᠳᠭ᠎ᠠ ᠵᠣᠬᠢᠶᠠᠯ ᠤᠨ ᠬᠡᠯᠡᠨ ᠳᠦ ᠪᠠᠢᠵᠤ ᠪᠣᠯᠤᠮᠠᠷ ᠦᠭᠡᠢ᠂ ᠬᠡᠯᠡᠨ ᠦ ᠳᠦᠷᠢᠮᠵᠢᠯ ᠦᠨ ᠠᠭᠤᠯᠭ᠎ᠠ ᠲᠠᠢ ᠨᠡᠢᠴᠡᠬᠦ ᠦᠭᠡᠢ ᠨᠢᠭᠡ ᠪᠦᠯᠦᠭ ᠦᠭᠡᠰ ᠢ ᠰᠢᠭᠤᠷᠬᠠᠢ ᠬᠠᠰᠤᠪᠠᠯ ᠵᠦᠢᠲᠡᠢ ᠶᠤᠮ᠃ ᠡᠨᠡ ᠪᠣᠯ ᠪᠢᠳᠡᠨ ᠳᠦ ᠠᠩᠬᠠᠷᠤᠭᠳᠠᠭᠰᠠᠨ ᠬᠡᠳᠦᠬᠡᠨ ᠲᠣᠯᠤᠭᠠᠢ ᠦᠭᠡ᠂ ᠡᠢᠮᠦᠷᠬᠦᠦ ᠠᠰᠠᠭᠤᠳᠠᠯ ᠲᠠᠢ ᠦᠭᠡ ᠥᠭᠡᠷ᠎ᠡ ᠪᠠᠰᠠ ᠪᠠᠢᠬᠤ ᠦᠭᠡᠢ ᠭᠡᠵᠦ ᠬᠡᠯᠡᠵᠦ ᠴᠢᠳᠠᠬᠤ ᠦᠭᠡᠢ ᠤᠴᠢᠷ ᠠᠴᠠ ᠲᠠᠬᠢᠨ ᠵᠠᠰᠠᠬᠤ ᠦᠶ᠎ᠡ ᠳᠡᠭᠡᠨ ᠠᠩᠬᠠᠷᠪᠠᠯ ᠲᠠᠭᠠᠷᠠᠨ᠎ᠠ᠃ ᠡᠢᠮᠦᠷᠬᠦᠦ ᠠᠰᠠᠭᠤᠳᠠᠯ ᠢ ᠲᠣᠯᠢ  ᠪᠢᠴᠢᠭ ᠦ᠋ᠨ ᠵᠣᠬᠢᠶᠠᠭᠴᠢᠳ ᠶᠡᠷᠦ ᠨᠢ ᠨᠠᠷᠢᠨ ᠨᠢᠮᠪᠠᠢ ᠰᠢᠭᠦᠨ ᠰᠢᠨᠵᠢᠯᠡᠵᠦ᠂ ᠶᠠᠭ ᠠᠰᠠᠭᠤᠳᠠᠯ ᠦᠭᠡᠢ ᠪᠣᠯᠲᠠᠯ᠎ᠠ ᠬᠢᠵᠤ ᠬᠡᠯᠡᠵᠦ ᠴᠢᠳᠠᠬᠤ ᠦᠭᠡᠢ  ᠴᠦ ᠭᠡᠰᠡᠨ ᠶᠡᠬᠡ ᠠᠰᠠᠭᠤᠳᠠᠯ ᠦᠭᠡᠢ ᠪᠣᠯᠲᠠᠯ᠎ᠠ ᠪᠣᠯᠪᠠᠰᠤᠷᠠᠭᠤᠯᠵᠤ ᠭᠠᠷᠭᠠᠬᠤ ᠶᠣᠰᠤᠲᠠᠢ ᠪᠠᠢᠭᠰᠠᠨ ᠪᠢᠯᠡ᠃ ᠲᠣᠯᠤᠭᠠᠢ ᠦᠭᠡ ᠲᠡᠢ ᠬᠣᠯᠪᠤᠭᠳᠠᠭᠰᠠᠨ ᠲᠡᠷᠡ ᠪᠦᠬᠦᠨ ᠢ ᠨᠢᠭᠡ ᠨᠢᠭᠡ ᠪᠡᠷ ᠵᠠᠳᠠᠯᠤᠨ ᠰᠢᠨᠵᠢᠯᠡᠬᠦ ᠪᠣᠯᠤᠮᠵᠢ ᠠᠯᠠᠭ᠎ᠠ ᠤᠴᠢᠷ ᠠᠴᠠ ᠵᠥᠪᠬᠡᠨ ᠨᠡᠯᠢᠶᠡᠳ ᠠᠰᠠᠭᠤᠳᠠᠯ ᠲᠠᠢ ᠭᠡᠵᠦ ᠦᠵᠡᠭᠰᠡᠨ ᠬᠡᠳᠦᠨ ᠦᠭᠡ ᠪᠡᠷ ᠯᠡ ᠵᠢᠱ᠌ᠢᠶ᠎ᠡ ᠪᠣᠯᠭᠠᠨ ᠶᠠᠷᠢᠪᠠ᠃ ᠶᠡᠷᠦᠩᠬᠡᠢ ᠳᠦᠨᠢ ᠦᠵᠡᠪᠡᠯ᠂ ᠨᠡᠯᠢᠶᠡᠳ ᠤᠯᠠᠨ ᠬᠢᠲᠠᠳ ᠵᠢᠭᠡᠯᠡᠪᠦᠷᠢ ᠦᠭᠡ  ᠶᠢ ᠬᠠᠰᠤᠵᠤ᠂ ᠲᠡᠭᠦᠨ ᠦ  ᠣᠷᠤᠨ ᠳᠤ ᠮᠣᠩᠭᠤᠯ ᠨᠡᠷᠡᠢᠳᠦᠯ ᠢᠶᠡᠷ ᠨᠢ ᠲᠣᠯᠤᠭᠠᠢ ᠦᠭᠡ ᠪᠣᠯᠭᠠᠨ ᠣᠷᠤᠭᠤᠯᠬᠤ ᠶᠣᠰᠤᠲᠠᠢ᠃ ᠵᠢᠱ᠌ᠢᠶᠡᠯᠡᠪᠡᠯ᠄ 《ᠲᠢᠶᠣᠣᠷ᠂ ᠳ᠋ᠠᠽᠧᠰᠢᠶᠠᠩ》 ᠭᠡᠬᠦ ᠮᠡᠲᠦ  ᠶᠢᠨ ᠲᠣᠯᠤᠭᠠᠢ ᠦᠭᠡ  ᠶᠢ ᠰᠢᠭᠤᠳ ᠬᠠᠰᠤᠬᠤ ᠬᠡᠷᠡᠭᠲᠡᠢ  ᠶᠤᠮ᠃

(2) ᠵᠠᠷᠢᠮ ᠦᠭᠡ  ᠶᠢᠨ ᠪᠢᠴᠢᠯᠭᠡ  ᠶᠢ ᠲᠣᠭᠲᠠᠭᠠᠨ ᠳᠦᠷᠢᠮᠵᠢᠭᠦᠯᠬᠦ ᠲᠠᠯ᠎ᠠ ᠪᠠᠷ

《ᠲᠤᠤᠱᠯᠠᠭᠤᠯᠬᠤ᠂ ᠰᠢᠳᠭᠡᠬᠦ᠂ ᠭᠱᠠᠨ᠂ ᠰᠡᠷᠢᠶ᠎ᠡ᠂ ᠰᠤᠪᠢᠩ᠂ ᠪᠤᠤᠪᠠᠢ》 ᠵᠡᠷᠭᠡ ᠦᠭᠡ  ᠶᠢ ᠰᠢᠨ᠎ᠡ ᠳᠦᠷᠢᠮ ᠳᠦ 《ᠳᠤᠭᠤᠰᠢᠯᠠᠭᠤᠯᠬᠤ᠂ ᠰᠢᠢᠳᠭᠡᠬᠦ᠂ ᠠᠭᠱᠠᠨ᠂ ᠰᠡᠷᠢᠶ᠎ᠡ᠂ ᠰᠤᠪᠢᠨ᠂ ᠪᠦᠪᠡᠢ》 ᠭᠡᠬᠦ ᠮᠡᠲᠦ ᠪᠡᠷ ᠳᠦᠷᠢᠮᠵᠢᠭᠦᠯᠦᠭᠰᠡᠨ ᠨᠢ ᠶᠡᠷᠦ ᠡᠴᠡ ᠶᠠᠪᠤᠭᠤᠷᠢ ᠮᠠᠭᠤᠲᠠᠢ᠂ ᠡᠳᠦᠭᠡ  ᠴᠦ ᠭᠡᠰᠡᠨ ᠡᠰᠡᠷᠭᠦᠴᠡᠬᠦ ᠰᠠᠨᠠᠯ ᠲᠠᠢ ᠬᠥᠮᠦᠰ ᠴᠥᠭᠡᠨ ᠪᠤᠰᠤ ᠪᠠᠢᠭᠰᠠᠭᠠᠷ ᠪᠠᠢᠨ᠎ᠠ᠃ ᠶᠠᠷᠤ ᠨᠢ ᠠᠪᠢᠶ᠎ᠠ ᠵᠦᠢ  ᠶᠢᠨ ᠵᠠᠷᠴᠢᠮ ᠳᠤ ᠦᠨᠳᠦᠰᠦᠯᠡᠨ ᠪᠢᠴᠢᠳᠡᠭ ᠦᠭᠡᠰ ᠢ ᠦᠭᠡ ᠵᠦᠢ  ᠶᠢᠨ ᠵᠠᠷᠴᠢᠮ ᠢᠶᠠᠷ ᠪᠢᠴᠢᠬᠦ ᠪᠣᠯᠭᠠᠬᠤ ᠭᠡᠰᠡᠨ᠂ ᠲᠡᠦᠬᠡᠨ ᠤᠯᠠᠮᠵᠢᠯᠠᠯ ᠤᠨ ᠵᠠᠷᠴᠢᠮ ᠳᠤ ᠦᠨᠳᠦᠰᠦᠯᠡᠨ ᠪᠢᠴᠢᠳᠡᠭ ᠦᠭᠡᠰ ᠢ ᠠᠪᠢᠶ᠎ᠠ ᠵᠦᠢ  ᠶᠢᠨ ᠵᠠᠷᠴᠢᠮ ᠤᠨ ᠳᠠᠭᠠᠤ ᠪᠢᠴᠢᠬᠦ ᠪᠣᠯᠭᠠᠬᠤ ᠭᠡᠰᠡᠨ ᠵᠦᠢᠯ ᠪᠤᠢ᠃ ᠮᠣᠩᠭᠤᠯ ᠪᠢᠴᠢᠭ ᠦ᠋ᠨ ᠵᠥᠪ ᠪᠢᠴᠢᠬᠦ ᠳᠦᠷᠢᠮ ᠦᠨ ᠳᠣᠲᠤᠷ᠎ᠠ ᠠᠪᠢᠶ᠎ᠠ ᠵᠦᠢ  ᠶᠢᠨ ᠵᠠᠷᠴᠢᠮ᠂ ᠦᠭᠡ ᠵᠦᠢ  ᠶᠢᠨ ᠵᠠᠷᠴᠢᠮ᠂ ᠲᠡᠦᠬᠡᠨ ᠤᠯᠠᠮᠵᠢᠯᠠᠯ ᠤᠨ ᠵᠠᠷᠴᠢᠮ᠂ ᠳᠦᠷᠰᠦ ᠢᠯᠭᠠᠬᠤ ᠵᠠᠷᠴᠢᠮ ᠭᠡᠵᠦ ᠤᠯᠠᠨ ᠦᠭᠡ  ᠶᠢ ᠬᠤᠪᠢᠳᠠᠨ ᠠᠪᠴᠤ᠂ ᠥᠪᠡᠷ ᠥᠪᠡᠷ ᠦᠨ ᠵᠠᠷᠴᠢᠮ ᠤᠨ ᠳᠠᠭᠠᠤ ᠪᠢᠴᠢᠬᠦ  ᠶᠢ ᠱᠠᠭᠠᠷᠳᠠᠳᠠᠭ᠃ ᠡᠨᠡ ᠪᠣᠯ ᠮᠣᠩᠭᠤᠯ  ᠪᠢᠴᠢᠭ ᠦ᠋ᠨ ᠨᠢᠭᠡᠨ ᠲᠡᠦᠬᠡᠨ ᠤᠯᠠᠮᠵᠢᠯᠠᠯ ᠮᠥᠨ ᠤᠴᠢᠷ ᠠᠴᠠ ᠨᠢᠭᠡ  ᠶᠢ ᠨᠢ ᠬᠦᠨᠳᠡᠬᠦ ᠳᠤ ᠨᠦᠬᠦᠭᠡ ᠨᠢ ᠬᠦᠨᠳᠡᠭᠳᠡᠳᠡᠭ ᠤᠴᠢᠷ ᠲᠠᠢ᠂ ᠡᠷᠡᠦ ᠨᠢ ᠬᠥᠳᠡᠯᠪᠡᠯ ᠵᠠᠪᠠᠵᠢ ᠨᠢ ᠲᠠᠲᠠᠯᠳᠤᠬᠤ ᠲᠠᠢ ᠨᠢᠭᠡᠨ ᠶᠣᠰᠤ ᠪᠤᠯᠠᠢ᠃ ᠡᠢᠮᠦ ᠵᠦᠢᠯ ᠢ ᠬᠥᠳᠡᠯᠭᠡᠬᠦ ᠳᠡᠭᠡᠨ ᠢᠯᠡᠭᠦᠦ ᠪᠣᠯᠭᠤᠮᠵᠢᠲᠠᠢ ᠬᠠᠨᠳᠤᠵᠤ᠂ ᠤᠷᠢᠳ ᠢᠶᠠᠷ ᠤᠯᠠᠨ ᠲᠠᠯ᠎ᠠ ᠠᠴᠠ ᠨᠢ ᠨᠠᠷᠢᠨ ᠰᠤᠳᠤᠯᠭᠠᠨ ᠬᠢᠭᠰᠡᠨ ᠪᠠᠢᠬᠤ ᠬᠡᠷᠡᠭᠲᠡᠢ ᠶᠤᠮ᠃

ᠲᠤᠰ ᠲᠣᠯᠢ ᠪᠢᠴᠢᠭ ᠲᠦ᠍ ᠳᠦᠷᠢᠮᠵᠢᠭᠦᠯᠦᠭᠰᠡᠨ ᠦᠭᠡ ᠨᠡᠯᠢᠶᠡᠳ ᠤᠯᠠᠨ ᠪᠦᠭᠡᠤᠨ ᠮᠠᠷᠭᠤᠭᠠᠨ ᠲᠠᠢ ᠪᠢᠴᠢᠯᠭᠡ  ᠴᠦ ᠴᠥᠭᠡᠨ ᠦᠭᠡᠢ᠃ ᠲᠤᠰ ᠥᠭᠦᠯᠡᠯ ᠳᠦ ᠲᠡᠷᠡ ᠪᠦᠬᠦᠨ ᠢ ᠠᠪᠴᠤ ᠶᠠᠷᠢᠯᠴᠠᠨ᠎ᠠ ᠭᠡᠪᠡᠯ ᠬᠤᠳᠠᠯ ᠬᠡᠷᠡᠭ ᠪᠣᠯᠤᠨ᠎ᠠ᠂ ᠲᠡᠢᠮᠦ ᠡᠴᠡ ᠵᠠᠷᠢᠮ ᠬᠡᠳᠦᠨ ᠦᠭᠡ  ᠶᠢᠨ ᠲᠠᠯ᠎ᠠ ᠪᠠᠷ ᠪᠢᠳᠡᠨ ᠦ ᠪᠣᠳᠤᠯ ᠰᠠᠨᠠᠯ ᠢᠶᠠᠨ ᠤᠯᠠᠨ ᠲᠠᠢ ᠬᠤᠪᠢᠶᠠᠯᠴᠠᠮᠠᠷ ᠪᠠᠢᠨ᠎ᠠ᠃

ᠨᠣᠭᠤᠪᠤᠷ~ ᠨᠣᠭᠤᠪᠢᠷ~ ᠨᠣᠭᠤᠭᠠᠪᠢᠷ ᠭᠡᠬᠦ ᠭᠤᠷᠪᠠᠨ ᠪᠢᠴᠢᠯᠭᠡ ᠳᠣᠲᠤᠷ᠎ᠠ ᠠ᠋ᠴᠠ ᠡᠮᠦᠨᠡᠬᠢ ᠪᠡᠷ ᠨᠢ ᠳᠦᠷᠢᠮᠵᠢᠭᠦᠯᠬᠦ ᠪᠡᠷ ᠲᠣᠭᠲᠠᠭᠰᠠᠨ ᠪᠣᠯᠪᠠᠴᠤ ᠪᠢᠴᠢᠯᠭᠡ ᠪᠠ ᠳᠠᠭᠤᠳᠠᠯᠭ᠎ᠠ  ᠶᠢᠨ ᠬᠣᠭᠤᠷᠤᠨᠳᠤ ᠵᠥᠷᠢᠶ᠎ᠡ ᠲᠡᠢ ᠪᠠᠢᠨ᠎ᠠ᠃ ᠡᠢᠮᠦ ᠪᠠᠢᠳᠠᠯ ᠳ᠋ᠤ᠌《ᠨᠣᠭᠤᠭᠠᠪᠢᠷ》 ᠭᠡᠳᠡᠭ ᠪᠢᠴᠢᠯᠭᠡ ᠪᠡᠷ ᠳᠦᠷᠢᠮᠵᠢᠭᠦᠯᠬᠦ ᠨᠢ ᠨᠡᠩ ᠵᠣᠬᠢᠰᠲᠠᠢ ᠪᠢᠰᠢ  ᠤᠤ? ᠭᠡᠵᠦ ᠪᠤᠳᠤᠵᠤ ᠪᠠᠢᠨ᠎ᠠ᠃

《ᠡᠢᠮᠦᠷᠬᠦᠦ᠂ ᠲᠡᠢᠮᠦᠷᠬᠦᠦ》 ᠭᠡᠳᠡᠭ ᠪᠢᠴᠢᠯᠭᠡ ᠪᠡᠷ ᠳᠦᠷᠢᠮᠵᠢᠭᠦᠯᠬᠦ ᠪᠡᠷ ᠲᠣᠭᠲᠠᠭᠰᠠᠨ ᠪᠠᠢᠲᠠᠯ᠎ᠠ ᠡᠭᠦᠨ ᠲᠡᠢ ᠪᠠᠷᠤᠭ ᠨᠢᠭᠡ ᠳᠠᠭᠠᠪᠤᠷᠢ ᠲᠠᠢ ᠦᠭᠡ ᠭᠡᠵᠦ ᠦᠵᠡᠵᠦ ᠪᠣᠯᠤᠮᠠᠷ 《ᠪᠡᠶᠡᠷᠬᠦᠦ》 ᠶᠢ ᠠᠪᠤᠠᠠᠰᠠᠨ ᠦᠭᠡᠢ᠂ 《ᠪᠡᠶᠡᠷᠬᠡᠦ》 ᠭᠡᠳᠡᠭ ᠪᠢᠴᠢᠯᠭᠡ  ᠶᠢ ᠠᠪᠬᠤ ᠪᠣᠯᠤᠭᠰᠠᠨ ᠪᠠᠢᠨ᠎ᠠ᠃ ᠡᠭᠦᠨ ᠳᠦ ᠰᠢᠰᠲ᠋ᠧᠮᠲᠦ ᠴᠢᠨᠠᠷ ᠢᠶᠠᠷ ᠶᠠᠮᠠᠷ ᠪᠠᠢᠨ᠎ᠠ ᠭᠡᠳᠡᠭ ᠠᠰᠠᠭᠤᠳᠠᠯ ᠭᠠᠷᠴᠤ ᠢᠷᠡᠨ᠎ᠡ᠃ ᠪᠢᠳᠡ ᠶᠡᠷᠦ ᠨᠢ ᠳᠠᠭᠠᠪᠤᠷᠢ ᠵᠠᠯᠭᠠᠭᠰᠠᠨ ᠦᠭᠡ  ᠶᠢᠨ ᠪᠢᠴᠢᠯᠭᠡ  ᠶᠢ ᠥᠭᠡᠷᠡᠴᠢᠯᠡᠬᠦ ᠳᠡᠭᠡᠨ ᠲᠡᠭᠦᠨ ᠦ ᠲᠣᠭᠲᠠᠯᠴᠠᠭᠠᠨ ᠠᠴᠠ ᠨᠢ ᠭᠠᠷᠳᠠᠨ ᠬᠢᠪᠡᠯ ᠲᠠᠭᠠᠷᠠᠨ᠎ᠠ᠃

《ᠪᠣᠳᠤᠷᠤᠤᠯ᠂ ᠪᠤᠳᠤᠷᠤᠯ》 ᠭᠡᠳᠡᠭ ᠬᠣᠶᠠᠷ ᠪᠢᠴᠢᠯᠭᠡ ᠡᠴᠡ ᠬᠣᠢᠨᠠᠬᠢ  ᠶᠢ ᠨᠢ ᠠᠪᠬᠤ ᠶᠣᠰᠤᠲᠠᠢ ᠪᠠᠢᠲᠠᠯ᠎ᠠ ᠡᠮᠦᠨᠡᠬᠢ  ᠶᠢ ᠨᠢ ᠳᠦᠷᠢᠮᠵᠢᠭᠦᠯᠬᠦ ᠪᠢᠴᠢᠯᠭᠡ ᠪᠤᠯᠭᠠᠭᠰᠠᠨ ᠢ ᠮᠥᠨ ᠬᠦᠯᠢᠶᠡᠨ ᠵᠥᠪᠰᠢᠶᠡᠷᠡᠬᠦ ᠳᠦ ᠬᠡᠴᠡᠭᠦᠦ ᠪᠠᠢᠨ᠎ᠠ᠃ ᠡᠭᠦᠨ ᠢ ᠳᠠᠭᠠᠯᠳᠤᠭᠠᠳ ᠳᠠᠭᠤᠳᠠᠯᠭ᠎ᠠ  ᠶᠢᠨ ᠭᠠᠯᠢᠭ ᠨᠢ  ᠴᠦ ᠠᠰᠠᠭᠤᠳᠠᠯ ᠲᠠᠢ ᠪᠣᠯᠪᠠ᠃ ᠡ᠊ᠨᠳᠡ ᠪᠠᠢᠭ᠎ᠠ ᠬᠣᠶᠠᠷ ᠭᠡᠳᠡᠰᠦ ᠪᠣᠯ ᠤᠷᠲᠤ ᠡᠭᠡᠰᠢᠭ ᠢ ᠲᠡᠮᠳᠡᠭᠯᠡᠭᠰᠡᠨ ᠪᠢᠰᠢ᠂ ᠲᠤᠬᠠᠢ  ᠶᠢᠨ ᠡᠭᠡᠰᠢᠭ ᠢ ɔ ᠪᠠᠷ ᠤᠩᠰᠢᠬᠤ  ᠶᠢ ᠵᠢᠭᠠᠭᠰᠠᠨ ᠲᠡᠳᠦᠢ ᠤᠢᠯᠠᠳᠤᠯ ᠲᠠᠢ ᠶᠤᠮ᠃ ᠳᠠᠷᠠᠭ᠎ᠠ ᠤᠳᠠᠭᠠᠨ ᠤ ᠵᠠᠰᠠᠯᠲᠠ ᠳᠠᠭᠠᠨ ᠨᠢᠭᠡ ᠭᠡᠳᠡᠰᠦ  ᠶᠢ ᠨᠢ ᠠᠪᠴᠤ ᠬᠠᠶᠠᠭᠠᠳ 《ᠪᠤᠳᠤᠷᠤᠯ》 ᠭᠡᠵᠦ ᠪᠢᠴᠢᠬᠦ  ᠶᠢᠨ ᠬᠠᠮᠲᠤ ᠳᠠᠭᠤᠳᠠᠯᠭ᠎ᠠ  ᠶᠢ ᠨᠢ bɔdrl ᠪᠣᠯᠭᠠᠨ ᠵᠠᠰᠠᠪᠠᠯ ᠲᠠᠭᠠᠷᠠᠨ᠎ᠠ᠃ ᠢᠩᠭᠢᠪᠡᠯ ᠺᠢᠷᠢᠯ ᠦᠰᠦᠭ ᠦᠨ ᠳᠠᠭᠤᠳᠠᠯᠭ᠎ᠠ᠂ ᠪᠢᠴᠢᠯᠭᠡ ᠲᠡᠢ (ᠪᠣᠭᠤᠨᠢ ᠳᠠᠭᠤᠳᠠᠯᠭ᠎ᠠ ᠲᠠᠢ ᠪᠢᠴᠢᠳᠡᠭ ᠯᠦᠭᠡ) ᠠᠳᠠᠯᠢ ᠪᠣᠯᠵᠤ᠂ ᠬᠥᠮᠦᠰ ᠦᠨ ᠰᠤᠷᠴᠤ ᠬᠡᠷᠡᠭᠯᠡᠬᠦ ᠳᠦ ᠳᠥᠭᠦᠮ ᠪᠣᠯᠤᠨ᠎ᠠ᠃

ᠮᠣᠩᠭᠤᠯ ᠬᠡᠯᠡᠨ ᠳᠦ ᠬᠣᠶᠠᠷ ᠦᠭᠡ ᠡᠴᠡ ᠨᠡᠢᠯᠡᠵᠦ ᠰᠢᠨ᠎ᠡ ᠦᠭᠡ ᠪᠦᠲᠦᠬᠦ ᠳᠦ ᠠᠪᠢᠶᠠᠨ ᠤ ᠪᠦᠲᠦᠴᠡ ᠪᠠ ᠦᠭᠡ  ᠶᠢᠨ ᠤᠳᠭ᠎ᠠ ᠳᠤ ᠬᠤᠪᠢᠷᠠᠯᠲᠠ ᠭᠠᠷᠳᠠᠭ᠃ ᠢᠩᠭᠢᠵᠦ ᠪᠦᠷᠢᠯᠳᠦᠭᠰᠡᠨ ᠦᠭᠡ ᠪᠣᠯ  ᠤᠤᠯ ᠤᠨ ᠰᠠᠭᠤᠷᠢ ᠪᠣᠯᠤᠭᠰᠠᠨ ᠬᠣᠶᠠᠷ ᠦᠭᠡ ᠡᠴᠡ ᠪᠡᠨ ᠲᠤᠰᠠᠭᠠᠷᠯᠠᠨ ᠰᠢᠨ᠎ᠡ ᠦᠭᠡ ᠪᠦᠷᠢᠯᠳᠦᠭᠦᠯᠦᠭᠰᠡᠨ ᠤᠴᠢᠷ ᠠᠴᠠ ᠲᠣᠯᠢ ᠪᠢᠴᠢᠭ ᠲᠦ᠍ ᠪᠡᠶ᠎ᠡ ᠪᠡᠨ ᠳᠠᠭᠠᠭᠠᠭᠰᠠᠨ ᠲᠣᠯᠤᠭᠠᠢ ᠦᠭᠡ ᠪᠡᠷ ᠪᠦᠷᠢᠳᠭᠡᠨ ᠣᠷᠤᠭᠤᠯᠬᠤ ᠨᠢ ᠵᠦᠢᠲᠡᠢ ᠪᠢᠯᠡ᠃ ᠵᠢᠱ᠌ᠢᠶᠡᠯᠡᠪᠡᠯ᠄ ᠪᠣᠷᠤᠯᠠᠭ᠂ ᠬᠠᠷᠠᠯᠠᠭ᠂ ᠪᠥᠭᠡᠷᠡᠯᠡᠭ ᠵᠡᠷᠭᠡ ᠦᠭᠡ ᠨᠢ ᠬᠡᠳᠦᠢᠪᠡᠷ 《ᠪᠣᠷᠤ᠂ ᠬᠠᠷ᠎ᠠ᠂ ᠪᠥᠭᠡᠷ᠎ᠡ》 ᠪᠠ 《ᠠᠯᠠᠭ》 ᠭᠡᠳᠡᠭ ᠦᠭᠡ  ᠶᠢᠨ ᠨᠡᠢᠯᠡᠪᠦᠷᠢ ᠡᠴᠡ ᠪᠦᠲᠦᠭᠰᠡᠨ ᠪᠣᠯᠪᠠᠴᠤ ᠲᠡᠭᠦᠨ ᠢ ᠠᠪᠢᠶᠠᠨ ᠤ ᠪᠦᠲᠦᠴᠡ᠂ ᠦᠭᠡ  ᠶᠢᠨ ᠰᠠᠩ ᠤᠨ ᠤᠳᠭ᠎ᠠ  ᠶᠢᠨ ᠬᠤᠪᠢ ᠳᠤ ᠨᠢᠭᠡᠨ ᠨᠢᠭᠡᠴᠢ ᠪᠣᠯᠭᠠᠨ ᠦᠵᠡᠬᠦ ᠨᠢ ᠵᠦᠢᠲᠡᠢ ᠶᠤᠮ᠃ ᠲᠤᠰ ᠲᠣᠯᠢ ᠪᠢᠴᠢᠭ ᠲᠦ᠍ ᠡᠳᠡᠭᠡᠷ ᠦᠭᠡ  ᠶᠢ ᠰᠠᠯᠭᠠᠵᠤ ᠪᠢᠴᠢᠬᠦ ᠭᠡᠵᠦ ᠲᠣᠭᠲᠠᠭᠠᠭᠰᠠᠨ ᠠᠴᠠ ᠪᠣᠯᠤᠭᠠᠳ ᠡᠨᠡ ᠮᠠᠳᠤ ᠨᠡᠯᠢᠶᠡᠳ ᠬᠡᠳᠦᠨ ᠮᠣᠩᠭᠤᠯ ᠦᠭᠡ ᠬᠠᠰᠤᠠᠠᠳᠠᠵᠠᠢ᠃ ᠡᠨᠡ ᠪᠣᠯ ᠶᠠᠮᠠᠷ  ᠴᠦ ᠤᠳᠭ᠎ᠠ ᠠᠭᠤᠯᠭ᠎ᠠ ᠦᠭᠡᠢ ᠢᠯᠡᠭᠦᠴᠡ ᠠᠵᠢᠯ ᠶᠤᠮ᠃ ᠲᠡᠭᠡᠭᠰᠡᠨ ᠪᠠᠢᠲᠠᠯ᠎ᠠ ᠪᠠᠨ ᠲᠡᠷᠡ ᠪᠦᠬᠦᠨ ᠢ ᠥᠭᠡᠷᠡᠴᠢᠯᠡᠭᠰᠡᠨ ᠦᠭᠡᠢ ᠨᠢ ᠰᠣᠨᠢᠨ ᠪᠠᠢᠨ᠎ᠠ᠃ 《ᠳᠠᠭᠤ ( ᠳᠠᠭᠤᠤ)》 ᠪᠠ 《ᠤᠷᠠᠯᠢᠭ》 ᠭᠡᠬᠦ ᠬᠣᠶᠠᠷ ᠦᠭᠡᠨ ᠡᠴᠡ ᠨᠡᠢᠯᠡᠵᠦ ᠪᠦᠲᠦᠭᠰᠡᠨ 《ᠳᠠᠭᠤᠷᠢᠯᠢᠭ》 ᠭᠡᠳᠡᠭ ᠦᠭᠡ ᠪᠣᠯ ᠬᠠᠷᠢᠴᠠᠩᠭᠤᠢ ᠪᠠᠷ ᠰᠡᠭᠦᠯ ᠦᠨ ᠦᠶ᠎ᠡ ᠳᠦ ᠪᠤᠢ ᠪᠣᠯᠤᠭᠰᠠᠨ ᠪᠥᠭᠡᠳ ᠡᠮᠦᠨᠡᠬᠢ ᠬᠡᠳᠦᠨ ᠦᠭᠡ ᠪᠡᠨ ᠪᠤᠳᠤᠪᠠᠯ ᠲᠡᠳᠦᠢ ᠶᠡᠬᠡ ᠬᠡᠪᠰᠢᠭᠰᠡᠨ ᠦᠭᠡᠢ᠂ ᠰᠠᠯᠭᠠᠵᠤ ᠬᠡᠯᠡᠬᠦ ᠨᠢ ᠵᠥᠩᠳᠡᠭᠡᠨ ᠬᠠᠷᠠᠭᠳᠠᠨ᠎ᠠ᠃ ᠲᠡᠢᠮᠦ ᠪᠠᠢᠲᠠᠯ᠎ᠠ ᠡᠨᠡ ᠦᠭᠡ  ᠶᠢ ᠬᠠᠷᠢᠨ ᠰᠠᠯᠭᠠᠭᠰᠠᠨ ᠦᠭᠡᠢ᠃ ᠡᠭᠦᠨ ᠡᠴᠡ ᠪᠢᠳᠡ ᠲᠣᠯᠢ ᠵᠤᠬᠢᠶᠠᠭᠴᠢᠤᠨ ᠤᠨ ᠶᠠᠮᠠᠷ ᠪᠠᠷᠢᠮᠵᠢᠶ᠎ᠠ ᠪᠠᠷ ᠬᠢᠭᠰᠡᠨ ᠭᠡᠳᠡᠭ ᠢ ᠰᠡᠵᠢᠭᠯᠡᠬᠦ ᠦᠭᠡᠢ ᠪᠠᠢᠬᠤ  ᠶᠢᠨ ᠠᠷᠭ᠎ᠠ ᠦᠭᠡᠢ ᠪᠠᠢᠨ᠎ᠠ᠃ ᠡᠨᠡ ᠠᠰᠠᠭᠤᠳᠠᠯ ᠪᠣᠯ 《ᠮᠤᠤᠰᠠᠢᠨ》 ᠲᠠᠢ  ᠴᠦ ᠠᠳᠠᠯᠢᠬᠠᠨ ᠬᠣᠯᠪᠤᠭᠳᠠᠵᠤ᠂ ᠤᠯᠠᠨ ᠬᠥᠮᠦᠰ ᠡᠨᠡ ᠦᠭᠡ  ᠶᠢᠨ ᠪᠢᠴᠢᠯᠭᠡ ᠳᠡᠭᠡᠷ᠎ᠡ ᠰᠠᠨᠠᠯ ᠨᠢᠭᠡᠳᠬᠦ ᠦᠭᠡᠢ ᠪᠠᠢᠭ᠎ᠠ ᠶᠤᠮ᠃ ᠮᠡᠳᠡᠭᠡᠵᠢ ᠪᠡᠷ᠂ 《ᠮᠠᠭᠤ᠂ ᠰᠠᠢᠨ》 ᠭᠡᠳᠡᠭ ᠬᠣᠶᠠᠷ ᠦᠭᠡ ᠨᠢ ᠬᠣᠷᠰᠢᠨ ᠬᠡᠷᠡᠭᠯᠡᠭᠳᠡᠭᠰᠡᠭᠡᠷ ᠪᠠᠢᠭᠠᠳ 《ᠮᠤᠤᠰᠠᠢᠨ》 ᠭᠡᠳᠡᠭ ᠥᠭᠡᠷ᠎ᠡ ᠨᠢᠭᠡ ᠦᠭᠡ ᠪᠣᠯᠵᠤ ᠪᠦᠲᠦᠭᠰᠡᠨ ᠪᠠᠢᠨ᠎ᠠ᠃ ᠭᠡᠲᠡᠯ᠎ᠡ 《ᠮᠤᠤᠰᠠᠢᠨ》 ᠤ ᠤᠳᠭ᠎ᠠ  ᠶᠢ ᠲᠡᠭᠦᠨ ᠢ ᠪᠦᠷᠢᠯᠳᠦᠭᠦᠯᠦᠭᠰᠡᠨ ᠬᠣᠶᠠᠷ ᠦᠭᠡ  ᠶᠢᠨ ᠤᠳᠭ᠎ᠠ  ᠶᠢᠨ ᠨᠡᠢᠯᠡᠪᠦᠷᠢ ᠪᠡᠷ ᠣᠢᠯᠠᠭᠠᠵᠤ ᠪᠣᠯᠬᠤ ᠦᠭᠡᠢ ᠶᠤᠮ᠃ ᠡᠢᠮᠦ ᠪᠠᠢᠲᠠᠯ᠎ᠠ ᠡᠨᠡ ᠦᠭᠡ  ᠶᠢ ᠵᠠᠪᠠᠯ ᠰᠠᠯᠭᠠᠵᠤ ᠪᠢᠴᠢᠬᠦ ᠨᠢ ᠶᠠᠮᠠᠷ ᠶᠣᠰᠤ ᠪᠤᠢ?

ᠴᠢᠨᠳᠠᠮᠠᠨᠢ~ ᠴᠢᠨᠳᠠᠮᠤᠨᠢ ᠭᠡᠳᠡᠭ ᠬᠣᠶᠠᠷ ᠪᠢᠴᠢᠯᠭᠡ ᠶᠢᠨ ᠳᠣᠲᠤᠷ᠎ᠠ ᠠ᠋ᠴᠠ ᠬᠣᠢᠨᠠᠬᠢ  ᠶᠢ ᠨᠢ ᠦᠯᠡᠳᠡᠭᠡᠭᠰᠡᠨ ᠲᠠᠯ᠎ᠠ ᠪᠠᠷ ᠮᠥᠨ ᠠᠳᠠᠯᠢ ᠦᠭᠡᠢ ᠰᠠᠨᠠᠯ ᠲᠠᠢ ᠬᠥᠮᠦᠰ ᠨᠡᠯᠢᠶᠡᠳ ᠪᠠᠢᠨ᠎ᠠ᠃ ᠡᠨᠡ ᠦᠭᠡ  ᠶᠢᠨ ᠬᠣᠢᠨᠠᠬᠢ ᠬᠡᠰᠡᠭ ᠨᠢ 《ᠮᠠᠨᠢ》 ᠭᠡᠳᠡᠭ ᠦᠭᠡ ᠮᠥᠨ ᠤᠴᠢᠷ ᠠᠴᠠ ᠲᠡᠭᠦᠨ ᠢ 《ᠴᠢᠨᠳᠠᠮᠠᠨᠢ》 ᠭᠡᠵᠦ ᠪᠢᠴᠢᠪᠡᠯ ᠲᠠᠭᠠᠷᠠᠬᠤ ᠪᠢᠰᠢ  ᠤᠤ? ᠭᠡᠳᠡᠭ ᠰᠠᠨᠠᠯ ᠢ ᠡ᠊ᠨᠳᠡ ᠳᠡᠮᠵᠢᠵᠦ ᠪᠠᠢᠭ᠎ᠠ ᠪᠠᠨ ᠢᠯᠡᠷᠬᠡᠢᠯᠡᠶ᠎ᠡ᠃ 《ᠴᠢᠨᠳᠠᠮᠤᠨᠢ》 ᠭᠡᠵᠦ ᠲᠦᠷᠢᠮᠵᠢᠬᠦᠯᠪᠡᠯ ᠦᠭᠡ  ᠶᠢᠨ ᠪᠢᠴᠢᠯᠭᠡ  ᠶᠢ ᠲᠣᠭᠲᠠᠭᠠᠬᠤ ᠳᠠᠭᠠᠨ ᠤᠭ ᠪᠢᠴᠢᠯᠭᠡ  ᠶᠢ ᠨᠢ ᠠᠩᠬᠠᠷᠤᠨ ᠴᠢᠬᠤᠯᠠᠴᠢᠯᠠᠳᠠᠭ ᠲᠣᠯᠢ ᠪᠢᠴᠢᠭ ᠪᠣᠯᠤᠭᠰᠠᠨ ᠤ ᠬᠤᠪᠢ ᠳᠤ ᠶᠡᠷᠦ ᠨᠢ ᠡᠪ ᠮᠠᠭᠤᠲᠠᠢ ᠰᠠᠨᠠᠭᠳᠠᠬᠤ ᠶᠤᠮ᠃

ᠤᠤᠯ ᠳᠠᠭᠠᠨ ᠥᠲᠡᠯᠬᠦ ᠭᠡᠰᠡᠨ ᠤᠳᠭ᠎ᠠ ᠲᠠᠢ 《ᠠᠭᠰᠢᠷᠠᠬᠤ》 ᠭᠡᠳᠡᠭ ᠦᠭᠡ ᠪᠠᠢᠭᠰᠠᠨ ᠢ ᠨᠢ ᠣᠳᠣ 《ᠠᠬᠠᠰᠢᠷᠠᠬᠤ》 ᠭᠡᠵᠦ ᠪᠢᠴᠢᠬᠦ ᠪᠤᠯᠭᠠᠭᠰᠠᠨ ᠨᠢ ᠪᠠᠷᠤᠭ 《ᠠᠬ᠎ᠠ》 ᠭᠡᠰᠡᠨ ᠦᠭᠡ ᠡᠴᠡ ᠡᠭᠦᠰᠦᠯ ᠲᠡᠢ ᠭᠡᠵᠦ ᠦᠵᠡᠭᠰᠡᠨ ᠬᠡᠷᠡᠭ ᠪᠢᠵᠡ᠃ ᠮᠠᠨ ᠤ ᠦᠵᠡᠬᠦ ᠪᠡᠷ᠂ ᠡᠨᠡ ᠦᠭᠡ ᠪᠣᠯ 《ᠠᠠᠠ᠊》 ᠭᠡᠳᠡᠭ ᠢᠵᠠᠭᠤᠷ ᠦᠨᠳᠦᠰᠦᠨ ᠳᠦ 《᠊᠊ᠰᠢᠷᠠ᠊》 ᠳᠠᠭᠠᠪᠤᠷᠢ ᠵᠠᠯᠭᠠᠵᠤ ᠪᠦᠲᠦᠭᠰᠡᠨ ᠪᠠᠢᠬᠤ ᠳᠠᠭᠠᠨ ᠲᠠᠭᠠᠷᠠᠨ᠎ᠠ᠃ ᠮᠣᠩᠭᠤᠯ ᠠᠷᠠᠤᠨ ᠤᠨ ᠦᠭᠡᠨ ᠳᠦ ᠪᠠᠢᠳᠠᠭ 《ᠦᠰᠤ ᠴᠠᠢᠵᠤ ᠴᠢᠰᠤ ᠠᠭᠰᠢᠷᠠᠨ᠎ᠠ》 ᠭᠡᠳᠡᠭ ᠬᠡᠯᠡᠯᠭᠡ ᠡᠴᠡ ᠲᠡᠷᠡ ᠨᠢ ᠴᠣᠬᠤᠮ 《ᠠᠠᠬ᠊᠂ ᠠᠭ᠊》 ᠬᠣᠶᠠᠷ ᠤᠨ ᠠᠯᠢᠨ ᠠᠴᠠ ᠨᠢ ᠡᠭᠦᠰᠦᠭᠰᠡᠨ ᠲᠤᠬᠠᠢ ᠬᠠᠷᠢᠭᠤᠯᠲᠠ  ᠶᠢ ᠰᠢᠭᠤᠳ ᠣᠯᠵᠤ ᠪᠣᠯᠤᠮᠠᠷ ᠰᠠᠨᠠᠭᠳᠠᠨ᠎ᠠ᠃ ᠶᠠᠭᠤ  ᠴᠦ ᠭᠡᠰᠡᠨ ᠡᠭᠦᠨ ᠢ ᠰᠢᠢᠳᠬᠦ ᠡᠴᠡ ᠪᠡᠨ ᠡᠮᠦᠨ᠎ᠡ ᠰᠠᠢᠨ ᠪᠣᠳᠤᠭᠤᠰᠢᠲᠠᠢ ᠪᠠᠢᠠᠠᠰᠠᠨ ᠶᠤᠮ᠃ ᠵᠠᠪᠠᠯ ᠦᠭᠡ  ᠶᠢᠨ ᠢᠵᠠᠭᠤᠷ ᠢ ᠬᠥᠭᠡᠭᠡᠵᠦ ᠪᠢᠴᠢᠯᠭᠡ  ᠶᠢ ᠨᠢ ᠰᠡᠷᠭᠦᠭᠡᠬᠦ ᠭᠡᠪᠡᠯ ᠶᠠᠷᠰᠢᠭᠲᠠᠢ ᠵᠦᠢᠯ ᠨᠡᠯᠢᠶᠡᠳ ᠪᠤᠢ᠃ ᠵᠢᠱ᠌ᠢᠶᠡᠯᠡᠪᠡᠯ᠄ 《ᠴᠤᠯᠪᠤᠭᠤᠷ》 ᠭᠡᠳᠡᠭ ᠦᠭᠡ  ᠶᠢ ᠡᠷᠲᠡᠨ ᠳᠡᠭᠡᠨ 《ᠴᠢᠷᠪᠤᠭᠤᠷ》 ᠭᠡᠵᠦ ᠪᠢᠴᠢᠳᠡᠭ ᠪᠠᠢᠭᠰᠠᠨ ᠪᠥᠭᠡᠳ ᠢᠵᠠᠭᠤᠷ ᠨᠢ 《ᠴᠢᠷ᠊》 ᠶᠤᠮ᠃ ᠰᠡᠭᠦᠯ ᠦᠨ ᠦᠶ᠎ᠡ ᠳᠦ ᠠᠪᠢᠶ᠎ᠠ ᠣᠨᠳᠣᠣᠰᠢᠬᠤ ᠶᠣᠰᠤ ᠪᠠᠷ 《ᠴᠢᠷ᠊》 ᠢᠵᠠᠭᠤᠷ ᠨᠢ 《ᠴᠢᠯ᠊》 ᠪᠣᠯᠤᠭᠰᠠᠨ ᠲᠡᠳᠦᠢ ᠦᠭᠡᠢ ᠡᠬᠢᠨ ᠦ ᠦᠶ᠎ᠡ  ᠶᠢᠨ ᠡᠭᠡᠰᠢᠭ ᠨᠢ ᠬᠣᠢᠨᠠᠬᠢ ᠦᠶ᠎ᠡ  ᠶᠢᠨ ᠡᠭᠡᠰᠢᠭ ᠲᠡᠭᠡᠨ ᠢᠵᠢᠯᠢᠰᠢᠨ 《ᠴᠤᠯ᠊》 ᠭᠡᠳᠡᠭ ᠢᠵᠠᠭᠤᠷ ᠤᠨ ᠬᠤᠪᠢᠯᠪᠤᠷᠢ  ᠶᠢ ᠪᠦᠷᠢᠯᠳᠦᠭᠦᠯᠵᠡᠢ᠃ ᠨᠡᠯᠢᠶᠡᠳ ᠡᠷᠲᠡ ᠦᠶ᠎ᠡ ᠡᠴᠡ ᠡᠨᠡ ᠬᠦ ᠬᠤᠪᠢᠯᠪᠤᠷᠢ ᠬᠡᠯᠪᠡᠷᠢ ᠪᠡᠷ ᠪᠢᠴᠢᠭ ᠲᠦ᠍ ᠲᠡᠮᠳᠡᠭᠯᠡᠭᠳᠡᠨ ᠡᠳᠦᠭᠡ ᠳᠦ ᠬᠦᠷᠪᠡ᠃ ᠡᠢᠮᠦ ᠦᠭᠡ  ᠶᠢ ᠪᠢᠳᠡ  ᠤᠤᠯ ᠤᠨ ᠢᠵᠠᠭᠤᠷ ᠳᠦᠷᠰᠦ  ᠶᠢ ᠰᠡᠷᠭᠦᠭᠡᠵᠦ ᠲᠡᠮᠳᠡᠭᠯᠡᠨ᠎ᠡ ᠭᠡᠪᠡᠯ᠂ ᠬᠡᠯᠡᠨ ᠦ ᠬᠥᠭᠵᠢᠯ ᠦ᠋ᠨ ᠵᠢᠮ᠎ᠡ ᠶᠣᠰᠤᠨ ᠠᠴᠠ ᠭᠠᠵᠢᠭᠰᠠᠨ ᠰᠣᠨᠢᠨ ᠶᠠᠭᠤᠮ᠎ᠠ ᠪᠣᠯᠬᠤ ᠪᠣᠯᠤᠨ᠎ᠠ᠃ ᠲᠤᠬᠠᠢᠯᠠᠪᠠᠯ᠂ 《ᠴᠤᠯᠪᠤᠭᠤᠷ》 ᠢ 《ᠴᠢᠷᠪᠤᠭᠤᠷ》 ᠭᠡᠳᠡᠭ ᠪᠢᠴᠢᠯᠭᠡ ᠪᠡᠷ ᠳᠦᠷᠢᠮᠵᠢᠭᠦᠯᠦᠨ᠎ᠡ ᠭᠡᠪᠡᠯ ᠴᠣᠬᠤᠮ ᠶᠠᠭᠤ ᠪᠣᠯᠬᠤ  ᠶᠤᠮ ᠪᠤᠢ?

ᠠᠯᠢᠪᠠ ᠦᠭᠡᠰ ᠦᠨ ᠪᠢᠴᠢᠯᠭᠡ  ᠶᠢ ᠢᠵᠠᠭᠤᠷ ᠢ ᠨᠢ ᠮᠥᠷᠳᠡᠨ ᠨᠢᠭᠡᠳᠭᠡᠨ᠎ᠡ ᠭᠡᠳᠡᠭ ᠣᠷᠣᠯᠳᠤᠯᠭ᠎ᠠ ᠪᠣᠯ ᠨᠢᠭᠡᠨᠲᠡ ᠬᠡᠪᠰᠢᠨ ᠲᠣᠭᠲᠠᠭᠰᠠᠨ ᠦᠭᠡ  ᠶᠢᠨ ᠪᠢᠴᠢᠯᠭᠡ  ᠶᠢ ᠬᠤᠪᠢᠷᠠᠭᠤᠯᠬᠤ ᠭᠡᠰᠡᠨ ᠮᠠᠰᠢ ᠶᠡᠬᠡ ᠬᠡᠪᠴᠢᠶᠡᠨ ᠦ ᠠᠵᠢᠯ ᠮᠥᠨ ᠪᠦᠭᠡᠤᠨ ᠲᠡᠬᠦᠨ ᠳᠤ ᠰᠢᠰᠲ᠋ᠧᠮ ᠲᠡᠢ ᠪᠣᠳᠤᠯᠬᠢᠯᠠᠬᠤ ᠬᠡᠷᠡᠭᠲᠡᠢ ᠵᠦᠢᠯ ᠵᠥᠩᠳᠡᠭᠡᠨ ᠪᠤᠢ᠃ ᠵᠢᠱ᠌ᠢᠶᠡᠯᠡᠪᠡᠯ᠄ ᠮᠣᠩᠭᠤᠯ ᠬᠡᠯᠡᠨ ᠦ 《ᠶᠡᠷᠡ᠂  ᠶᠢᠰᠦ》 ᠭᠡᠳᠡᠭ ᠬᠣᠶᠠᠷ ᠦᠭᠡ  ᠤᠤᠯ ᠳᠠᠭᠠᠨ ye- (ᠶᠡ᠊) ᠢᠵᠠᠭᠤᠷ ᠲᠠᠢ ᠪᠠᠢᠭᠰᠠᠨ ᠪᠠᠢᠲᠠᠯ᠎ᠠ ᠪᠠᠨ ᠨᠢᠭᠡ ᠨᠢ 《ᠶᠡᠷᠡ》 ᠭᠡᠳᠡᠭ  ᠤᠤᠯ ᠤᠨ ᠳᠠᠭᠤᠳᠠᠯᠭ᠎ᠠ  ᠶᠢᠨ ᠳᠠᠭᠠᠤ ᠪᠢᠴᠢᠯᠭᠡ ᠪᠡᠷ ᠢᠶᠡᠨ ᠲᠣᠭᠲᠠᠵᠤ᠂ ᠨᠦᠬᠦᠭᠡ ᠨᠢ ᠬᠠᠷᠢᠨ ᠠᠪᠢᠶᠠᠨ ᠤ ᠢᠵᠢᠯᠢᠰᠢᠯ ᠢᠶᠠᠷ ye→yi ( ᠶᠢ᠊) ᠪᠣᠯᠵᠤ ᠪᠢᠴᠢᠭᠳᠡᠬᠦ ᠪᠣᠯᠵᠠᠢ᠃ ᠲᠡᠭᠡᠪᠡᠯ ᠶᠠᠭᠤᠨ ᠤ ᠤᠴᠢᠷ ᠠᠴᠠ 《ᠶᠠᠷᠡ》 ᠭᠡᠰᠡᠨ ᠦᠭᠡᠨ ᠳᠦ ᠬᠤᠪᠢᠷᠠᠭᠰᠠᠨ ᠦᠭᠡᠢ ᠪᠠᠢᠲᠠᠯ᠎ᠠ 《 ᠶᠢᠰᠤ》 ᠭᠡᠰᠡᠨ ᠦᠭᠡᠨ ᠳᠦ 《 ᠶᠢ᠊》 ᠪᠤᠯᠳᠠᠭ ᠪᠤᠢ? ᠭᠡᠪᠡᠯ᠂ ᠲᠡᠷᠡ ᠨᠢ ᠨᠥᠭᠥᠭᠡ 《ᠶᠠᠰᠤ》 ᠭᠡᠰᠡᠨ ᠦᠭᠡ ᠲᠡᠢ ᠳᠦᠷᠰᠦ ᠢᠯᠭᠠᠬᠤ  ᠶᠢᠨ ᠲᠦᠯᠤᠭᠡ ᠵᠣᠷᠢᠭᠤᠳᠠ ᠲᠡᠭᠡᠭᠰᠡᠨ ᠪᠠᠢᠭ᠎ᠠ ᠶᠤᠮ᠃ ᠮᠣᠩᠭᠤᠯ ᠭᠡᠯᠡᠨ ᠤ ᠦᠭᠡ  ᠶᠢᠨ ᠪᠢᠴᠢᠯᠭᠡ᠂ ᠳᠦᠷᠰᠦ  ᠴᠦ ᠭᠡᠰᠡᠨ ᠨᠢᠭᠡᠨ ᠲᠤᠠᠠᠳᠠᠯᠴᠠᠭ᠎ᠠ ᠲᠠᠢ ᠤᠴᠢᠷ ᠠᠴᠠ ᠵᠠᠪᠠᠯ ᠪᠦᠷᠢᠨ ᠪᠦᠳᠤᠨ ᠲᠤᠠᠠᠳᠠᠯᠴᠠᠭ᠎ᠠ ᠲᠤᠳᠤᠷ᠎ᠡ ᠨᠢ ᠪᠤᠳᠤᠵᠤ ᠰᠡᠳᠭᠢᠵᠦ ᠬᠢᠬᠦ ᠬᠡᠷᠡᠭᠲᠡᠢ ᠭᠡᠳᠡᠭ ᠢ ᠰᠠᠨᠠᠭᠤᠯᠤᠮᠠᠷ ᠪᠠᠢᠨ᠎ᠠ᠃ ᠡᠢᠮᠦᠷᠬᠦᠦ ᠬᠤᠪᠢᠷᠠᠯᠲᠠ ᠲᠠᠢ ᠦᠭᠡ ᠮᠣᠩᠭᠤᠯ ᠬᠡᠯᠡᠨ ᠳᠦ ᠮᠠᠰᠢ ᠤᠯᠠᠨ ᠪᠠᠢᠳᠠᠭ ᠪᠥᠭᠡᠳ ᠪᠢᠴᠢᠯᠭᠡ ᠨᠢ ᠥᠭᠡᠷᠡᠲᠦᠭᠰᠡᠨ ᠦᠭᠡ  ᠴᠦ ᠡᠳᠦᠢ ᠲᠡᠳᠦᠢ ᠪᠠᠢᠭ᠎ᠠ ᠶᠤᠮ᠃ ᠲᠡᠳᠡᠭᠡᠷ ᠦᠭᠡ  ᠶᠢ ᠢᠵᠠᠭᠤᠷ ᠢᠶᠠᠷ ᠨᠢ ᠨᠢᠭᠡᠳᠭᠡᠨ ᠪᠢᠴᠢᠬᠦ ᠪᠣᠯᠤᠮᠵᠢ ᠬᠠᠷᠢᠨ ᠮᠠᠰᠢ ᠪᠠᠭ᠎ᠠ ᠠᠵᠢ᠃

ᠶᠠᠮᠠᠷ  ᠴᠦ ᠦᠨᠳᠦᠰᠦᠯᠡᠯ ᠦᠭᠡᠢ ᠮᠥᠷᠲᠡᠭᠡᠨ ᠲᠡᠷᠡ ᠲᠤᠬᠠᠢ ᠰᠤᠳᠤᠯᠭᠠᠨ  ᠴᠦ ᠬᠢᠭᠰᠡᠨ ᠦᠭᠡᠢ ᠪᠠᠢᠲᠠᠯ᠎ᠠ ᠪᠠᠨ ᠵᠠᠷᠢᠮ ᠦᠭᠡ  ᠶᠢ ᠳᠤᠷ᠎ᠠ ᠪᠠᠷ ᠢᠶᠠᠨ ᠲᠣᠯᠤᠭᠠᠢ ᠦᠭᠡ ᠳᠣᠲᠤᠷ᠎ᠠ ᠠ᠋ᠴᠠ ᠬᠠᠰᠤᠭᠰᠠᠨ ᠶᠠᠪᠤᠳᠠᠯ  ᠴᠦ ᠬᠠᠷᠠᠭᠳᠠᠵᠤ ᠪᠠᠢᠨ᠎ᠠ᠃ ᠵᠢᠱ᠌ᠢᠶᠡᠯᠡᠪᠡᠯ᠄ ᠮᠣᠩᠭᠤᠯ ᠬᠡᠯᠡᠨ ᠳᠦ ᠡᠷᠲᠡ ᠳᠡᠭᠡᠷ᠎ᠡ ᠦᠶ᠎ᠡ ᠡᠴᠡ ᠠᠪᠴᠢᠷᠠᠬᠤ ᠭᠡᠰᠡᠨ ᠤᠳᠭ᠎ᠠ ᠲᠠᠢ 《ᠠᠴᠠ》 ᠭᠡᠳᠡᠭ ᠦᠭᠡ ᠪᠠᠢᠳᠠᠭ ᠢ ᠣᠯᠠᠩᠬᠢ ᠲᠣᠯᠢ ᠪᠢᠴᠢᠭ ᠲᠦ᠍ ᠪᠦᠷ ᠲᠣᠯᠤᠭᠠᠢ ᠦᠭᠡ ᠪᠣᠯᠭᠠᠨ ᠣᠷᠤᠭᠤᠯᠳᠠᠭ ᠪᠠᠢᠬᠤ ᠳᠤ ᠲᠤᠰ ᠲᠣᠯᠢ ᠪᠢᠴᠢᠭ ᠲᠦ᠍ ᠬᠠᠷᠢᠨ ᠣᠷᠤᠭᠤᠯᠤᠭᠰᠠᠨ ᠦᠭᠡᠢ᠃ ᠡᠨᠡ ᠦᠭᠡ ᠵᠠᠷᠢᠮ ᠳᠠᠭᠠᠨ 《ᠠᠴᠠᠷᠠᠬᠤ᠂ ᠠᠳᠠᠷᠠᠬᠤ》 ᠭᠡᠬᠦ ᠮᠡᠲᠦ ᠠᠳᠠᠯᠢ ᠪᠤᠰᠤ ᠬᠡᠯᠪᠡᠷᠢ ᠪᠡᠷ ᠪᠢᠴᠢᠭᠳᠡᠬᠦ ᠪᠤᠶᠤ ᠳᠠᠭᠤᠳᠠᠭᠳᠠᠬᠤ ᠶᠠᠪᠤᠳᠠᠯ ᠪᠤᠢ᠃ ᠦᠨᠡᠨ ᠳᠡᠭᠡᠨ 《ᠠᠴᠠᠷᠠᠬᠤ᠂ ᠠᠳᠠᠷᠠᠬᠤ》 ᠭᠡᠳᠡᠭ ᠦᠭᠡ ᠪᠣᠯ ᠡᠷᠲᠡᠨ ᠦ ᠮᠣᠩᠭᠤᠯ ᠬᠡᠯᠡᠨ ᠦ 《ᠠᠴᠠ》 ᠭᠡᠳᠡᠭ ᠦᠭᠡ  ᠶᠢᠨ ᠰᠠᠭᠤᠷᠢᠨ ᠳᠡᠭᠡᠷ᠎ᠡ ᠪᠦᠷᠢᠯᠳᠦᠭᠰᠡᠨ ᠤᠴᠢᠷ ᠲᠠᠢ ᠪᠣᠯᠬᠣᠷ ᠨᠥᠭᠥᠭᠡ 《ᠠᠪᠴᠢᠷᠠᠬᠤ》 ᠭᠡᠰᠡᠨ ᠦᠭᠡ ᠲᠡᠢ ᠨᠢᠭᠡ ᠶᠠᠭᠤᠮ᠎ᠠ ᠪᠢᠰᠢ ᠶᠤᠮ᠃ ᠲᠤᠰ ᠲᠣᠯᠢ ᠪᠢᠴᠢᠭ ᠲᠦ᠍ 《ᠠᠴᠠ》 ᠡᠴᠡ ᠡᠭᠦᠰᠦᠯ ᠲᠡᠢ 《ᠠᠲᠠᠷᠠᠬᠤ》 ᠶᠢ 《ᠠᠪᠴᠢᠷᠠᠬᠤ》 ᠭᠡᠳᠡᠭ ᠦᠭᠡ ᠲᠡᠢ ᠨᠢᠭᠡ ᠦᠭᠡ ᠪᠣᠯᠭᠠᠨ ᠦᠵᠡᠭᠡᠳ 《ᠠᠪᠴᠢᠷᠠᠬᠤ》 ᠪᠣᠯᠭᠠᠨ ᠳᠦᠷᠢᠮᠵᠢᠭᠦᠯᠬᠦ ᠭᠡᠰᠡᠨ ᠨᠢ ᠮᠣᠩᠭᠤᠯ ᠬᠡᠯᠡᠨ ᠳᠦ ᠡᠷᠲᠡᠨ ᠡᠴᠡ ᠪᠠᠢᠭᠰᠠᠨ 《ᠠᠴᠠ~ ᠠᠲᠠᠷᠠᠬᠤ~ ᠠᠴᠠᠷᠠᠬᠤ》 ᠭᠡᠰᠡᠨ ᠦᠭᠡ  ᠶᠢ ᠶᠠᠮᠠᠷ ᠴᠦ ᠦᠨᠳᠦᠰᠦᠯᠡᠯ ᠦᠭᠡᠢ ᠪᠡᠷ ᠬᠤᠰᠤᠵᠤ ᠬᠠᠶᠠᠭᠰᠠᠨ ᠤᠴᠢᠷ ᠪᠣᠯᠪᠠ᠃ ᠮᠣᠩᠭᠤᠯ ᠬᠡᠯᠡᠨ ᠦ 《ᠠᠪᠴᠢᠷᠠᠬᠤ》 ᠭᠡᠳᠡᠭ ᠦᠭᠡ ᠪᠣᠯ 《ᠠᠪᠴᠤ᠂ ᠢᠷᠡᠬᠦ》 ᠭᠡᠰᠡᠨ ᠬᠣᠶᠠᠷ ᠦᠭᠡ  ᠶᠢᠨ ᠨᠡᠢᠯᠡᠪᠦᠷᠢ ᠡᠴᠡ ᠪᠦᠲᠦᠭᠰᠡᠨ ᠭᠡᠳᠡᠭ ᠨᠢ ᠮᠠᠳᠠᠭ ᠦᠭᠡᠢ ᠪᠥᠭᠡᠳ ᠨᠥᠭᠥᠭᠡ 《ᠠᠴᠠ》 ᠪᠣᠯ ᠥᠭᠡᠷ᠎ᠡ ᠢᠵᠠᠭᠤᠷ ᠠᠴᠠ ᠡᠭᠦᠰᠦᠯ ᠲᠡᠢ ᠦᠭᠡ  ᠶᠤᠮ᠃ ᠡᠢᠮᠦᠷᠬᠦᠦ ᠦᠨᠳᠦᠰᠦᠨ ᠰᠤᠳᠤᠯᠭᠠᠨ ᠤ ᠠᠵᠢᠯ ᠲᠤᠲᠠᠭᠤ ᠲᠤᠷᠭᠤᠨ ᠪᠠᠢᠭ᠎ᠠ ᠦᠨᠦ  ᠶᠢᠨ ᠪᠠᠢᠳᠠᠯ ᠳᠤ ᠮᠠᠨ ᠤ ᠬᠢᠭᠰᠡᠨ ᠵᠦᠢᠯ ᠮᠠᠨᠢ ᠤᠯᠠᠨ ᠲᠠᠯ᠎ᠠ ᠪᠠᠷ ᠠᠯᠳᠠᠰᠢ ᠲᠠᠢ ᠪᠣᠯᠵᠠᠢ᠃ ᠡᠭᠦᠨ ᠢ ᠡ᠊ᠨᠳᠡ ᠰᠠᠨᠠᠭᠤᠯᠤᠨ ᠬᠡᠯᠡᠵᠦ ᠪᠤᠢ  ᠶᠢᠨ ᠰᠠᠨᠠᠭ᠎ᠠ ᠨᠢ ᠬᠣᠢᠰᠢᠳᠠ ᠶᠢᠨ ᠠᠵᠢᠯ ᠳᠠᠭᠠᠨ ᠰᠤᠷᠭᠠᠮᠵᠢ ᠠᠪᠤᠭᠠᠰᠠᠢ ᠭᠡᠳᠡᠭ ᠲᠦ ᠪᠤᠢ᠃

(ᠳᠥᠷᠪᠡ) 《ᠮᠣᠩᠭᠤᠯ ᠵᠥᠪ ᠪᠢᠴᠢᠯᠭᠡ ᠶᠢᠨ ᠲᠣᠯᠢ》 ᠪᠠ ᠲᠡᠭᠦᠨ ᠦ ᠬᠡᠪᠯᠡᠭᠳᠡᠬᠦ  ᠶᠢ ᠳᠠᠭᠠᠯᠳᠤᠨ ᠭᠠᠷᠴᠤ ᠢᠷᠡᠭᠰᠡᠨ ᠵᠥᠪ ᠪᠢᠴᠢᠯᠭᠡ ᠶᠢᠨ ᠲᠠᠯ᠎ᠠ ᠪᠠᠷ ᠬᠢ ᠤᠯᠠᠨ ᠠᠰᠠᠭᠤᠳᠠᠯ᠂ ᠡᠭᠡᠳᠡᠷᠡᠭᠡᠨ ᠪᠤᠳᠤᠯᠢᠶᠠᠨ ᠨᠢ ᠨᠡᠢᠭᠡᠮ ᠳᠡᠭᠡᠷ᠎ᠡ ᠨᠡᠯᠢᠶᠡᠳ ᠬᠡᠮᠵᠢᠶᠡᠨ ᠦ ᠰᠠᠮᠠᠭᠤᠷᠠᠯ ᠡᠭᠦᠰᠭᠡᠵᠦ ᠪᠤᠢ  ᠶᠢ ᠪᠢᠳᠡ ᠡᠨᠡ ᠤᠳᠠᠭᠠᠨ ᠤ ᠪᠠᠢᠴᠠᠭᠠᠨ ᠰᠤᠳᠤᠯᠤᠯᠲᠠ ᠪᠠᠷ ᠣᠯᠵᠤ ᠮᠡᠳᠡᠭᠰᠡᠨ ᠶᠤᠮ᠃ ᠡᠳᠡᠭᠡᠷ ᠠᠰᠠᠭᠤᠳᠠᠯ ᠢ ᠶᠡᠬᠡ ᠲᠥᠯᠦᠪ ᠳᠣᠣᠷᠠᠬᠢ ᠮᠡᠲᠦ ᠬᠡᠳᠦᠨ ᠲᠠᠯ᠎ᠠ ᠪᠠᠷ ᠬᠤᠷᠢᠶᠠᠩᠭᠤᠢᠯᠠᠵᠤ ᠪᠣᠯᠤᠮᠠᠷ ᠪᠠᠢᠨ᠎ᠠ᠃

《ᠮᠣᠩᠭᠤᠯ ᠵᠥᠪ ᠪᠢᠴᠢᠯᠭᠡ ᠶᠢᠨ ᠲᠣᠯᠢ》 ᠬᠢᠭᠡᠳ ᠲᠡᠭᠦᠨ ᠳᠦ ᠲᠣᠭᠲᠠᠭᠠᠨ ᠬᠡᠷᠡᠭᠵᠢᠭᠦᠯᠦᠭᠰᠡᠨ ᠦᠭᠡᠰ ᠦᠨ ᠪᠢᠴᠢᠯᠭᠡ  ᠶᠢ ᠳᠦᠷᠢᠮᠵᠢᠭᠦᠯᠬᠦ ᠤᠴᠢᠷ ᠰᠢᠯᠲᠠᠭᠠᠨ᠂ ᠠᠭᠤᠯᠭ᠎ᠠ  ᠶᠢᠨ ᠲᠠᠯ᠎ᠠ ᠪᠠᠷ ᠬᠢ ᠰᠤᠷᠲᠠᠯᠴᠢᠯᠠᠭ᠎ᠠ ᠨᠢ ᠳᠤᠲᠠᠭᠤᠳᠠᠭᠰᠠᠨ ᠠᠴᠠ ᠠᠷᠠᠳ ᠤᠯᠠᠨ ᠤ ᠳᠣᠲᠤᠷ᠎ᠠ ᠲᠦᠭᠡᠮᠡᠯᠵᠢᠨ ᠳᠡᠯᠭᠡᠷᠡᠵᠦ ᠴᠢᠳ᠋ᠬᠠᠰᠠᠨ ᠦᠭᠡᠢ ᠪᠠᠢᠨ᠎ᠠ᠃ ᠥᠪᠡᠷᠲᠡᠭᠡᠨ ᠵᠠᠰᠠᠬᠤ ᠣᠷᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠲᠢᠩᠬᠢᠮ ᠵᠢᠴᠢ ᠥᠪᠡᠷᠲᠡᠭᠡᠨ ᠵᠠᠰᠠᠬᠤ ᠣᠷᠤᠨ ᠤ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ ᠵᠡᠷᠭᠡ ᠪᠠᠢᠭᠤᠯᠭ᠎ᠠ ᠨᠢᠭᠡᠴᠢ ᠬᠡᠳᠦᠢᠪᠡᠷ 《ᠮᠣᠩᠭᠤᠯ ᠵᠥᠪ ᠪᠢᠴᠢᠯᠭᠡ ᠶᠢᠨ ᠲᠣᠯᠢ》 ᠲᠠᠢ ᠬᠣᠯᠪᠤᠭᠳᠠᠭᠰᠠᠨ ᠪᠢᠴᠢᠭ ᠮᠠᠲ᠋ᠧᠷᠢᠶᠠᠯ᠂ ᠲᠤᠬᠠᠢᠯᠠᠪᠠᠯ ᠥᠪᠡᠷᠲᠡᠭᠡᠨ ᠵᠠᠰᠠᠬᠤ ᠣᠷᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠲᠢᠩᠬᠢᠮ ᠦ᠋ᠨ ᠪᠢᠴᠢᠭ ᠮᠠᠲ᠋ᠧᠷᠢᠶᠠᠯ (ᠥᠪᠦᠷ ᠵᠠᠰᠠᠭ ᠲᠢᠩᠬᠢᠮ ᠦᠰᠦᠭ 2001 29 ᠳ᠋ᠤᠭᠡᠷ ᠲᠣᠭᠠᠲᠤ)᠂ ᠥᠪᠡᠷᠲᠡᠭᠡᠨ ᠵᠠᠰᠠᠬᠤ ᠣᠷᠤᠨ ᠤ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ ᠦᠨ ᠪᠢᠴᠢᠭ ᠮᠠᠲ᠋ᠧᠷᠢᠶᠠᠯ (ᠬᠡᠯᠡ ᠦᠰᠦᠭ 1986 4 ᠳ᠋ᠤᠭᠡᠷ ᠲᠣᠭᠠᠲᠤ) ᠵᠢᠴᠢ ᠥᠪᠡᠷᠲᠡᠭᠡᠨ ᠵᠠᠰᠠᠬᠤ ᠣᠷᠤᠨ ᠤ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ᠂ ᠰᠤᠷᠭᠠᠨ ᠬᠥᠮᠦᠵᠢᠯ ᠦᠨ ᠲᠢᠩᠬᠢᠮ᠂ ᠰᠣᠨᠢᠨ ᠮᠡᠳᠡᠭᠡ ᠬᠡᠪᠯᠡᠯ ᠦᠨ ᠲᠣᠪᠴᠢᠶ᠎ᠠ᠂ ᠷᠠᠳᠢᠣ᠋ ᠲᠧᠯᠸᠢᠰ ᠲᠣᠪᠴᠢᠶ᠎ᠠ ᠵᠡᠷᠭᠡ ᠬᠡᠳᠦᠨ ᠪᠠᠢᠭᠤᠯᠭ᠎ᠠ ᠬᠠᠮᠲᠤᠷᠠᠨ 《ᠮᠣᠩᠭᠤᠯ ᠵᠥᠪ ᠪᠢᠴᠢᠯᠭᠡ ᠶᠢᠨ ᠲᠣᠯᠢ》 ᠲᠠᠢ ᠬᠣᠯᠪᠤᠭᠳᠠᠭᠰᠠᠨ ᠨᠡᠯᠢᠶᠡᠳ ᠬᠡᠳᠦᠨ ᠪᠢᠴᠢᠭ ᠮᠠᠲ᠋ᠧᠷᠢᠶᠠᠯ ᠢ ᠨᠡᠢᠲᠡᠯᠡᠭᠰᠡᠨ ᠪᠣᠯᠪᠠᠴᠤ ᠲᠡᠷᠡ ᠨᠢ ᠦᠨᠳᠦᠰᠦᠨ ᠱᠠᠲᠤᠨ ᠤ ᠠᠷᠠᠳ ᠲᠦᠮᠡᠨ ᠦ ᠳᠤᠮᠳᠠ ᠨᠡᠪᠲᠡᠷᠡᠵᠦ ᠴᠢᠳᠠᠭᠰᠠᠨ ᠦᠭᠡᠢ᠃ 《ᠮᠣᠩᠭᠤᠯ ᠵᠥᠪ ᠪᠢᠴᠢᠯᠭᠡ ᠶᠢᠨ ᠲᠣᠯᠢ》 ᠳᠠᠬᠢ ᠳᠦᠷᠢᠮᠵᠢᠭᠦᠯᠦᠭᠰᠡᠨ ᠦᠭᠡᠰ ᠢ ᠥᠪᠡᠷᠲᠡᠭᠡᠨ ᠵᠠᠰᠠᠬᠤ ᠣᠷᠤᠨ ᠤ ᠵᠠᠷᠢᠮ ᠪᠠᠢᠭᠤᠯᠭ᠎ᠠ ᠨᠢᠭᠡᠴᠢ ᠮᠥᠷᠳᠡᠨ ᠬᠡᠷᠡᠭᠯᠡᠵᠦ ᠪᠠᠢᠬᠤ ᠳᠤ ᠵᠠᠷᠢᠮ ᠪᠠᠢᠭᠤᠯᠭ᠎ᠠ ᠨᠢᠭᠡᠴᠢ ᠤᠭᠲᠤ ᠬᠡᠷᠡᠭᠯᠡᠬᠦ ᠦᠭᠡᠢ ᠪᠠᠢᠭ᠎ᠠ᠂ ᠬᠡᠷᠡᠭᠯᠡᠵᠦ ᠪᠠᠢᠭ᠎ᠠ ᠪᠠᠢᠭᠤᠯᠭ᠎ᠠ ᠨᠢᠭᠡᠴᠢ ᠨᠢ  ᠴᠦ ᠲᠦᠢᠯᠪᠤᠷᠢᠲᠠᠢ ᠬᠡᠷᠡᠭᠯᠡᠬᠦ ᠦᠭᠡᠢ᠂ ᠴᠢᠨᠠᠭᠰᠢᠯᠠᠪᠠᠯ ᠵᠠᠷᠢᠮ ᠰᠣᠨᠢᠨ ᠰᠡᠳᠭᠦᠯ ᠦᠨ ᠬᠣᠷᠢᠶᠠᠨ ᠤ᠋ ᠤᠳᠤᠷᠢᠳᠤᠯᠭ᠎ᠠ ᠨᠠᠷ  ᠴᠦ ᠲᠦᠷᠦᠭᠦᠦ ᠵᠠᠭᠤᠨ ᠤ ᠨᠠᠶᠠᠭᠠᠳ ᠣᠨ ᠤ ᠳᠤᠮᠳᠠᠴᠢ ᠦᠶ᠎ᠡ ᠪᠡᠷ ᠥᠪᠡᠷᠲᠡᠭᠡᠨ ᠵᠠᠰᠠᠬᠤ ᠣᠷᠤᠨ ᠤ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ 《ᠳᠦᠷᠢᠮᠵᠢᠭᠦᠯᠦᠭᠰᠡᠨ ᠪᠢᠴᠢᠯᠭᠡ》 ᠶᠢ ᠨᠡᠢᠲᠡᠯᠡᠭᠰᠡᠨ ᠪᠠ ᠰᠡᠭᠦᠯᠡᠷ ᠨᠢ ᠲᠡᠷᠡ ᠰᠠᠭᠤᠷᠢᠨ ᠳᠡᠭᠡᠷ᠎ᠡ ᠮᠣᠩᠭᠤᠯ ᠬᠡᠯᠡᠨ ᠦ ᠨᠢᠭᠡ ᠪᠦᠯᠦᠭ ᠨᠢᠭᠡᠳᠦᠯ ᠦᠭᠡᠢ ᠪᠢᠴᠢᠵᠦ ᠪᠠᠢᠭᠰᠠᠨ ᠳᠠᠩ ᠦᠭᠡ  ᠶᠢᠨ ᠪᠢᠴᠢᠯᠭᠡ  ᠶᠢ 《ᠮᠣᠩᠭᠤᠯ ᠵᠥᠪ ᠪᠢᠴᠢᠯᠭᠡ ᠶᠢᠨ ᠲᠣᠯᠢ》 ᠳᠤ ᠳᠦᠷᠢᠮᠵᠢᠭᠦᠯᠦᠨ ᠨᠢᠭᠡᠳᠭᠡᠭᠰᠡᠨ ᠤᠴᠢᠷ ᠢ ᠲᠠᠭ ᠮᠡᠳᠡᠬᠦ ᠦᠭᠡᠢ ᠪᠠᠢᠭ᠎ᠠ ᠵᠡᠷᠭᠡ  ᠶᠢ ᠳᠤᠷᠠᠳᠴᠤ ᠪᠣᠯᠤᠨ᠎ᠠ᠃ ᠨᠢᠭᠡ ᠯᠡ ᠦᠭᠡ ᠪᠡᠷ ᠬᠡᠯᠡᠪᠡᠯ᠂ ᠵᠠᠷᠢᠮ ᠪᠠᠢᠭᠤᠯᠭ᠎ᠠ ᠨᠢᠭᠡᠴᠢ ᠮᠡᠳᠡᠵᠦ ᠪᠠᠢᠭᠠᠳ ᠬᠡᠷᠡᠭᠵᠢᠭᠦᠯᠬᠦ ᠲᠠᠯ᠎ᠠ ᠪᠠᠷ ᠲᠠᠲᠠᠭᠠᠯᠵᠠᠬᠤ ᠣᠪᠤᠷ ᠠᠪᠤᠭᠰᠠᠨ᠂ ᠵᠠᠷᠢᠮ ᠪᠠᠢᠭᠤᠯᠭ᠎ᠠ ᠨᠢᠭᠡᠴᠢ ᠪᠣᠯᠤᠨ ᠬᠥᠮᠦᠰ ᠬᠠᠷᠢᠨ ᠲᠡᠳᠡᠭᠡᠷ ᠢ ᠰᠠᠢᠨ ᠮᠡᠳᠡᠬᠦ ᠦᠭᠡᠢ ᠪᠠᠢᠠᠠᠰᠠᠨ᠂ ᠡᠭᠦᠨ ᠡᠴᠡ ᠪᠣᠯᠤᠭᠠᠳ ᠬᠡᠷᠡᠭᠯᠡᠬᠦ ᠦᠭᠡᠢ ᠪᠠᠢᠭᠰᠠᠨ ᠪᠠᠢᠵᠠᠢ᠃

ᠮᠣᠩᠭᠤᠯ ᠬᠡᠯᠡ ᠪᠢᠴᠢᠭ ᠢ᠋ ᠰᠤᠷᠴᠦ ᠬᠡᠷᠡᠭᠯᠡᠬᠦ ᠶᠠᠪᠤᠴᠠ ᠳᠤ ᠮᠣᠩᠭᠤᠯ ᠬᠡᠯᠡᠨ ᠦ ᠲᠣᠯᠢ ᠪᠢᠴᠢᠭ ᠤᠯᠠᠨ ᠬᠡᠪᠯᠡᠭᠳᠡᠭᠰᠡᠨ ᠪᠦᠭᠡᠤᠨ ᠤᠯᠠᠮ ᠢᠶᠠᠷ ᠪᠣᠯᠪᠠᠰᠤᠷᠠᠭᠰᠠᠨ ᠴᠢᠨᠠᠷᠯᠢᠭ ᠲᠣᠯᠢ ᠪᠢᠴᠢᠭ  ᠴᠦ ᠴᠥᠭᠡᠨ ᠪᠤᠰᠤ ᠬᠡᠪᠯᠡᠭᠳᠡᠵᠦ ᠪᠠᠢᠨ᠎ᠠ᠃ ᠢᠯᠠᠩᠭᠤᠶ᠎ᠠ ᠲᠦᠷᠦᠭᠦᠦ ᠵᠠᠭᠤᠨ ᠤ ᠨᠠᠶᠠᠭᠠᠳ ᠣᠨ ᠠᠴᠠ ᠨᠠᠭᠠᠰᠢ ᠵᠠᠷᠤᠳᠠᠯ ᠮᠥᠩᠭᠦ ᠬᠥᠷᠦᠯᠴᠡᠭᠡᠲᠡᠢ ᠪᠣᠯᠤᠭᠰᠠᠨ ᠢᠶᠠᠷ ᠣᠯᠠᠨ ᠲᠥᠷᠦᠯ ᠵᠦᠢᠯ ᠦᠨ ᠲᠣᠯᠢ ᠪᠢᠴᠢᠭ ᠬᠡᠪᠯᠡᠭᠳᠡᠨ ᠭᠠᠷᠴᠤ᠂ ᠮᠣᠩᠭᠤᠯ ᠲᠣᠯᠢ  ᠪᠢᠴᠢᠭ ᠦ᠋ᠨ ᠠᠵᠢᠯ ᠤᠷᠢᠤᠨ ᠡᠮᠦᠨ᠎ᠡ ᠭᠠᠷᠤᠭ᠎ᠠ ᠦᠭᠡᠢ ᠬᠥᠭᠵᠢᠯᠲᠡ ᠳ᠋ᠦ᠍ ᠣᠷᠤᠭᠰᠠᠨ ᠶᠤᠮ᠃ ᠡᠭᠦᠨ ᠦ ᠳᠠᠭᠠᠤ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ᠂ ᠨᠡᠷ᠎ᠡ ᠲᠣᠮᠢᠶᠠᠨ ᠤ ᠺᠣᠮᠢᠰ᠂ ᠬᠡᠪᠯᠡᠯ ᠦᠨ ᠬᠣᠷᠢᠶ᠎ᠠ ᠵᠡᠷᠭᠡ ᠠᠯᠪᠠᠨ ᠤ ᠲᠠᠯ᠎ᠠ ᠪᠤᠶᠤ ᠬᠤᠪᠢ ᠬᠥᠮᠦᠨ ᠦ ᠨᠠᠢᠷᠠᠭᠤᠯᠤᠭᠰᠠᠨ ᠶᠠᠩᠵᠤ ᠪᠦᠷᠢ  ᠶᠢᠨ ᠲᠣᠯᠢ ᠪᠢᠴᠢᠭ ᠳᠠᠷᠠᠭ᠎ᠠ ᠳᠠᠷᠠᠭ᠎ᠠ ᠪᠠᠷ ᠬᠡᠪᠯᠡᠭᠳᠡᠨ ᠭᠠᠷᠴᠤ ᠪᠠᠢᠭᠰᠠᠨ ᠪᠣᠯᠪᠠᠴᠤ ᠬᠣᠭᠤᠷᠤ ᠬᠣᠭᠤᠷᠤᠨᠳᠤ ᠪᠠᠨ ᠨᠢᠭᠡᠳᠦᠯ ᠦᠭᠡᠢ ᠭᠠᠵᠠᠷ ᠨᠡᠯᠢᠶᠡᠳ ᠢᠯᠡᠷᠡᠵᠦ᠂ ᠲᠣᠯᠢ ᠪᠢᠴᠢᠭ ᠲᠦ᠍ᠨᠢ ᠨᠢᠭᠡ ᠬᠡᠮᠵᠢᠶᠡᠨ ᠦ ᠰᠠᠮᠠᠭᠤᠷᠠᠯ ᠪᠤᠢ ᠪᠣᠯᠵᠠᠢ᠃ ᠡᠨᠡ ᠨᠢ ᠮᠠᠨ ᠤ ᠣᠷᠤᠨ ᠤ ᠬᠡᠪᠯᠡᠯ ᠦᠨ ᠬᠣᠷᠢᠶ᠎ᠠ᠂ ᠰᠣᠨᠢᠨ ᠤ ᠬᠣᠷᠢᠶ᠎ᠠ᠂ ᠰᠡᠳᠭᠦᠯ ᠦᠨ ᠬᠣᠷᠢᠶ᠎ᠠ᠂ ᠮᠣᠩᠭᠤᠯ ᠢᠶᠠᠷ ᠬᠢᠴᠢᠶᠡᠯᠯᠡᠳᠡᠭ ᠶᠡᠬᠡ ᠳᠡᠭᠡᠳᠦ ᠰᠤᠷᠭᠠᠭᠤᠯᠢ ᠪᠠ ᠵᠠᠷᠢᠮ ᠳᠤᠮᠳᠠᠳᠤ ᠪᠠᠭ᠎ᠠ ᠰᠤᠷᠭᠠᠭᠤᠯᠢ᠂ ᠵᠢᠭᠠᠬᠤ  ᠶᠢ ᠰᠤᠳᠤᠯᠬᠤ ᠲᠠᠰᠤᠭ᠂ ᠷᠠᠳᠢᠣ᠋ ᠲᠧᠯᠸᠢᠰ ᠬᠣᠷᠢᠶ᠎ᠠ ᠵᠡᠷᠭᠡ ᠪᠠᠢᠭᠤᠯᠭ᠎ᠠ ᠨᠢᠭᠡᠴᠢ  ᠶᠢᠨ ᠨᠠᠢᠷᠠᠭᠤᠯᠤᠭᠴᠢ᠂ ᠰᠤᠷᠪᠤᠯᠵᠢᠯᠠᠭᠴᠢ᠂ ᠵᠣᠬᠢᠶᠠᠯᠴᠢ᠂ ᠴᠢᠮᠡᠭᠡᠯᠡᠭᠴᠢ᠂ ᠣᠷᠴᠢᠭᠤᠯᠤᠭᠴᠢ ᠵᠢᠴᠢ ᠮᠣᠩᠭᠤᠯ ᠬᠡᠯᠡᠨ ᠦ ᠪᠠᠭᠰᠢ ᠵᠡᠷᠭᠡ ᠮᠣᠩᠭᠤᠯ ᠬᠡᠯᠡ  ᠪᠢᠴᠢᠭ ᠦ᠋ᠨ ᠠᠵᠢᠯᠲᠠᠳ ᠬᠢᠭᠡᠳ ᠮᠣᠩᠭᠤᠯ ᠬᠡᠯᠡ ᠪᠢᠴᠢᠭ ᠰᠤᠷᠴᠤ ᠬᠡᠷᠡᠭᠯᠡᠭᠰᠡᠳ ᠲᠦ ᠴᠣᠬᠤᠮ ᠠᠯᠢ ᠲᠣᠯᠢ ᠪᠢᠴᠢᠭ ᠢ᠋ᠶ᠋ᠡᠷ  ᠨᠢ ᠪᠠᠷᠢᠮᠵᠢᠶ᠎ᠠ ᠪᠣᠯᠭᠠᠬᠤ ᠲᠠᠯ᠎ᠠ ᠪᠠᠷ ᠲᠥᠭᠡᠷᠢᠭᠳᠡᠯ ᠢ ᠠᠪᠴᠢᠷᠠᠭᠰᠠᠨ ᠪᠠᠢᠨ᠎ᠠ᠃ ᠠᠳᠠᠯᠢᠬᠠᠨ ᠨᠢᠭᠡ ᠯᠡ ᠪᠠᠢᠭᠤᠯᠭ᠎ᠠ  ᠶᠢᠨ ᠳᠣᠲᠤᠷ᠎ᠠ  ᠴᠦ ᠨᠢᠭᠡᠳᠦᠯ ᠦᠭᠡᠢ ᠪᠠᠢᠳᠠᠯ ᠬᠠᠶᠠ ᠬᠠᠷᠠᠭᠳᠠᠳᠠᠭ ᠪᠣᠯᠪᠠ᠃ ᠡᠨᠡ ᠨᠢ ᠭᠣᠣᠯᠳᠠᠭᠤ ᠠᠬᠠᠮᠠᠳ ᠦᠶ᠎ᠡ  ᠶᠢᠨ ᠨᠢᠭᠡ ᠪᠦᠯᠦᠭ ᠬᠥᠮᠦᠰ ᠳᠦᠷᠢᠮᠵᠢᠭᠦᠯᠬᠦ ᠡᠴᠡ ᠡᠮᠦᠨᠡᠬᠢ ᠬᠠᠭᠤᠴᠢᠨ ᠪᠢᠴᠢᠯᠭᠡ ᠪᠡᠨ ᠪᠠᠷᠢᠮᠲᠠᠯᠠᠨ ᠬᠡᠷᠡᠭᠯᠡᠬᠦ ᠳᠦ ᠵᠠᠯᠠᠭᠤ ᠨᠢᠭᠡ ᠦᠶ᠎ᠡ  ᠶᠢᠨ ᠬᠥᠮᠦᠰ ᠨᠢ ᠬᠠᠷᠢᠨ ᠳᠦᠷᠢᠮᠵᠢᠭᠦᠯᠦᠭᠰᠡᠨ ᠰᠢᠨ᠎ᠡ ᠪᠢᠴᠢᠯᠭᠡ  ᠶᠢ ᠬᠡᠷᠡᠭᠯᠡᠬᠦ ᠭᠡᠬᠦ ᠮᠡᠲᠦ  ᠶᠢᠨ ᠪᠠᠢᠳᠠᠯ ᠵᠠᠷᠢᠮ ᠭᠠᠵᠠᠷ ᠲᠤ ᠢᠯᠡᠷᠡᠵᠡᠢ᠃

《ᠮᠣᠩᠭᠤᠯ ᠵᠥᠪ ᠪᠢᠴᠢᠯᠭᠡ ᠶᠢᠨ ᠲᠣᠯᠢ》ᠨᠢ ᠨᠡᠯᠢᠶᠡᠳ ᠤᠯᠠᠨ ᠳᠦᠷᠢᠮᠵᠢᠯ ᠦᠭᠡᠢ ᠪᠢᠴᠢᠯᠭᠡ  ᠶᠢ ᠨᠢᠭᠡᠳᠭᠡᠨ ᠪᠢᠴᠢᠬᠦ ᠲᠠᠯ᠎ᠠ ᠪᠠᠷ ᠵᠣᠬᠢᠬᠤ ᠠᠮᠵᠢᠯᠲᠠ ᠳᠤ ᠬᠦᠷᠦᠭᠰᠡᠨ ᠪᠣᠯᠪᠠᠴᠤ ᠵᠠᠷᠢᠮ ᠴᠥᠭᠡᠪᠲᠦᠷ ᠦᠭᠡ  ᠶᠢᠨ ᠳᠦᠷᠢᠮᠵᠢᠭᠦᠯᠦᠭᠰᠡᠨ ᠪᠢᠴᠢᠯᠭᠡ  ᠶᠢ ᠡᠷᠳᠡᠮ ᠰᠢᠨᠵᠢᠯᠡᠭᠡ ᠪᠠ ᠬᠡᠯᠡ ᠬᠡᠷᠡᠭᠯᠡᠭᠡᠨ ᠦ ᠡᠭᠦᠳᠡᠨ ᠡᠴᠡ ᠲᠠᠬᠢᠵᠤ ᠨᠠᠷᠢᠪᠴᠢᠯᠠᠨ ᠰᠤᠳᠤᠯᠤᠭᠤᠰᠢᠲᠠᠢ ᠪᠠᠢᠭ᠎ᠠ ᠶᠤᠮ᠃ ᠣᠨᠴᠠᠭᠠᠢᠯᠠᠨ ᠵᠠᠷᠢᠮ ᠨᠡᠷ᠎ᠡ ᠲᠣᠮᠢᠶ᠎ᠠ (ᠵᠢᠱ᠌ᠢᠶᠡᠯᠡᠪᠡᠯ᠄ ᠠᠨᠠᠭᠠᠬᠤ ᠤᠬᠠᠭᠠᠨ ᠤ ᠨᠡᠷ᠎ᠡ ᠲᠣᠮᠢᠶ᠎ᠠ) ᠶᠢ ᠳᠠᠬᠢᠨ ᠨᠠᠷᠢᠨ ᠰᠢᠨᠵᠢᠯᠡᠨ ᠲᠣᠭᠲᠠᠭᠠᠬᠤ ᠴᠢᠬᠤᠯᠠᠲᠠᠢ ᠪᠣᠯᠤᠭᠠᠳ ᠪᠠᠢᠨ᠎ᠠ᠃ ᠵᠥᠪ ᠪᠢᠴᠢᠯᠭᠡ ᠶᠢᠨ ᠲᠠᠯ᠎ᠠ ᠪᠠᠷ ᠰᠤᠳᠤᠯᠭᠠᠨ ᠬᠢᠳᠡᠭ ᠬᠥᠮᠦᠰ ᠪᠠ ᠰᠤᠳᠤᠯᠭᠠᠨ ᠤ ᠦᠷ᠎ᠡ ᠪᠦᠲᠦᠭᠡᠯ ᠪᠦᠷ ᠲᠤᠲᠠᠭᠤ ᠪᠠᠢᠭ᠎ᠠ ᠪᠠᠢᠳᠠᠯ ᠮᠥᠨ ᠨᠣᠴᠢᠲᠠᠢ ᠣᠷᠤᠰᠢᠵᠤ ᠪᠤᠢ᠃ ᠲᠦᠷᠦᠭᠦᠦ ᠵᠠᠭᠤᠨ ᠤ ᠲᠠᠪᠢ ᠵᠢᠷᠠᠭᠠᠳ ᠣᠨ ᠠ᠋ᠴᠠ ᠮᠣᠩᠭᠤᠯ  ᠪᠢᠴᠢᠭ ᠦ᠋ᠨ ᠬᠡᠯᠡ ᠬᠢᠭᠡᠳ ᠲᠡᠭᠦᠨ ᠲᠡᠢ ᠬᠣᠯᠪᠤᠭᠳᠠᠭᠰᠠᠨ ᠵᠥᠪ ᠪᠢᠴᠢᠯᠭᠡ ᠶᠢᠨ ᠲᠠᠯ᠎ᠠ ᠶᠢᠨ ᠰᠤᠳᠤᠯᠭᠠᠨ ᠥᠷᠨᠢᠵᠦ᠂ 1980 ᠣᠨ ᠤ᠋ ᠦᠶ᠎ᠡ ᠪᠣᠯᠬᠤ ᠳ᠋ᠤ᠌ ᠵᠥᠪ ᠪᠢᠴᠢᠯᠭᠡ ᠶᠢᠨ ᠲᠠᠯ᠎ᠠ ᠶᠢᠨ ᠣᠨᠤᠯ᠂ ᠠᠷᠭ᠎ᠠ ᠤᠯᠠᠮ ᠪᠣᠯᠪᠠᠰᠤᠷᠠᠩᠭᠤᠢ ᠪᠣᠯᠵᠤ᠂ ᠨᠢᠭᠡ ᠪᠦᠯᠦᠭ ᠰᠢᠯᠢᠳᠡᠭ ᠡᠷᠳᠡᠮᠲᠡᠨ ᠪᠠ ᠪᠦᠲᠦᠭᠡᠯ ᠴᠣᠯᠭᠤᠷᠠᠨ ᠭᠠᠷᠴᠠᠢ᠃ 1990 ᠭᠡᠳ ᠣᠨ ᠤ᠋ ᠰᠡᠭᠦᠯᠴᠢ ᠪᠤᠶᠤ 2000 ᠣᠨ ᠳ᠋ᠤ᠌ ᠣᠷᠤᠭᠰᠠᠨ ᠤ ᠳᠠᠷᠠᠭ᠎ᠠ ᠮᠣᠩᠭᠤᠯ ᠬᠡᠯᠡ  ᠪᠢᠴᠢᠭ ᠦ᠋ᠨ ᠰᠤᠳᠤᠯᠭᠠᠨ ᠳᠤ ᠥᠭᠡᠷᠡᠴᠢᠯᠡᠯᠲᠡ ᠭᠠᠷᠴᠤ᠂ ᠰᠢᠨ᠎ᠡ ᠰᠢᠨ᠎ᠡ ᠠᠷᠭ᠎ᠠ ᠤᠬᠠᠭᠠᠨ ᠪᠤᠢ ᠪᠣᠯᠤᠭᠰᠠᠨ ᠪᠣᠯᠪᠠᠴᠤ ᠮᠣᠩᠭᠤᠯ  ᠪᠢᠴᠢᠭ ᠦ᠋ᠨ ᠵᠥᠪ ᠪᠢᠴᠢᠬᠦ ᠳᠦᠷᠢᠮ ᠦᠨ ᠲᠤᠬᠠᠢ ᠰᠤᠳᠤᠯᠭᠠᠨ ᠤ ᠠᠵᠢᠯ ᠬᠠᠷᠢᠨ ᠤᠯᠠᠮ ᠢᠶᠠᠷ ᠴᠥᠭᠡᠷᠡᠬᠦ ᠬᠠᠨᠳᠤᠰᠢ ᠲᠠᠢ ᠪᠣᠯᠪᠠ᠃ ᠶᠡᠬᠡ ᠳᠡᠭᠡᠳᠦ ᠰᠤᠷᠭᠠᠭᠤᠯᠢ᠂ ᠡᠷᠳᠡᠮ ᠰᠢᠨᠵᠢᠯᠡᠭᠡᠨ ᠦ ᠪᠠᠢᠭᠤᠯᠭ᠎ᠠ ᠳᠤ ᠵᠥᠪ ᠪᠢᠴᠢᠯᠭᠡ ᠶᠢᠨ ᠲᠠᠯ᠎ᠠ ᠪᠠᠷ ᠰᠤᠳᠤᠯᠭᠠᠨ ᠬᠢᠳᠡᠭ ᠬᠥᠮᠦᠨ ᠮᠠᠰᠢ ᠴᠥᠭᠡᠨ ᠪᠣᠯᠵᠤ᠂ ᠡᠨᠡ ᠲᠠᠯ᠎ᠠ ᠶᠢᠨ ᠰᠤᠳᠤᠯᠭᠠᠨ ᠵᠣᠭᠰᠤᠩᠭᠤᠢᠷᠠᠬᠤ ᠪᠠᠢᠳᠠᠯ ᠳᠤ ᠣᠷᠤᠵᠠᠢ᠃

ᠬᠡᠳᠦᠢᠪᠡᠷ ᠥᠪᠡᠷᠲᠡᠭᠡᠨ ᠵᠠᠰᠠᠬᠤ ᠣᠷᠤᠨ ᠤ ᠠᠷᠠᠤᠨ ᠤᠨ ᠵᠠᠰᠠᠭ ᠤᠨ ᠣᠷᠳᠤᠨ ᠤ ᠳᠡᠮᠵᠢᠯᠭᠡ ᠪᠡᠷ ᠡᠨᠡ ᠬᠦ ᠲᠣᠯᠢ ᠪᠢᠴᠢᠭ ᠢ᠋ ᠬᠡᠪᠯᠡᠭᠦᠯᠦᠭᠰᠡᠨ ᠭᠡᠳᠡᠭ ᠪᠣᠯᠪᠠᠴᠤ ᠡᠨᠡ ᠲᠠᠯ᠎ᠠ ᠶᠢᠨ ᠰᠤᠳᠤᠯᠭᠠᠨ ᠢ ᠳᠡᠮᠵᠢᠨ ᠲᠤᠰᠠᠯᠠᠬᠤ ᠵᠠᠰᠠᠭ ᠤᠨ ᠲᠠᠯ᠎ᠠ ᠶᠢᠨ ᠬᠥᠷᠦᠩᠭᠡ ᠣᠷᠤᠭᠤᠯᠤᠯᠲᠠ ᠮᠥᠨ ᠯᠡ ᠬᠥᠷᠦᠯᠴᠡᠭᠡᠲᠡᠢ ᠪᠢᠰᠢ ᠪᠠᠢᠨ᠎ᠠ᠃ ᠡᠭᠦᠨ ᠡᠴᠡ ᠪᠣᠯᠤᠭᠠᠳ ᠰᠤᠳᠤᠯᠭᠠᠨ ᠬᠢᠬᠦ ᠡᠷᠳᠡᠮᠲᠡᠨ ᠪᠠᠷᠤᠭ ᠪᠠᠢᠬᠤ ᠦᠭᠡᠢ ᠪᠣᠯᠬᠤ ᠬᠡᠮᠵᠢᠶᠡᠨ ᠳᠦ ᠬᠦᠷᠴᠦ᠂ ᠨᠡᠩ  ᠴᠦ ᠴᠢᠨᠠᠷ ᠰᠠᠢᠲᠠᠢ ᠰᠤᠳᠤᠯᠭᠠᠨ ᠤ ᠪᠦᠲᠦᠭᠡᠯ ᠡᠳᠦᠷ ᠦᠨ ᠣᠳᠣ ᠰᠢᠭ᠋ ᠪᠣᠯᠪᠠ᠃ ᠡᠢᠮᠦᠷᠬᠦᠦ ᠪᠠᠢᠳᠠᠯ ᠳᠤ ᠬᠠᠨᠳᠤᠭᠤᠯᠤᠨ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ ᠵᠡᠷᠭᠡ ᠡᠷᠬᠡᠲᠦ ᠪᠠᠢᠭᠤᠯᠭ᠎ᠠ ᠵᠣᠷᠢᠯᠭ᠎ᠠ ᠲᠠᠢ ᠪᠠᠷ ᠬᠥᠷᠦᠩᠭᠡ ᠪᠡᠯᠡ ᠭᠠᠷᠭᠠᠨ ᠮᠣᠩᠭᠤᠯ  ᠪᠢᠴᠢᠭ ᠦ᠋ᠨ ᠵᠥᠪ ᠪᠢᠴᠢᠯᠭᠡ ᠶᠢᠨ ᠲᠤᠬᠠᠢ ᠰᠤᠳᠤᠯᠭᠠᠨ ᠤ ᠠᠵᠢᠯ ᠢ ᠳᠡᠮᠵᠢᠬᠦ ᠬᠡᠷᠡᠭᠲᠡᠢ  ᠶᠤᠮ᠃

ᠮᠣᠩᠭᠤᠯ ᠬᠡᠯᠡ  ᠪᠢᠴᠢᠭ ᠦ᠋ᠨ ᠳᠦᠷᠢᠮᠵᠢᠯ᠂ ᠪᠠᠷᠢᠮᠵᠢᠶᠠᠵᠢᠯ ᠬᠢᠭᠡᠳ ᠰᠤᠷᠠᠭ ᠵᠠᠩᠭᠢᠵᠢᠯᠲᠠ  ᠶᠢᠨ ᠠᠵᠢᠯ ᠪᠣᠯ ᠮᠣᠩᠭᠤᠯᠴᠤᠳ ᠤᠨ ᠦᠭᠡ ᠬᠡᠯᠡ ᠦᠰᠦᠭ  ᠪᠢᠴᠢᠭ ᠢ᠋ᠶ᠋ᠡᠨ ᠥᠷᠭᠡᠨ ᠢ᠋ᠶ᠋ᠡᠷ ᠴᠢᠯᠦᠭᠡᠲᠡᠢ ᠬᠡᠷᠡᠭᠯᠡᠬᠦ  ᠶᠢᠨ ᠪᠠᠲᠤᠯᠠᠭ᠎ᠠ ᠮᠥᠨ ᠪᠦᠭᠡᠤᠨ ᠨᠠᠮ ᠤᠨ ᠱᠤᠭᠤᠮ᠂ ᠴᠢᠭᠯᠡᠯᠲᠡ᠂ ᠲᠥᠷᠦ ᠶᠢᠨ ᠪᠣᠳᠤᠯᠭ᠎ᠠ  ᠶᠢ ᠲᠤᠭᠤᠰᠢᠯᠠᠭᠤᠯᠤᠨ ᠬᠡᠷᠡᠭᠵᠢᠭᠦᠯᠬᠦ ᠳᠦ ᠳᠤᠲᠠᠭᠳᠠᠵᠤ ᠪᠣᠯᠤᠰᠢ ᠦᠭᠡᠢ ᠴᠢᠬᠤᠯᠠ ᠠᠵᠢᠯ ᠤᠨ ᠨᠢᠭᠡ ᠶᠤᠮ᠃ ᠥᠪᠡᠷᠲᠡᠭᠡᠨ ᠵᠠᠰᠠᠬᠤ ᠣᠷᠤᠨ ᠤ ᠠᠷᠠᠳ ᠤᠨ ᠵᠠᠰᠠᠭ ᠤᠨ ᠣᠷᠳᠤᠨ ᠵᠢᠴᠢ ᠥᠪᠡᠷᠲᠡᠭᠡᠨ ᠵᠠᠰᠠᠬᠤ ᠣᠷᠤᠨ ᠤ ᠮᠣᠩᠭᠤᠯ ᠬᠡᠯᠡ  ᠪᠢᠴᠢᠭ ᠦ᠋ᠨ ᠠᠵᠢᠯ ᠤᠨ ᠵᠥᠪᠯᠡᠯ ᠪᠢᠴᠢᠭ ᠮᠠᠲ᠋ᠧᠷᠢᠶᠠᠯ ᠪᠠᠭᠤᠯᠭᠠᠵᠤ᠂ ᠰᠠᠢᠲᠤᠷ ᠤᠬᠠᠭᠤᠯᠵᠤ ᠪᠠᠢᠭᠠᠳ ᠮᠣᠩᠭᠤᠯ  ᠪᠢᠴᠢᠭ ᠦ᠋ᠨ ᠵᠥᠪ ᠪᠢᠴᠢᠯᠭᠡ ᠶᠢᠨ ᠲᠤᠬᠠᠢ ᠳᠦᠷᠢᠮ ᠲᠣᠭᠲᠠᠭᠠᠯ ᠢ ᠲᠦᠢᠯᠪᠤᠷᠢᠲᠠᠢ ᠲᠣᠭᠤᠰᠢᠯᠠᠭᠤᠯᠤᠨ ᠬᠡᠷᠡᠭᠵᠢᠭᠦᠯᠬᠦ ᠬᠡᠷᠡᠭᠲᠡᠢ ᠪᠠᠢᠨ᠎ᠠ᠃ ᠡᠨᠡ ᠲᠠᠯ᠎ᠠ ᠳᠡᠭᠡᠷ᠎ᠡ ᠵᠥᠪᠬᠡᠨ ᠤᠯᠠᠨ ᠲᠦᠮᠡᠨ ᠦ ᠪᠡᠶᠡᠴᠢ ᠤᠬᠠᠮᠰᠠᠷ ᠲᠤ ᠲᠦᠰᠢᠭᠯᠡᠭᠡᠳ ᠠᠰᠠᠭᠤᠳᠠᠯ ᠢ ᠦᠨᠳᠦᠰᠦᠨ ᠡᠴᠡ ᠨᠢ ᠰᠢᠢᠳᠪᠦᠷᠢᠯᠡᠵᠦ ᠴᠢᠳᠠᠬᠤ ᠦᠭᠡᠢ᠂ ᠵᠠᠪᠠᠯ ᠵᠠᠰᠠᠭ ᠤᠨ ᠲᠠᠯ᠎ᠠ ᠠᠴᠠ ᠦᠨᠡᠨ ᠬᠦ ᠪᠦᠲᠦᠮᠵᠢᠲᠡᠢ ᠠᠷᠭ᠎ᠠ ᠬᠡᠮᠵᠢᠶ᠎ᠡ ᠠᠪᠴᠤ᠂ ᠴᠢᠩᠭ᠎ᠠ ᠱᠠᠭᠠᠷᠳᠠᠨ ᠬᠡᠷᠡᠭᠵᠢᠭᠦᠯᠪᠡᠯ ᠵᠣᠬᠢᠨ᠎ᠠ᠃ ᠬᠡᠪᠯᠡᠯ ᠦᠨ ᠬᠣᠷᠢᠶ᠎ᠠ᠂ ᠰᠣᠨᠢᠨ ᠤ ᠬᠣᠷᠢᠶ᠎ᠠ᠂ ᠰᠡᠳᠭᠦᠯ ᠦᠨ ᠬᠣᠷᠢᠶ᠎ᠠ᠂ ᠮᠣᠩᠭᠤᠯ ᠢᠶᠠᠷ ᠬᠢᠴᠢᠶᠡᠯᠯᠡᠳᠡᠭ ᠶᠡᠬᠡ ᠳᠡᠭᠡᠳᠦ ᠰᠤᠷᠭᠠᠭᠤᠯᠢ ᠪᠠ ᠳᠤᠮᠳᠠᠳᠤ ᠪᠠᠭ᠎ᠠ ᠰᠤᠷᠭᠠᠭᠤᠯᠢ᠂ ᠵᠢᠭᠠᠬᠤ  ᠶᠢ ᠰᠤᠳᠤᠯᠬᠤ ᠲᠠᠰᠤᠭ᠂ ᠷᠠᠳᠢᠣ᠋ ᠲᠧᠯᠸᠢᠰ ᠬᠣᠷᠢᠶ᠎ᠠ ᠵᠡᠷᠭᠡ ᠪᠠᠢᠭᠤᠯᠭ᠎ᠠ ᠨᠢᠭᠡᠴᠢ  ᠶᠢᠨ ᠨᠠᠢᠷᠠᠭᠤᠯᠤᠭᠴᠢ᠂ ᠰᠤᠷᠪᠤᠯᠵᠢᠯᠠᠭᠴᠢ᠂ ᠵᠣᠬᠢᠶᠠᠯᠴᠢ᠂ ᠴᠢᠮᠡᠭᠡᠯᠡᠭᠴᠢ᠂ ᠣᠷᠴᠢᠭᠤᠯᠤᠭᠴᠢ ᠵᠢᠴᠢ ᠮᠣᠩᠭᠤᠯ ᠬᠡᠯᠡᠨ ᠦ ᠪᠠᠭᠰᠢ ᠨᠠᠷ ᠢ ᠵᠣᠬᠢᠶᠠᠨ ᠪᠠᠢᠭᠤᠯᠤᠯᠲᠠ ᠲᠠᠢ᠂ ᠠᠯᠬᠤᠮ ᠳᠠᠷᠠᠭ᠎ᠠ ᠲᠠᠢ ᠪᠠᠷ ᠳᠠᠪᠲᠠᠨ ᠪᠣᠯᠪᠠᠰᠤᠷᠠᠭᠤᠯᠵᠤ᠂ 《ᠮᠣᠩᠭᠤᠯ ᠵᠥᠪ ᠪᠢᠴᠢᠯᠭᠡ ᠶᠢᠨ ᠲᠣᠯᠢ》 ᠳᠤ ᠶᠠᠮᠠᠷ ᠵᠠᠷᠴᠢᠮ ᠢᠶᠠᠷ ᠲᠠᠩ ᠦᠭᠡᠰ ᠦᠨ ᠪᠢᠴᠢᠯᠭᠡ  ᠶᠢ ᠳᠦᠷᠢᠮᠵᠢᠭᠦᠯᠦᠭᠰᠡᠨ᠂ ᠳᠠᠩ ᠦᠭᠡᠰ ᠦᠨ ᠪᠢᠴᠢᠯᠭᠡ  ᠶᠢ ᠳᠦᠷᠢᠮᠵᠢᠭᠦᠯᠬᠦ  ᠶᠢᠨ ᠴᠢᠬᠤᠯᠠ ᠴᠢᠨᠠᠷ ᠨᠢ ᠶᠠᠭᠤ ᠪᠣᠯᠬᠤ ᠶ᠋ᠢ ᠣᠢᠯᠠᠭᠠᠭᠤᠯᠤᠨ ᠲᠡᠳᠡᠨ ᠦ ᠮᠣᠩᠭᠤᠯ ᠬᠡᠯᠡ  ᠪᠢᠴᠢᠭ ᠦ᠋ᠨ ᠬᠢᠷᠢ ᠲᠦᠪᠰᠢᠨ ᠢ ᠨᠢ ᠳᠡᠭᠡᠭᠰᠢᠯᠡᠭᠦᠯᠬᠦ ᠴᠢᠬᠤᠯᠠᠲᠠᠢ᠃ ᠪᠢᠳᠡ ᠮᠣᠩᠭᠤᠯ ᠬᠡᠯᠡᠨ ᠦ ᠪᠠᠷᠢᠮᠵᠢᠶ᠎ᠠ ᠠᠪᠢᠶᠠᠨ ᠤ ᠬᠢᠷᠢ ᠬᠡᠮ ᠦᠨ ᠪᠣᠯᠪᠠᠰᠤᠷᠠᠯ ᠰᠢᠯᠭᠠᠯᠲᠠ  ᠶᠢᠨ ᠠᠵᠢᠯ ᠢ ᠪᠦᠬᠦ ᠣᠷᠤᠨ ᠤ ᠬᠡᠪᠴᠢᠶᠡᠨ ᠳᠦ ᠥᠷᠨᠢᠭᠦᠯᠦᠭᠡᠳ ᠠᠷᠪᠠ ᠭᠠᠷᠤᠢ ᠵᠢᠯ ᠪᠣᠯᠵᠤ ᠪᠠᠢᠭ᠎ᠠ ᠲᠤᠯᠠ ᠨᠡᠯᠢᠶᠡᠳ ᠠᠮᠵᠢᠯᠲᠠ ᠳᠤ ᠬᠦᠷᠦᠭᠰᠡᠨ ᠭᠡᠵᠦ ᠬᠡᠯᠡᠵᠦ ᠪᠣᠯᠤᠨ᠎ᠠ᠃ ᠮᠣᠩᠭᠤᠯ  ᠪᠢᠴᠢᠭ ᠦ᠋ᠨ ᠵᠥᠪ ᠪᠢᠴᠢᠯᠭᠡ ᠶᠢᠨ ᠲᠠᠯ᠎ᠠ ᠪᠠᠷ  ᠴᠦ ᠲᠡᠭᠦᠨ ᠦ ᠲᠤᠷᠰᠢᠯᠭ᠎ᠠ ᠰᠤᠷᠭᠠᠮᠵᠢ  ᠶᠢ ᠰᠢᠩᠭᠡᠭᠡᠨ ᠠᠪᠴᠤ᠂ ᠪᠣᠯᠪᠠᠰᠤᠷᠠᠯ ᠰᠢᠯᠭᠠᠯᠲᠠ  ᠶᠢᠨ ᠠᠵᠢᠯ ᠢ ᠠᠢᠮᠠᠭ ᠬᠤᠳᠠ ᠪᠠ ᠪᠠᠢᠭᠤᠯᠭ᠎ᠠ ᠨᠢᠭᠡᠴᠢ ᠳᠦ ᠵᠣᠬᠢᠶᠠᠨ ᠪᠠᠢᠭᠤᠯᠬᠤ ᠪᠠᠷ ᠪᠣᠳᠤᠯᠬᠢᠯᠠᠵᠤ ᠪᠣᠯᠤᠨ᠎ᠠ᠃ ᠲᠡᠭᠦᠨ ᠢ ᠶᠡᠬᠡ ᠪᠡᠷ ᠬᠣᠶᠠᠷ ᠭᠣᠣᠯ ᠠᠭᠤᠯᠭ᠎ᠠ ᠳᠤ ᠬᠤᠪᠢᠶᠠᠵᠤ ᠪᠣᠯᠤᠨ᠎ᠠ᠃ ᠨᠢᠭᠡ ᠳᠦ᠂ ᠮᠣᠩᠭᠤᠯ ᠪᠢᠴᠢᠭ ᠦ᠋ᠨ ᠵᠥᠪ ᠪᠢᠴᠢᠯᠭᠡ ᠬᠢᠭᠡᠳ ᠲᠡᠭᠦᠨ ᠲᠡᠢ ᠬᠣᠯᠪᠤᠭᠳᠠᠬᠤ ᠳᠦᠷᠢᠮᠵᠢᠯ ᠦᠨ ᠠᠵᠢᠯ ᠢ ᠬᠢᠬᠦ ᠴᠢᠬᠤᠯᠠ ᠴᠢᠨᠠᠷ᠂ ᠠᠴᠢ ᠬᠣᠯᠪᠤᠭᠳᠠᠯ ᠢ ᠢᠯᠡᠭᠦᠬᠡᠨ ᠰᠤᠷᠲᠠᠯᠴᠢᠯᠠᠨ ᠤᠬᠠᠭᠤᠯᠵᠤ᠂ ᠠᠷᠠᠳ ᠤᠯᠠᠨ ᠳᠤ ᠣᠢᠯᠠᠭᠠᠭᠤᠯᠵᠤ ᠮᠡᠳᠡᠭᠦᠯᠬᠦ ᠬᠡᠷᠡᠭᠲᠡᠢ᠃ ᠬᠣᠶᠠᠷ ᠲᠤ᠂ ᠳᠦᠷᠢᠮᠵᠢᠭᠦᠯᠬᠦ ᠪᠡᠷ ᠲᠣᠭᠲᠠᠭᠰᠠᠨ ᠪᠣᠳᠠᠲᠠᠢ ᠠᠭᠤᠯᠭ᠎ᠠ ᠪᠠᠨ ᠣᠬᠤᠷ ᠬᠤᠭᠤᠴᠠᠭᠠᠨ ᠤ ᠰᠤᠷᠤᠯᠴᠠᠯᠭ᠎ᠠ ᠵᠡᠷᠭᠡ ᠪᠡᠷ ᠳᠠᠮᠵᠢᠭᠤᠯᠤᠨ ᠬᠥᠮᠦᠰ ᠲᠦ ᠮᠡᠳᠡᠭᠦᠯᠬᠦ ᠬᠡᠷᠡᠭᠲᠡᠢ᠃ ᠣᠢᠷ᠎ᠠ ᠳᠤ ᠮᠣᠩᠭᠤᠯ  ᠪᠢᠴᠢᠭ ᠦ᠋ᠨ ᠵᠥᠪ ᠪᠢᠴᠢᠯᠭᠡ ᠶᠢᠨ ᠠᠭᠤᠯᠭ᠎ᠠ ᠪᠦᠬᠦᠢ ᠮᠥᠷᠦᠢᠴᠡᠭᠡᠨ ᠵᠡᠷᠭᠡ  ᠶᠢ ᠵᠣᠬᠢᠶᠠᠨ ᠪᠠᠢᠭᠤᠯᠤᠨ ᠬᠢᠵᠦ ᠪᠠᠢᠭ᠎ᠠ ᠭᠠᠵᠠᠷ  ᠴᠦ ᠪᠠᠢᠨ᠎ᠠ᠃ ᠡᠭᠦᠨ ᠢ ᠪᠢᠳᠡ ᠪᠦᠬᠦ ᠣᠷᠤᠨ ᠤ ᠬᠡᠪᠴᠢᠶᠡᠨ ᠳᠦ ᠲᠦᠭᠡᠮᠡᠯᠵᠢᠭᠦᠯᠦᠨ ᠬᠢᠵᠦ ᠪᠣᠯᠤᠮᠠᠷ ᠰᠠᠨᠠᠭᠳᠠᠨ᠎ᠠ᠃ ᠡᠢᠮᠦᠷᠬᠦᠦ ᠠᠷᠭ᠎ᠠ ᠠᠪᠴᠠᠯ ᠢ ᠠᠰᠢᠭᠯᠠᠪᠠᠯ ᠨᠡᠯᠢᠶᠡᠳ ᠬᠠᠨᠤᠮᠵᠢᠲᠠᠢ ᠦᠷ᠎ᠡ ᠳ᠋ᠦᠩ ᠳᠦ ᠬᠦᠷᠬᠦ ᠪᠣᠯᠤᠮᠵᠢᠲᠠᠢ ᠶᠤᠮ᠃

ᠨᠥᠭᠥᠭᠡ ᠲᠠᠯ᠎ᠠ ᠪᠠᠷ᠂ ᠥᠪᠡᠷᠲᠡᠭᠡᠨ ᠵᠠᠰᠠᠬᠤ ᠣᠷᠤᠨ ᠤ ᠮᠣᠩᠭᠤᠯ  ᠪᠢᠴᠢᠭ ᠦ᠋ᠨ ᠵᠥᠪ ᠪᠢᠴᠢᠯᠭᠡ ᠶᠢᠨ ᠠᠵᠢᠯ ᠤᠨ ᠺᠣᠮᠢᠰ ᠤᠨ ᠪᠦᠷᠢᠯᠳᠦᠬᠦᠨ ᠵᠢᠴᠢ ᠮᠣᠩᠭᠤᠯ ᠬᠡᠯᠡ  ᠪᠢᠴᠢᠭ ᠦ᠋ᠨ ᠡᠷᠳᠡᠮᠲᠡᠳ ᠢ ᠵᠣᠬᠢᠶᠠᠨ ᠪᠠᠢᠭᠤᠯᠵᠤ 《ᠮᠣᠩᠭᠤᠯ ᠵᠥᠪ ᠪᠢᠴᠢᠯᠭᠡ ᠶᠢᠨ ᠲᠣᠯᠢ》 ᠳᠤ ᠣᠷᠤᠰᠢᠵᠤ ᠪᠠᠢᠭ᠎ᠠ ᠵᠠᠷᠢᠮ ᠠᠰᠠᠭᠤᠳᠠᠯ ᠢ ᠳᠠᠷᠤᠢᠬᠠᠨ ᠰᠢᠢᠳᠪᠦᠷᠢᠯᠡᠬᠦ ᠬᠡᠷᠡᠭᠲᠡᠢ ᠪᠣᠯᠤᠭᠠᠳ ᠪᠠᠢᠨ᠎ᠠ᠃ ᠪᠢᠳᠡᠨ ᠦ ᠬᠢᠭᠰᠡᠨ ᠪᠠᠢᠴᠠᠭᠠᠯᠲᠠ ᠠᠴᠠ ᠦᠵᠡᠬᠦ ᠳᠦ ᠬᠡᠳᠦᠢᠪᠡᠷ ᠬᠣᠯᠪᠤᠭᠳᠠᠬᠤ ᠦᠭᠡ ᠨᠢ ᠲᠡᠢᠮᠦ ᠤᠯᠠᠨ ᠪᠢᠰᠢ  ᠴᠦ ᠭᠡᠰᠡᠨ 《ᠮᠣᠩᠭᠤᠯ ᠵᠥᠪ ᠪᠢᠴᠢᠯᠭᠡ ᠶᠢᠨ ᠲᠣᠯᠢ》 ᠳᠠᠬᠢ ᠰᠢᠨ᠎ᠡ ᠪᠡᠷ ᠳᠦᠷᠢᠮᠵᠢᠭᠦᠯᠦᠭᠰᠡᠨ ᠲᠠᠩ ᠦᠭᠡ  ᠶᠢᠨ ᠪᠢᠴᠢᠯᠭᠡ ᠳᠦ ᠨᠢᠭᠡ ᠬᠡᠮᠵᠢᠶᠡᠨ ᠦ ᠠᠰᠠᠭᠤᠳᠠᠯ ᠣᠷᠤᠰᠢᠵᠤ ᠪᠤᠢ᠃ ᠡᠢᠮᠦᠷᠬᠦᠦ ᠠᠰᠠᠭᠤᠳᠠᠯ ᠲᠠᠢ ᠦᠭᠡ ᠨᠢ ᠴᠥᠭᠡᠨ ᠦᠭᠡ ᠲᠡᠢ ᠬᠣᠯᠪᠤᠭᠳᠠᠬᠤ ᠪᠣᠯᠪᠠᠴᠤ ᠵᠠᠪᠠᠯ ᠨᠢᠭᠡ ᠨᠢᠭᠡ ᠪᠡᠷ ᠨᠢ ᠬᠢᠨᠠᠮᠠᠭᠠᠢ ᠰᠤᠳᠤᠯᠤᠨ ᠶᠠᠷᠢᠯᠴᠠᠵᠤ᠂ ᠨᠡᠢᠭᠡᠮ ᠦᠨ ᠡᠯ᠎ᠡ ᠡᠲᠡᠭᠡᠳ ᠦᠨ ᠰᠠᠨᠠᠯ ᠰᠢᠭᠦᠮᠵᠢ  ᠶᠢ ᠰᠣᠨᠤᠰᠤᠭᠰᠠᠨ ᠤ ᠰᠠᠭᠤᠷᠢᠨ ᠳᠡᠭᠡᠷ᠎ᠡ ᠵᠦᠢ ᠵᠣᠬᠢᠰᠲᠠᠢ ᠰᠢᠢᠳᠪᠦᠷᠢᠯᠡᠬᠦ ᠴᠢᠬᠤᠯᠠᠲᠠᠢ᠃ ᠭᠡᠬᠦ ᠳᠡᠭᠡᠨ ᠵᠠᠪᠠᠯ ᠬᠢᠨᠠᠭᠤᠷ ᠯᠠᠪᠳᠠᠭᠤᠨ ᠠᠵᠢᠯᠯᠠᠵᠤ᠂ ᠤᠯᠠᠮᠵᠢᠯᠠᠯ᠂ ᠳᠦᠷᠢᠮᠵᠢᠯ᠂ ᠬᠡᠷᠡᠭᠯᠡᠭᠡᠨ ᠦ ᠬᠠᠷᠢᠴᠠᠭ᠎ᠠ  ᠶᠢ ᠵᠦᠢ ᠵᠣᠬᠢᠰᠲᠠᠢ ᠰᠢᠢᠳᠪᠦᠷᠢᠯᠡᠬᠦ ᠬᠡᠷᠡᠭᠲᠡᠢ  ᠶᠤᠮ᠃

ᠬᠡᠯᠡ ᠦᠰᠦᠭ ᠪᠢᠴᠢᠭ ᠢ᠋ ᠳᠦᠷᠢᠮᠵᠢᠭᠦᠯᠵᠦ ᠪᠠᠷᠢᠮᠵᠢᠶᠠᠵᠢᠭᠤᠯᠬᠤ ᠠᠵᠢᠯ ᠪᠣᠯ ᠬᠤᠪᠢ ᠬᠥᠮᠦᠨ ᠦ ᠠᠵᠢᠯ ᠪᠢᠰᠢ᠂ ᠵᠠᠰᠠᠭ ᠤᠨ ᠣᠷᠳᠤᠨ ᠤ ᠦᠢᠯᠡ ᠠᠵᠢᠯᠯᠠᠭ᠎ᠠ ᠮᠥᠨ᠃ ᠮᠣᠩᠭᠤᠯ  ᠪᠢᠴᠢᠭ ᠦ᠋ᠨ ᠵᠥᠪ ᠪᠢᠴᠢᠯᠭᠡ ᠶᠢᠨ ᠳᠦᠷᠢᠮᠵᠢᠯ ᠪᠣᠯ ᠡᠨᠡ ᠬᠦ ᠦᠢᠯᠡ ᠠᠵᠢᠯᠯᠠᠭᠠᠨ ᠤ ᠴᠢᠬᠤᠯᠠ ᠨᠢᠭᠡ ᠠᠭᠤᠯᠭ᠎ᠠ ᠶᠤᠮ᠃ ᠡᠢᠮᠦ ᠡᠴᠡ ᠥᠪᠡᠷᠲᠡᠭᠡᠨ ᠵᠠᠰᠠᠬᠤ ᠣᠷᠤᠨ ᠤ ᠵᠠᠰᠠᠭ ᠤᠨ ᠣᠷᠳᠤᠨ ᠬᠢᠭᠡᠳ ᠬᠠᠮᠢᠶ᠎ᠠ ᠪᠦᠬᠦᠢ ᠬᠠᠮᠢᠶᠠᠷᠤᠯᠲᠠ  ᠶᠢᠨ ᠪᠠᠢᠭᠤᠯᠭ᠎ᠠ  ᠶᠢᠨ ᠬᠢᠨ ᠮᠣᠩᠭᠤᠯ ᠪᠢᠴᠢᠭ ᠦ᠋ᠨ ᠵᠥᠪ ᠪᠢᠴᠢᠯᠭᠡ ᠶᠢᠨ ᠠᠵᠢᠯ ᠢ ᠳᠡᠭᠡᠳᠦ ᠬᠡᠮᠵᠢᠶ᠎ᠡ ᠪᠡᠷ ᠴᠢᠬᠤᠯᠠᠴᠢᠯᠠᠨ ᠦᠵᠡᠵᠦ᠂ ᠬᠣᠯᠪᠤᠭᠳᠠᠬᠤ ᠡᠷᠳᠡᠮᠲᠡᠳ ᠢ ᠵᠣᠬᠢᠶᠠᠨ ᠪᠠᠢᠭᠤᠯᠵᠤ᠂ 《ᠮᠣᠩᠭᠤᠯ ᠵᠥᠪ ᠪᠢᠴᠢᠯᠭᠡ ᠶᠢᠨ ᠲᠣᠯᠢ》 ᠳᠤ ᠵᠠᠰᠠᠪᠤᠷᠢ ᠣᠷᠤᠭᠤᠯᠵᠤ ᠲᠡᠭᠦᠨ ᠢ ᠲᠠᠬᠢᠨ ᠬᠡᠪᠯᠡᠭᠦᠯᠬᠦ ᠪᠠ ᠴᠢᠬᠤᠯᠠ ᠬᠡᠷᠡᠭᠴᠡᠭᠡ ᠲᠡᠢ᠂ ᠡᠷᠬᠡ ᠰᠦᠷᠲᠡᠢ ᠲᠣᠯᠢ ᠪᠢᠴᠢᠭ ᠦ᠋ᠳ ᠢ᠋ ᠨᠠᠢᠷᠠᠭᠤᠯᠵᠤ ᠬᠡᠪᠯᠡᠭᠦᠯᠬᠦ ᠠᠵᠢᠯ ᠢ ᠭᠠᠷᠳᠠᠨ ᠬᠢᠪᠡᠯ ᠵᠣᠬᠢᠨ᠎ᠠ᠃ ᠭᠡᠬᠦ ᠳᠡᠭᠡᠨ ᠵᠠᠰᠠᠭ ᠤᠨ ᠣᠷᠳᠤᠨ ᠬᠦᠷᠦᠯᠴᠡᠭᠡᠲᠡᠢ ᠪᠡᠯᠡ ᠮᠥᠩᠭᠦ ᠣᠷᠤᠭᠤᠯᠤᠨ ᠬᠠᠮᠢᠶᠠᠲᠠᠢ ᠠᠵᠢᠯ ᠤᠨ ᠢᠯᠭᠤᠮ ᠰᠢᠯᠤᠭᠤᠨ᠂ ᠦᠷ᠎ᠡ ᠪᠦᠲᠦᠮᠵᠢᠲᠡᠢ ᠶᠠᠪᠤᠭᠳᠠᠬᠤ  ᠶᠢ ᠪᠠᠲᠤᠯᠠᠪᠠᠯ ᠵᠣᠬᠢᠨ᠎ᠠ᠃ ᠬᠡᠯᠡ ᠪᠢᠴᠢᠭ ᠦ᠋ᠨ ᠠᠵᠢᠯ ᠢ ᠵᠢᠯᠤᠭᠤᠳᠤᠨ ᠬᠢᠵᠦ ᠪᠠᠢᠭ᠎ᠠ ᠪᠠᠢᠭᠤᠯᠭ᠎ᠠ  ᠶᠢᠨ ᠬᠢᠨ ᠡᠨᠡ ᠬᠦ ᠠᠵᠢᠯ ᠤᠨ ᠴᠢᠬᠤᠯᠠ ᠴᠢᠨᠠᠷ ᠢ ᠵᠥᠪ ᠤᠬᠠᠭᠠᠷᠠᠨ ᠲᠠᠨᠢᠵᠤ᠂ ᠮᠣᠩᠭᠤᠯ ᠬᠡᠯᠡ  ᠪᠢᠴᠢᠭ ᠦ᠋ᠨ ᠠᠵᠢᠯ ᠢ ᠦᠨᠡᠨ ᠰᠡᠳᠭᠢᠯ ᠡᠴᠡ ᠪᠡᠨ ᠰᠠᠢᠲᠤᠷ ᠬᠢᠬᠦ ᠪᠡᠷ ᠴᠢᠷᠮᠠᠢᠬᠤ ᠬᠡᠷᠡᠭᠲᠡᠢ᠃ ᠬᠡᠯᠡ  ᠪᠢᠴᠢᠭ ᠦ᠋ᠨ ᠠᠵᠢᠯ ᠢ ᠭᠠᠷᠳᠠᠨ ᠬᠢᠵᠦ ᠪᠠᠢᠭ᠎ᠠ ᠣᠷᠤᠨ ᠨᠤᠲᠤᠭ ᠤᠨ ᠠᠵᠢᠯᠲᠠᠳ ᠬᠠᠷᠢᠭᠤᠴᠠᠯᠭ᠎ᠠ ᠪᠠᠨ ᠲᠣᠳᠤᠷᠠᠭᠤᠯᠵᠤ᠂ ᠪᠣᠳᠠᠲᠠᠢ ᠠᠵᠢᠯ ᠤᠳ ᠢ ᠨᠢᠭᠡ ᠨᠢᠭᠡ ᠪᠡᠷ ᠬᠢᠨᠠᠯᠲᠠ ᠲᠠᠯᠪᠢᠨ ᠰᠠᠢᠲᠤᠷ ᠬᠢᠬᠦ ᠬᠡᠷᠡᠭᠲᠡᠢ ᠪᠣᠯᠤᠭᠠᠳ ᠪᠠᠢᠨ᠎ᠠ᠃

ᠪᠢᠳᠡ ᠮᠣᠩᠭᠤᠯ  ᠪᠢᠴᠢᠭ ᠦ᠋ᠨ ᠵᠥᠪ ᠪᠢᠴᠢᠬᠦ ᠳᠦᠷᠢᠮ ᠢ ᠰᠠᠢᠵᠢᠷᠠᠭᠤᠯᠵᠤ ᠳᠦᠷᠢᠮᠵᠢᠭᠦᠯᠬᠦ ᠳᠡᠭᠡᠨ ᠮᠣᠩᠭᠤᠯ ᠪᠢᠴᠢᠭ ᠪᠣᠯ ᠵᠥᠪᠬᠡᠨ ᠥᠪᠦᠷ ᠮᠣᠩᠭᠤᠯᠴᠤᠳ ᠤᠨ ᠯᠡ ᠬᠡᠷᠡᠭᠯᠡᠳᠡᠭ ᠦᠰᠦᠭ ᠪᠢᠴᠢᠭ ᠪᠢᠰᠢ᠂  ᠬᠠᠷᠢᠨ ᠳᠡᠯᠡᠬᠡᠢ ᠳ᠋ᠦ᠍ ᠲᠠᠷᠬᠠᠨ ᠠᠮᠢᠳᠤᠷᠠᠵᠤ ᠪᠠᠢᠭ᠎ᠠ ᠦᠢ ᠲᠦᠮᠡᠨ ᠮᠣᠩᠭᠤᠯᠴᠤᠳ ᠤᠨ ᠰᠣᠶᠤᠯ ᠤᠨ ᠥᠪ ᠭᠡᠳᠡᠭ ᠢ ᠬᠡᠵᠢᠶᠡᠳᠡ ᠮᠠᠷᠲᠠᠵᠤ ᠪᠣᠯᠬᠤ ᠦᠭᠡᠢ ᠶᠤᠮ᠃ ᠶᠠᠷᠢᠶᠠᠨ ᠦᠭᠡᠢ᠂ ᠪᠢᠳᠡ ᠪᠣᠯ ᠮᠣᠩᠭᠤᠯ ᠪᠢᠴᠢᠭ ᠢ᠋ᠶ᠋ᠡᠨ ᠥᠪᠯᠡᠵᠦ᠂ ᠵᠠᠯᠭᠠᠮᠵᠢᠯᠠᠨ ᠬᠦᠭᠵᠢᠭᠦᠯᠵᠦ ᠶᠠᠪᠤᠭ᠎ᠠ ᠬᠥᠮᠦᠰ ᠤᠴᠢᠷ ᠠ᠋ᠴᠠ ᠥᠭᠡᠷᠡᠴᠢᠯᠡᠯᠲᠡ ᠰᠢᠨᠡᠴᠢᠯᠡᠯᠲᠡ ᠬᠢᠬᠦ ᠡᠷᠬᠡ ᠲᠠᠢ ᠶᠤᠮ᠃ ᠭᠡᠪᠡᠴᠦ ᠮᠣᠩᠭᠤᠯ ᠪᠢᠴᠢᠭ ᠢ᠋ ᠭᠠᠳᠠᠭᠠᠳᠤ ᠤᠯᠤᠰ ᠭᠦᠷᠦᠨ ᠳ᠋ᠦ᠍ ᠠᠮᠢᠳᠤᠷᠠᠵᠤ ᠪᠠᠢᠭ᠎ᠠ ᠬᠥᠮᠦᠰ ᠴᠦ ᠰᠤᠷᠴᠤ ᠬᠡᠷᠡᠭᠯᠡᠵᠦ ᠪᠠᠢᠭ᠎ᠠ ᠭᠡᠳᠡᠭ ᠢ ᠰᠠᠨᠠᠭᠠᠨ ᠳ᠋ᠠᠭᠠᠨ ᠠᠪᠴᠤ ᠶᠠᠪᠤᠬᠤ ᠶᠣᠰᠣᠲᠠᠢ᠃ ᠡᠭᠦᠨ ᠦ᠌ ᠳᠣᠲᠤᠷ᠎ᠠ ᠮᠣᠩᠭᠤᠯ ᠤᠯᠤᠰ ᠪᠣᠯ ᠮᠣᠩᠭᠤᠯ ᠪᠢᠴᠢᠭ ᠢ᠋ ᠬᠡᠷᠡᠭᠯᠡᠵᠦ ᠪᠠᠢᠭ᠎ᠠ ᠬᠥᠮᠦᠨ ᠦ᠌ ᠲᠣᠭ᠎ᠠ ᠪᠠᠷ ᠳᠤᠮᠳᠠᠳᠤ ᠤᠯᠤᠰ ᠢ ᠭᠠᠷᠭᠠᠪᠠᠯ ᠬᠠᠮᠤᠭ ᠤᠨ ᠤᠯᠠᠨ ᠪᠥᠭᠡᠳ ᠲᠡᠳᠡ ᠣᠳᠣ ᠰᠤᠷᠭᠠᠭᠤᠯᠢ ᠳ᠋ᠤ᠌ ᠮᠣᠩᠭᠤᠯ ᠪᠢᠴᠢᠭ ᠢ᠋ ᠵᠢᠭᠠᠵᠤ ᠪᠠᠢᠬᠤ ᠠ᠋ᠴᠠ ᠭᠠᠳᠠᠨ᠎ᠠ ᠠᠯᠪᠠᠨ ᠪᠢᠴᠢᠭ ᠮᠠᠲ᠋ᠧᠷᠢᠶᠠᠯ ᠵᠡᠷᠭᠡ ᠳ᠋ᠦ᠍ ᠴᠦ ᠬᠡᠷᠡᠭᠯᠡᠵᠦ ᠡᠬᠢᠯᠡᠵᠡᠢ᠃ ᠦᠰᠦᠭ ᠪᠢᠴᠢᠭ ᠦ᠋ᠨ ᠬᠤᠪᠢ ᠳ᠋ᠤ᠌ ᠣᠨᠳᠣᠣᠰᠢᠯ ᠭᠠᠷᠬᠤ ᠦᠭᠡᠢ ᠪᠠᠢᠬᠤ ᠶᠢ ᠪᠠᠲᠤᠯᠠᠬᠤ ᠳ᠋ᠤ᠌ ᠦᠰᠦᠭ ᠪᠢᠴᠢᠭ ᠢ᠋ ᠬᠠᠷᠢᠴᠠᠩᠭᠤᠢ ᠪᠠᠷ ᠲᠣᠭᠲᠠᠪᠤᠷᠢᠲᠠᠢ ᠬᠥᠭᠵᠢᠭᠦᠯᠬᠦ ᠶᠠᠪᠤᠳᠠᠯ ᠢ ᠠᠩᠬᠠᠷᠬᠤ ᠬᠡᠷᠡᠭᠲᠡᠢ ᠪᠠᠢᠨ᠎ᠠ᠃ ᠡᠨᠡ ᠬᠦ ᠪᠠᠢᠳᠠᠯ ᠳ᠋ᠤ᠌ ᠬᠠᠨᠳᠤᠭᠤᠯᠤᠨ ᠳᠤᠮᠳᠠᠳᠤ᠂ ᠮᠣᠩᠭᠤᠯ ᠬᠤᠶᠠᠷ ᠤᠯᠤᠰ ᠤᠨ ᠡᠷᠳᠡᠮᠲᠡᠳ ᠬᠠᠮᠲᠤᠷᠠᠨ ᠠᠵᠢᠯᠯᠠᠵᠤ᠂ ᠴᠢᠳᠠᠬᠤ ᠶᠢᠨ ᠳᠣᠲᠤᠷ᠎ᠠ ᠵᠥᠪ ᠪᠢᠴᠢᠬᠦ ᠳᠦᠷᠢᠮ ᠦ᠋ᠨ ᠲᠠᠯ᠎ᠠ ᠪᠠᠷ ᠰᠠᠨᠠᠯ ᠨᠢᠭᠡᠳᠴᠦ᠂ ᠬᠡᠨ ᠠᠯᠢ ᠨᠢ ᠴᠦ ᠬᠦᠯᠢᠶᠡᠵᠦ ᠵᠦᠪᠰᠢᠶᠡᠷᠡᠮᠡᠷ ᠮᠣᠩᠭᠤᠯ ᠪᠢᠴᠢᠭ ᠦ᠋ᠨ ᠵᠥᠪ ᠪᠢᠴᠢᠯᠭᠡ ᠶᠢᠨ ᠲᠣᠯᠢ ᠪᠢᠴᠢᠭ ᠢ᠋ ᠬᠡᠪᠯᠡᠭᠦᠯᠪᠡᠯ ᠰᠠᠢᠨ ᠶᠤᠮ᠃ ᠶᠠᠭᠤ ᠴᠦ ᠭᠡᠰᠡᠨ ᠥᠨᠥᠳᠦᠷ ᠦ᠋ᠨ ᠪᠠᠢᠳᠠᠯ ᠮᠠᠰᠢ ᠥᠭᠡᠷ᠎ᠡ ᠪᠣᠯᠤᠭᠰᠠᠨ᠂ ᠡᠭᠦᠳᠡ ᠪᠠᠨ ᠬᠠᠭᠠᠭᠠᠳ ᠡᠨᠡ ᠠᠵᠢᠯ ᠢ ᠬᠢᠬᠦ ᠴᠠᠭ ᠪᠢᠰᠢ ᠪᠣᠯᠤᠭᠰᠠᠨ ᠲᠤᠯᠠ ᠮᠣᠩᠭᠤᠯᠴᠤᠳ ᠤᠨ ᠠᠰᠢᠭ ᠲᠤᠰᠠ ᠶᠢ ᠲᠥᠯᠦᠭᠡᠯᠡᠵᠦ ᠴᠢᠳᠠᠮᠠᠷ ᠦᠷ᠎ᠡ ᠪᠦᠲᠦᠭᠡᠯ ᠢ ᠭᠠᠷᠭᠠᠬᠤ ᠪᠡᠷ ᠭᠣᠣᠯ ᠬᠠᠷᠠᠯᠲᠠ ᠪᠠᠨ ᠪᠣᠯᠭᠠᠵᠤ ᠠᠵᠢᠯᠯᠠᠪᠠᠯ ᠲᠠᠭᠠᠷᠠᠨ᠎ᠠ ᠭᠡᠵᠦ ᠪᠣᠳᠤᠵᠤ ᠪᠤᠢ᠃

 

      ᠢᠷᠡᠯᠲᠡ᠄ 《ᠮᠣᠩᠭᠤᠯ ᠬᠡᠯᠡ ᠪᠢᠴᠢᠭ》 ᠰᠡᠳᠭᠦᠯ᠂  2017 ᠣᠨ ᠤ᠋ 9  ᠳ᠋ᠤᠭᠠᠷ ᠬᠤᠭᠤᠴᠠᠭ᠎ᠠ 

 

ᠸᠢᠴᠠᠲ ᠲᠤ ᠪᠠᠨ ᠬᠤᠪᠢᠶᠠᠯᠴᠠᠬᠤ