《ᠮᠣᠩᠭᠤᠯ ᠵᠥᠪ ᠪᠢᠴᠢᠯᠭᠡ ᠶᠢᠨ ᠲᠣᠯᠢ》(ᠠᠩᠬᠠᠳᠠᠬᠢ᠂ ᠬᠣᠶᠠᠳᠠᠬᠢ  ᠬᠡᠪᠯᠡᠯ) ᠶᠢᠨ ᠲᠤᠬᠠᠢ ᠠᠵᠢᠯ ᠤᠨ ᠲᠠᠢᠯᠤᠨ
ᠵᠣᠬᠢᠶᠠᠭᠴᠢ᠄ ᠲᠠᠮᠤᠰᠦ᠋ᠷᠦᠩ
2018.06.08

ᠮᠢᠩᠭᠠᠭᠠᠳ ᠵᠢᠯ ᠦ᠋ᠨ ᠦᠰᠦᠭ  ᠪᠢᠴᠢᠭ ᠦ᠋ᠨ ᠲᠡᠦᠬᠡ ᠲᠡᠢ ᠮᠠᠨ ᠤ ᠮᠣᠩᠭᠤᠯᠴᠤᠳ ᠶᠡᠷᠦ  ᠨᠢ ᠰᠣᠶᠤᠯ ᠢᠷᠭᠡᠨᠰᠢᠯ ᠪᠦᠬᠦᠢ ᠦᠨᠳᠦᠰᠦᠲᠡᠨ ᠪᠣᠯᠬᠤ  ᠨᠢ ᠭᠠᠷᠴᠠᠭ᠎ᠠ ᠦᠭᠡᠢ ᠶᠤᠮ᠃ ᠮᠣᠩᠭᠤᠯᠴᠤᠳ ᠲᠣᠨᠵᠢ ᠪᠢᠯᠢᠭ᠂ ᠲᠤᠭᠤᠰᠢᠲᠠᠢ ᠬᠥᠳᠡᠯᠮᠦᠷᠢ ᠪᠡᠷ ᠢᠶᠡᠨ ᠭᠠᠷᠭᠠᠭᠠᠳ ᠣᠨᠴᠠᠯᠢᠭ ᠪᠦᠬᠦᠢ  ᠭᠠᠢᠬᠠᠮᠰᠢᠭᠲᠤ ᠰᠣᠶᠤᠯ ᠢᠶᠠᠨ ᠡᠭᠦᠳᠦᠨ ᠪᠦᠲᠦᠭᠡᠵᠦ ᠬᠥᠭᠵᠢᠭᠦᠯᠦᠨ ᠪᠠᠳᠠᠷᠠᠭᠠᠵᠤ ᠢᠷᠡᠵᠡᠢ᠃ ᠦᠰᠦᠭ  ᠪᠢᠴᠢᠭ ᠬᠥᠭᠵᠢᠵᠦ ᠢᠷᠡᠭᠰᠡᠨ ᠲᠡᠦᠬᠡᠨ ᠶᠠᠪᠤᠴᠠ ᠳᠤ ᠥᠪᠦᠷ ᠮᠣᠩᠭᠤᠯᠴᠤᠳ ᠭᠡᠯᠡ ᠦᠰᠦᠭ ᠪᠢᠴᠢᠭ ᠢ᠋ᠶ᠋ᠡᠨ ᠵᠢᠷᠤᠮᠵᠢᠭᠤᠯᠤᠨ ᠳᠦᠷᠢᠮᠵᠢᠭᠦᠯᠬᠦ ᠠᠵᠢᠯ ᠢ ᠡᠷᠬᠢᠮᠯᠡᠨ ᠲᠡᠭᠦᠨ ᠦ᠌ ᠲᠥᠯᠦᠭᠡ ᠮᠡᠷᠡᠢᠨ ᠵᠢᠳᠭᠦᠭᠰᠡᠭᠡᠷ ᠢᠷᠡᠭᠰᠡᠨ ᠪᠢᠯᠡ᠃ ᠢᠯᠠᠩᠭᠤᠶ᠎ᠠ ᠰᠢᠨ᠎ᠡ ᠳᠤᠮᠳᠠᠳᠤ ᠤᠯᠤᠰ  ᠪᠠᠢᠭᠤᠯᠤᠭᠳᠠᠭᠰᠠᠨ ᠠ᠋ᠴᠠ ᠨᠠᠭᠠᠰᠢ ᠵᠠᠰᠠᠭ ᠵᠠᠬᠢᠷᠭᠠᠨ ᠤ ᠪᠠᠢᠭᠤᠯᠭ᠎ᠠ ᠶᠢᠨ ᠤᠳᠤᠷᠢᠳᠤᠯᠭ᠎ᠠ ᠪᠠ ᠭᠡᠯᠡ ᠪᠢᠴᠢᠭ ᠦ᠋ᠨ ᠠᠵᠢᠯᠲᠠᠳ ᠤ᠋ᠨ ᠴᠢᠷᠮᠠᠢᠯᠭ᠎ᠠ ᠪᠠᠷ ᠮᠠᠨ ᠤ ᠣᠷᠤᠨ ᠤ ᠭᠡᠯᠡ ᠰᠤᠳᠤᠯᠤᠭᠠᠴᠢᠳ 50 ᠭᠠᠷᠤᠢ ᠵᠢᠯ ᠦ᠋ᠨ ᠲᠤᠷᠰᠢᠳᠠ ᠰᠠᠭᠤᠷᠢ ᠰᠤᠳᠤᠯᠭᠠᠨ ᠤ ᠠᠵᠢᠯ ᠢ ᠨᠣᠬᠣᠴᠢᠲᠠᠢ ᠬᠢᠭᠰᠡᠨ ᠢ᠋ᠶ᠋ᠡᠷ ᠪᠢᠴᠢᠭ ᠦ᠋ᠨ ᠬᠡᠯᠡᠨ ᠦ᠌  ᠨᠡᠯᠢᠶᠡᠳ ᠪᠣᠯᠪᠠᠰᠤᠷᠠᠩᠭᠤᠢ ᠵᠥᠪ ᠪᠢᠴᠢᠬᠦ ᠳᠦᠷᠢᠮ ᠲᠡᠢ ᠪᠣᠯᠵᠤ ᠴᠢᠳᠠᠵᠠᠢ᠃ 1962 ᠣᠨ ᠳ᠋ᠤ᠌ ᠥᠪᠦᠷ ᠮᠣᠩᠭᠤᠯ ᠤ᠋ᠨ  ᠠᠷᠠᠳ ᠤ᠋ᠨ ᠵᠥᠪᠯᠡᠯ 《ᠮᠣᠩᠭᠤᠯ ᠭᠡᠯᠡ ᠪᠢᠴᠢᠭ ᠦ᠋ᠨ ᠠᠵᠢᠯ ᠤᠨ ᠲᠦᠷ ᠬᠡᠷᠡᠭᠵᠢᠭᠦᠯᠬᠦ ᠳᠦᠷᠢᠮ》 ᠢ ᠨᠡᠢᠲᠡᠯᠡᠵᠦ ᠠᠪᠢᠶ᠎ᠠ᠂ ᠦᠭᠡᠰ ᠦ᠋ᠨ ᠰᠠᠩ᠂ ᠬᠡᠯᠡᠨ ᠦ᠌ ᠵᠦᠢ ᠵᠡᠷᠭᠡ ᠶᠢ ᠳᠦᠷᠢᠮᠵᠢᠭᠦᠯᠬᠦ ᠶᠡᠷᠦᠩᠬᠡᠢ ᠵᠠᠷᠴᠢᠮ ᠢ ᠳᠤᠷᠠᠳᠤᠨ ᠭᠠᠷᠭᠠᠪᠠ᠃ 1985 ᠣᠨ ᠤ᠋ 10 ᠰᠠᠷ᠎ᠠ ᠶᠢᠨ 21 — 27 ᠳᠤ 《ᠮᠣᠩᠭᠤᠯ ᠬᠡᠯᠡᠨ ᠦ᠌ ᠦᠭᠡᠰ ᠦ᠋ᠨ ᠪᠢᠴᠢᠯᠭᠡ ᠶᠢ ᠳᠦᠷᠢᠮᠵᠢᠭᠦᠯᠬᠦ ᠲᠤᠬᠠᠢ ᠶᠠᠷᠢᠯᠴᠠᠬᠤ ᠬᠤᠷᠠᠯ》 ᠬᠥᠬᠡᠬᠣᠲᠠ ᠳ᠋ᠤ᠌ ᠬᠤᠷᠠᠯᠳᠤᠵᠤ᠂ 315 ᠦᠭᠡ ᠶᠢᠨ ᠪᠢᠴᠢᠯᠭᠡ ᠶᠢ ᠨᠢᠭᠡᠳᠭᠡᠨ ᠳᠦᠷᠢᠮᠵᠢᠭᠦᠯᠦᠭᠰᠡᠨ ᠪᠥᠭᠡᠳ ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ ᠭᠡᠯᠡ ᠦᠰᠦᠭ [1986] 4 ᠳ᠋ᠤᠭᠡᠷ ᠲᠣᠭᠠᠲᠤ ᠪᠢᠴᠢᠭ ᠮᠠᠲ᠋ᠧᠷᠢᠶᠠᠯ ᠢ ᠪᠠᠭᠤᠯᠭᠠᠵᠤ᠂ ᠣᠷᠤᠨ ᠤ ᠬᠠᠷᠢᠶᠠᠨ ᠤ ᠡᠯ᠎ᠡ ᠪᠠᠢᠭᠤᠯᠭ᠎ᠠ ᠨᠢᠭᠡᠴᠢ ᠳ᠋ᠦ᠍ ᠲᠠᠷᠬᠠᠭᠠᠪᠠ᠃ ᠲᠡᠭᠦᠨ ᠦ᠌ ᠳᠠᠷᠠᠭ᠎ᠠ ᠡᠨᠡ ᠬᠦ ᠠᠯᠪᠠᠨ ᠪᠢᠴᠢᠭ ᠢ᠋ᠶ᠋ᠡᠷ ᠤᠯᠠ ᠪᠠᠷᠢᠵᠤ᠂ ᠥᠪᠦᠷ ᠮᠣᠩᠭᠤᠯ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠤ ᠬᠦᠷᠢᠶᠡᠯᠡᠩ ᠦ᠋ᠨ ᠮᠣᠩᠭᠤᠯ ᠭᠡᠯᠡ ᠪᠢᠴᠢᠭ ᠰᠤᠳᠤᠯᠬᠤ ᠭᠠᠵᠠᠷ ᠪᠣᠯᠤᠨ ᠥᠪᠦᠷ ᠮᠣᠩᠭᠤᠯ ᠤ᠋ᠨ ᠪᠠᠭᠰᠢ ᠶᠢᠨ ᠶᠡᠬᠡ ᠰᠤᠷᠭᠠᠭᠤᠯᠢ ᠶᠢᠨ ᠮᠣᠩᠭᠤᠯ ᠭᠡᠯᠡ ᠤᠳᠭ᠎ᠠ ᠵᠣᠬᠢᠶᠠᠯ ᠤ᠋ᠨ ᠰᠠᠯᠪᠤᠷᠢ ᠶᠢᠨ ᠡᠷᠳᠡᠮᠲᠡᠨ ᠰᠤᠳᠤᠯᠤᠭᠠᠴᠢᠳ《ᠮᠣᠩᠭᠤᠯ ᠬᠡᠯᠡᠨ ᠦ᠌ ᠲᠣᠯᠢ》 ᠳᠠᠭᠠᠨ ᠠᠳᠠᠯᠢ ᠪᠤᠰᠤ ᠪᠢᠴᠢᠯᠭᠡ ᠲᠡᠢ ᠦᠭᠡᠰ ᠦ᠋ᠨ ᠪᠢᠴᠢᠯᠭᠡ ᠶᠢ ᠳᠦᠷᠢᠮᠵᠢᠭᠦᠯᠬᠦ ᠶᠠᠪᠤᠳᠠᠯ ᠢ ᠴᠠᠭᠠᠰᠢᠳᠠ ᠵᠦᠢᠴᠢᠯᠡᠨ ᠳᠡᠯᠭᠡᠷᠡᠭᠦᠯᠵᠦ 800 ᠰᠢᠬᠠᠮ ᠦᠭᠡ ᠶᠢᠨ ᠪᠢᠴᠢᠯᠭᠡ ᠶᠢ ᠨᠢᠭᠡᠳᠭᠡᠨ ᠳᠦᠷᠢᠮᠵᠢᠭᠦᠯᠵᠡᠢ᠃ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢᠨ 《ᠮᠣᠩᠭᠤᠯ ᠬᠢᠲᠠᠳ ᠲᠣᠯᠢ》 ᠳᠤ ᠴᠦ ᠬᠡᠰᠡᠭ ᠦᠭᠡᠰ ᠦ᠋ᠨ ᠪᠢᠴᠢᠯᠭᠡ ᠶᠢ ᠳᠦᠷᠢᠮᠵᠢᠭᠦᠯᠵᠦ᠂ ᠵᠠᠷᠢᠮ ᠢ ᠨᠢ ᠲᠡᠩᠴᠡᠭᠦᠯᠵᠦ (ᠯᠢᠮᠪᠦ = ᠯᠢᠩᠪᠦ) ᠤᠷᠤᠭᠤᠯᠤᠠᠠᠰᠠᠨ ᠪᠠᠢᠨ᠎ᠠ᠃

 

ᠨᠢᠭᠡ᠂ 《ᠮᠣᠩᠭᠤᠯ ᠵᠥᠪ ᠪᠢᠴᠢᠯᠭᠡ ᠶᠢᠨ ᠲᠣᠯᠢ》 ᠮᠡᠨᠳᠦᠯᠡᠭᠰᠡᠨ ᠨᠢ

 

ᠴᠠᠭ ᠦᠶ᠎ᠡ᠂ ᠨᠡᠢᠭᠡᠮ ᠪᠣᠯᠤᠨ ᠬᠡᠯᠡᠨ ᠦ᠌ ᠬᠥᠭᠵᠢᠯ ᠦ᠋ᠨ ᠱᠠᠭᠠᠷᠳᠠᠯᠭ᠎ᠠ ᠳᠣᠣᠷ᠎ᠠ ᠥᠪᠡᠷᠲᠡᠭᠡᠨ ᠵᠠᠰᠠᠬᠤ ᠣᠷᠤᠨ ᠤ ᠰᠣᠨᠢᠨ ᠮᠡᠳᠡᠭᠡ ᠬᠡᠪᠯᠡᠯ ᠦ᠋ᠨ ᠲᠣᠪᠴᠢᠶ᠎ᠠ 20 ᠳ᠋ᠤᠭᠠᠷ ᠵᠠᠭᠤᠨ ᠤ ᠰᠣᠶᠤᠯ ᠰᠤᠷᠭᠠᠨ ᠬᠥᠮᠦᠵᠢᠯ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠠᠮᠵᠢᠯᠲᠠ ᠪᠦᠲᠦᠭᠡᠯ ᠬᠢᠭᠡᠳ ᠮᠣᠩᠭᠤᠯ ᠪᠢᠴᠢᠭ ᠦ᠋ᠨ ᠵᠥᠪ ᠪᠢᠴᠢᠬᠦ ᠵᠦᠢ ᠶᠢᠨ ᠲᠤᠬᠠᠢ ᠰᠤᠳᠤᠯᠭᠠᠨ ᠤ ᠦᠷ᠎ᠡ ᠪᠦᠲᠦᠭᠡᠯ ᠢ᠋ ᠬᠦᠯᠢᠶᠡᠨ ᠠᠪᠴᠤ᠂ ᠮᠣᠩᠭᠤᠯ ᠭᠡᠯᠡ ᠪᠢᠴᠢᠭ ᠦ᠋ᠨ ᠡᠷᠡᠭᠦᠯ ᠬᠥᠭᠵᠢᠯᠲᠡ ᠶ᠋ᠢᠨ ᠰᠠᠭᠤᠷᠢ ᠶᠢ ᠴᠤᠠᠠᠴᠠᠯᠠᠬᠤ ᠪᠠ 21 ᠳ᠋ᠤᠭᠡᠷ ᠵᠠᠭᠤᠨ ᠤ ᠮᠣᠩᠭᠤᠯ ᠤᠳᠭ᠎ᠠ ᠰᠣᠶᠤᠯ ᠤ᠋ᠨ ᠥᠷᠨᠢᠯ ᠬᠥᠭᠵᠢᠯ ᠦ᠋ᠨ ᠲᠥᠯᠦᠭᠡ ᠦᠢᠯᠡᠴᠢᠯᠡᠬᠦ ᠵᠣᠷᠢᠯᠲᠠ ᠶ᠋ᠢ ᠪᠠᠷᠢᠵᠤ᠂ 《ᠡᠷᠬᠡ ᠰᠦᠷᠲᠡᠢ᠂ ᠴᠢᠨᠠᠷ ᠴᠢᠨᠰᠠᠭ᠎ᠠ ᠲᠠᠢ᠂ ᠭᠠᠷᠭᠠᠭᠤᠤᠨ ᠣᠨᠴᠠᠯᠢᠭ ᠲᠠᠢ᠂ ᠶᠡᠬᠡ ᠪᠠᠭᠲᠠᠭᠠᠮᠵᠢᠲᠠᠢ》 ᠵᠥᠪ ᠪᠢᠴᠢᠬᠦ ᠵᠦᠢ ᠶᠢᠨ ᠲᠣᠯᠢ ᠨᠠᠢᠷᠠᠭᠤᠯᠵᠤ ᠬᠡᠪᠯᠡᠭᠦᠯᠬᠦ ᠡᠭᠦᠷᠭᠡ ᠶ᠋ᠢ ᠥᠪᠦᠷ ᠮᠣᠩᠭᠤᠯ ᠤ᠋ᠨ ᠠᠷᠠᠤᠨ ᠤᠨ ᠬᠡᠪᠯᠡᠯ ᠦ᠋ᠨ ᠬᠣᠷᠢᠶᠠᠨ ᠳ᠋ᠤ᠌ ᠲᠤᠯᠭᠠᠨ ᠲᠤᠬᠤᠭᠠᠵᠠᠢ᠃ ᠡᠭᠦᠨ ᠢ᠋ 1990 ᠣᠨ ᠠ᠋ᠴᠠ ᠪᠢᠳᠡ ᠬᠡᠪᠯᠡᠯ ᠦ᠋ᠨ ᠠᠯᠤᠰ ᠤᠨ ᠲᠥᠯᠦᠪᠯᠡᠭᠡ ᠳ᠋ᠡᠭᠡᠨ ᠤᠷᠤᠭᠤᠯᠤᠠᠠᠰᠠᠭᠠᠷ ᠢᠷᠡᠭᠰᠡᠨ ᠪᠦᠭᠡᠤᠨ ᠲᠤᠬᠠᠢ ᠶᠢᠨ ᠦᠶ᠎ᠡ ᠳ᠋ᠦ᠍ ᠪᠠᠰᠠ ᠮᠣᠩᠭᠤᠯ ᠤᠯᠤᠰ ᠤᠨ ᠬᠢᠨ ᠲᠠᠢ ᠬᠠᠮᠲᠤᠷᠠᠨ ᠱᠠᠭᠵᠠ ᠶᠢᠨ 《ᠮᠣᠩᠭᠤᠯ ᠦᠰᠦᠭ ᠦ᠋ᠨ ᠳᠦᠷᠢᠮ ᠦ᠋ᠨ ᠲᠣᠯᠢ ᠪᠢᠴᠢᠭ》 ᠢ ᠵᠠᠰᠠᠵᠤ ᠬᠡᠪᠯᠡᠭᠦᠯᠬᠦ ᠡᠭᠦᠷᠭᠡ ᠶ᠋ᠢ ᠠᠷᠠᠤᠨ ᠤᠨ ᠬᠡᠪᠯᠡᠯ ᠦ᠋ᠨ ᠬᠣᠷᠢᠶᠠᠨ ᠤ᠋ ᠰᠣᠶᠤᠯ ᠰᠤᠷᠭᠠᠨ ᠬᠥᠮᠦᠵᠢᠯ ᠦ᠋ᠨ ᠨᠣᠮ ᠪᠢᠴᠢᠭ ᠨᠠᠢᠷᠠᠭᠤᠯᠬᠤ ᠲᠠᠰᠤᠭ ᠤᠨ ᠳᠡᠳ᠋ ᠡᠷᠬᠢᠯᠡᠭᠴᠢ ᠲᠠᠮᠤᠰᠦ᠋ᠷᠦᠩ ᠳ᠋ᠦ᠍ ᠲᠤᠰᠢᠶᠠᠨ ᠥᠭᠴᠡᠢ᠃ ᠲᠤᠬᠠᠢ ᠶᠢᠨ ᠦᠶ᠎ᠡ ᠶᠢᠨ ᠥᠪᠡᠷᠲᠡᠭᠡᠨ ᠵᠠᠰᠠᠬᠤ ᠣᠷᠤᠨ ᠤ ᠰᠣᠨᠢᠨ ᠮᠡᠳᠡᠭᠡ ᠬᠡᠪᠯᠡᠯ ᠦ᠋ᠨ ᠲᠣᠪᠴᠢᠶᠠᠨ ᠤ᠋ ᠳᠡᠳ᠋ ᠳᠠᠷᠤᠭ᠎ᠠ ᠰᠦᠷᠭᠡᠷᠡᠯᠲᠦ ᠭᠤᠸᠠᠢ ᠬᠡᠪᠯᠡᠯ ᠦ᠋ᠨ ᠬᠣᠷᠢᠶᠠᠨ ᠳ᠋ᠤ᠌ ᠲᠤᠬᠠᠢᠯᠠᠨ ᠢᠷᠡᠵᠤ᠂ 1994 ᠣᠨ ᠠ᠋ᠴᠠ ᠵᠥᠪ ᠪᠢᠴᠢᠯᠭᠡ ᠶᠢᠨ ᠲᠣᠯᠢ ᠨᠠᠢᠷᠠᠭᠤᠯᠬᠤ ᠪᠡᠯᠡᠳᠭᠡᠯ ᠠᠵᠢᠯ ᠳᠤ ᠣᠷᠤᠯᠴᠠᠪᠠ᠃ ᠰᠣᠶᠤᠯ ᠰᠤᠷᠭᠠᠨ ᠬᠥᠮᠦᠵᠢᠯ ᠦ᠋ᠨ ᠨᠣᠮ ᠪᠢᠴᠢᠭ ᠨᠠᠢᠷᠠᠭᠤᠯᠬᠤ ᠲᠠᠰᠤᠭ ᠤᠨ ᠬᠢᠨ ᠪᠡᠯᠡᠳᠭᠡᠯ ᠠᠵᠢᠯ ᠤᠨ ᠳᠠᠭᠠᠤ ᠡᠷᠳᠡᠮᠲᠡᠨ ᠫᠷᠣᠹᠧᠰᠰᠣᠷ  ᠨᠠ᠊ · ᠭᠤᠨᠴᠤᠠᠠᠰᠦ᠋ᠷᠤᠩ ᠳᠤ ᠨᠠᠢᠳᠠᠨ 《ᠮᠣᠩᠭᠤᠯ ᠪᠢᠴᠢᠭ ᠦ᠋ᠨ ᠬᠡᠯᠡᠨ ᠦ᠌ ᠵᠥᠪ ᠪᠢᠴᠢᠬᠦ ᠵᠦᠢ》 (1997 ᠣᠨ ᠳ᠋ᠤ᠌ ᠬᠡᠪᠯᠡᠭᠳᠡᠪᠡ) ᠬᠡᠮᠡᠬᠦ ᠨᠣᠮ ᠨᠠᠢᠷᠠᠭᠤᠯᠵᠤ ᠬᠡᠪᠯᠡᠭᠦᠯᠬᠦ ᠶ᠋ᠢ ᠪᠡᠯᠡᠳᠭᠡᠭᠰᠡᠨ ᠢ᠋ᠶ᠋ᠡᠷ ᠵᠥᠪ ᠪᠢᠴᠢᠬᠦ ᠵᠦᠢ ᠶᠢᠨ ᠲᠤᠬᠠᠢ ᠰᠤᠳᠤᠯᠭᠠᠨ ᠤ ᠠᠭᠤᠷ ᠠᠮᠢᠰᠭᠤᠯ ᠢᠳᠡᠭ ᠢᠳᠡᠭ ᠢ᠋ᠶ᠋ᠡᠷ ᠥᠳᠭᠡᠷᠡᠵᠦ ᠪᠢᠯᠡ᠃

1995 ᠣᠨ ᠳ᠋ᠤ᠌ ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ ᠪᠣᠯᠤᠨ ᠰᠣᠨᠢᠨ ᠮᠡᠳᠡᠭᠡ ᠬᠡᠪᠯᠡᠯ ᠦ᠋ᠨ ᠲᠣᠪᠴᠢᠶ᠎ᠠ 《ᠮᠣᠩᠭᠤᠯ ᠵᠥᠪ ᠪᠢᠴᠢᠯᠭᠡ ᠶᠢᠨ ᠲᠣᠯᠢ》 ᠨᠠᠢᠷᠠᠭᠤᠯᠬᠤ ᠪᠠᠷ ᠲᠥᠯᠦᠪᠯᠡᠵᠦ ᠬᠡᠯᠡᠨ ᠦ᠌ ᠡᠷᠳᠡᠮᠲᠡᠨ᠂ ᠠᠬᠠᠮᠠᠤᠨ ᠨᠠᠢᠷᠠᠭᠤᠯᠤᠠᠠᠴᠢ᠂ ᠮᠣᠩᠭᠤᠯ ᠭᠡᠯᠡ ᠪᠢᠴᠢᠭ ᠦ᠋ᠨ ᠠᠵᠢᠯ ᠤᠨ ᠵᠠᠰᠠᠭ ᠵᠠᠬᠢᠷᠭᠠᠨ ᠤ ᠠᠵᠢᠯᠲᠠᠨ ᠭᠡᠬᠦ ᠵᠡᠷᠭᠡ ᠭᠤᠷᠪᠠᠨ ᠡᠳᠡᠭᠡᠤᠨ ᠤᠨ 25 ᠬᠥᠮᠦᠨ ᠢ᠋ᠶ᠋ᠡᠷ ᠪᠦᠷᠢᠯᠳᠦᠭᠰᠡᠨ ᠲᠣᠯᠢ ᠨᠠᠢᠷᠠᠭᠤᠯᠬᠤ ᠺᠣᠮᠢᠰ ᠢ᠋ ᠵᠣᠬᠢᠶᠠᠨ ᠪᠠᠢᠭᠤᠯᠵᠤ᠂ ᠲᠡᠭᠦᠨ ᠦ᠌ ᠬᠠᠷᠢᠶᠠᠨ ᠳᠤ ᠨᠠᠢᠷᠠᠭᠤᠯᠬᠤ ᠺᠣᠮᠢᠰ ᠤ᠋ᠨ ᠠᠯᠪᠠᠨ ᠭᠡᠷ ᠭᠠᠷᠭᠠᠨ ᠵᠠᠯᠠᠭᠤ ᠡᠷᠳᠡᠮᠲᠡᠨ ᠴᠢ᠊ · ᠰᠡᠴᠡᠨ (ᠥᠪᠦᠷ ᠮᠣᠩᠭᠤᠯ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠤ ᠬᠦᠷᠢᠶᠡᠯᠡᠩ ᠦ᠋ᠨ ᠮᠣᠩᠭᠤᠯ ᠬᠡᠯᠡ ᠪᠢᠴᠢᠭ ᠰᠤᠳᠤᠯᠬᠤ ᠭᠠᠵᠠᠷ ᠤᠨ ᠡᠷᠳᠡᠮ ᠰᠢᠨᠵᠢᠯᠡᠭᠡᠨ ᠦ᠌ ᠠᠵᠢᠯᠲᠠᠨ)᠂  ᠡ᠊ · ᠪᠤᠶᠡᠡ᠊ᠡᠦ᠋ᠯᠵᠡᠢ (ᠬᠥᠬᠡᠬᠣᠲᠠ ᠦᠨᠳᠦᠰᠦᠲᠡᠨ ᠦ᠌ ᠳᠡᠭᠡᠳᠦ ᠰᠤᠷᠭᠠᠭᠤᠯᠢ ᠶᠢᠨ ᠪᠠᠭᠰᠢ) ᠶᠢ ᠤᠷᠢᠵᠤ ᠠᠯᠪᠠᠨ ᠭᠡᠷ ᠲᠦ᠍ ᠠᠵᠢᠯᠯᠠᠭᠤᠯᠤᠠᠠᠰᠠᠨ ᠠᠴᠠ ᠭᠠᠳᠠᠨ᠎ᠠ ᠠᠷᠠᠤᠨ ᠤᠨ ᠬᠡᠪᠯᠡᠯ ᠦ᠋ᠨ ᠬᠣᠷᠢᠶᠠᠨ ᠤ᠋ ᠲᠠᠮᠤᠰᠦ᠋ᠷᠦᠩ᠂ ᠤᠤᠡᠬᠤᠨ᠂ ᠪᠠᠲᠤ᠂ ᠬᠣᠲᠠᠯᠠ᠂ ᠵᠢᠷᠠᠨᠲᠠᠢ᠂ ᠸᠠᠩ ᠱᠦ ᠴᠢᠨ᠂ ᠡᠾᠦ᠋ᠩ ᠮᠧᠢ ᠵᠡᠷᠭᠡ 7 ᠨᠠᠢᠷᠠᠭᠤᠯᠤᠠᠠᠴᠢ ᠶᠢ ᠣᠷᠤᠯᠴᠠᠭᠤᠯᠪᠠ᠃ ᠠᠯᠪᠠᠨ ᠭᠡᠷ ᠨᠢ ᠨᠡᠢᠳᠡ 9 ᠠᠵᠢᠯᠲᠠᠨ ᠲᠠᠢ ᠪᠦᠭᠡᠤᠨ 《ᠨᠠᠢᠷᠠᠭᠤᠯᠬᠤ ᠫᠷᠤᠭ᠌ᠷᠠᠮ》 ᠲᠤᠭᠤᠷᠪᠢᠬᠤ ᠠᠴᠠ ᠠᠪᠤᠭᠠᠤᠨ ᠡᠭᠡ ᠪᠢᠴᠢᠭ ᠵᠣᠬᠢᠶᠠᠨ ᠪᠠᠢᠭᠤᠯᠬᠤ᠂ ᠬᠢᠨᠠᠵᠤ ᠪᠣᠯᠪᠠᠰᠤᠷᠠᠭᠤᠯᠬᠤ ᠵᠡᠷᠭᠡ ᠲᠣᠯᠢ ᠨᠠᠢᠷᠠᠭᠤᠯᠬᠤ ᠡᠳᠦᠷ ᠲᠤᠳᠤᠮ ᠤᠨ ᠠᠵᠢᠯ ᠢ ᠬᠠᠷᠢᠭᠤᠴᠠᠵᠠᠢ᠃

ᠲᠣᠯᠢ ᠨᠠᠢᠷᠠᠭᠤᠯᠬᠤ ᠺᠣᠮᠢᠰ ᠪᠠᠢᠭᠤᠯᠤᠠᠠᠳᠠᠭᠰᠠᠨ ᠠᠴᠠ ᠬᠣᠢᠰᠢ ᠭᠤᠷᠪᠠ ᠤᠳᠠᠭ᠎ᠠ ᠪᠦᠬᠦ ᠭᠡᠰᠢᠬᠦᠤᠨ ᠤᠨ ᠬᠤᠷᠠᠯ ᠬᠤᠷᠠᠯᠳᠤᠭᠤᠯᠵᠤ᠂ ᠲᠣᠯᠢᠨ ᠤ᠋ ᠨᠡᠷ᠎ᠡ ᠡᠴᠡ ᠠᠪᠤᠭᠠᠤᠨ ᠪᠦᠬᠦ ᠲᠠᠯ᠎ᠠ ᠶᠢᠨ ᠠᠭᠤᠯᠭ᠎ᠠ ᠶᠢ ᠨᠢᠭᠡᠤᠨ ᠨᠢᠭᠡ ᠦᠭᠡᠢ ᠶᠠᠷᠢᠯᠴᠠᠵᠤ ᠲᠤᠠᠠᠳᠠᠭᠠᠭᠰᠠᠨ ᠶᠤᠮ᠃ ᠺᠣᠮᠢᠰ ᠤ᠋ᠨ ᠠᠯᠪᠠᠨ ᠭᠡᠷ ᠨᠢ ᠺᠣᠮᠢᠰ ᠤ᠋ᠨ ᠠᠩᠬᠠᠳᠤᠭᠠᠷ ᠬᠤᠷᠠᠯ ᠤᠨ ᠵᠣᠷᠢᠭ ᠰᠠᠨᠠᠭᠠᠨ ᠳᠤ ᠦᠨᠳᠦᠰᠦᠯᠡᠨ 1995 ᠣᠨ ᠤ᠋ 10 ᠰᠠᠷ᠎ᠠ ᠳᠤ 《ᠲᠣᠯᠢ ᠨᠠᠢᠷᠠᠭᠤᠯᠬᠤ ᠫᠷᠤᠭ᠌ᠷᠠᠮ》 ᠢ ᠲᠤᠭᠤᠷᠪᠢᠵᠤ ᠭᠠᠷᠭᠠᠭᠠᠤᠨ  ᠨᠠ᠊ · ᠭᠤᠨᠴᠤᠠᠠᠰᠦ᠋ᠷᠤᠩ᠂  ᠪᠤᠶᠠᠩᠬᠤᠷᠢᠶᠬᠠᠴᠢ᠂ ᠬᠦᠩᠰᠠᠩᠨᠤᠷᠪᠤ᠂ ᠪᠦᠷᠢᠨᠪᠠᠲᠤ᠂ ᠲᠠᠮᠤᠰᠦ᠋ᠷᠦᠩ᠂ ᠤᠤᠡᠬᠤᠨ ᠵᠡᠷᠭᠡ 6 ᠬᠥᠮᠦᠨ ᠢ᠋ ᠤᠷᠢᠵᠤ 《ᠠ᠊ ᠲᠣᠯᠤᠭᠠᠢ ᠲᠠᠢ ᠦᠭᠡᠰ》 ᠢ ᠲᠤᠷᠰᠢᠨ ᠨᠠᠢᠷᠠᠭᠤᠯᠵᠤ᠂ ᠲᠣᠯᠢ ᠨᠠᠢᠷᠠᠭᠤᠯᠬᠤ ᠺᠣᠮᠢᠰ ᠤ᠋ᠨ ᠬᠣᠶᠠᠳᠤᠭᠠᠷ ᠤᠳᠠᠭᠠᠨ ᠤ ᠬᠤᠷᠠᠯ ᠳᠤ ᠳᠡᠪᠰᠢᠭᠦᠯᠦᠨ ᠶᠠᠷᠢᠯᠴᠠᠭᠤᠯᠪᠠ᠃ ᠬᠤᠷᠠᠯ ᠢᠶᠠᠷ 《ᠲᠣᠯᠢᠨ ᠤ᠋ ᠡᠬᠢᠨ ᠳ᠋ᠦ᠍ ᠣᠷᠤᠭᠤᠯᠬᠤ <ᠮᠣᠩᠭᠤᠯ ᠪᠢᠴᠢᠭ ᠦ᠋ᠨ ᠵᠥᠪ ᠪᠢᠴᠢᠬᠦ ᠳᠦᠷᠢᠮ > ᠢ ᠫᠷᠣᠹᠧᠰᠰᠣᠷ ᠬᠥᠭᠵᠢᠯᠳᠦ ᠪᠢᠴᠢᠨ᠎ᠡ》 ᠭᠡᠰᠡᠨ ᠰᠢᠢᠳᠪᠦᠷᠢ ᠭᠠᠷᠭᠠᠵᠤ ᠪᠢᠯᠡ᠃ ᠲᠡᠭᠡᠭᠡᠤᠨ 1997 ᠣᠨ ᠤ᠋ ᠰᠡᠭᠦᠯ ᠦ᠋ᠨ ᠬᠠᠭᠠᠰ ᠵᠢᠯ ᠦ᠋ᠨ ᠲᠤᠷᠰᠢ ᠫᠷᠣᠹᠧᠰᠰᠣᠷ ᠬᠥᠭᠵᠢᠯᠳᠦ ᠶᠢᠨ 《ᠮᠣᠩᠭᠤᠯ ᠪᠢᠴᠢᠭ ᠦ᠋ᠨ ᠵᠥᠪ ᠪᠢᠴᠢᠬᠦ ᠳᠦᠷᠢᠮ》 ᠢ ᠬᠡᠳᠦᠨ ᠤᠳᠠᠭ᠎ᠠ ᠲᠤᠰᠭᠠᠢ ᠬᠤᠷᠠᠯ ᠢᠶᠠᠷ ᠶᠠᠷᠢᠯᠴᠠᠨ ᠪᠣᠯᠪᠠᠰᠤᠷᠠᠭᠤᠯᠪᠠ᠃ ᠭᠡᠪᠡᠴᠦ ᠤᠯᠠᠨ ᠲᠠᠯ᠎ᠠ ᠶᠢᠨ ᠨᠥᠬᠦᠴᠡᠯ ᠰᠢᠯᠲᠠᠭᠠᠨ ᠠ᠋ᠴᠠ ᠪᠣᠯᠵᠤ᠂ 《ᠮᠣᠩᠭᠤᠯ ᠪᠢᠴᠢᠭ ᠦ᠋ᠨ ᠵᠥᠪ ᠪᠢᠴᠢᠬᠦ ᠳᠦᠷᠢᠮ》 ᠢ ᠠᠩᠬᠠᠳᠠᠬᠢ ᠬᠡᠪᠯᠡᠯ ᠳ᠋ᠦ᠍ ᠣᠷᠤᠭᠤᠯᠵᠤ ᠡᠰᠡ ᠴᠢᠳᠠᠪᠠ᠃

ᠲᠣᠯᠢ ᠨᠠᠢᠷᠠᠭᠤᠯᠬᠤ ᠺᠣᠮᠢᠰ ᠤ᠋ᠨ ᠬᠣᠶᠠᠳᠤᠭᠠᠷ ᠤᠳᠠᠭᠠᠨ ᠤ ᠬᠤᠷᠠᠯ ᠤᠨ ᠳᠠᠷᠠᠭ᠎ᠠ ᠵᠠᠰᠠᠪᠤᠷᠢ ᠤᠷᠤᠭᠤᠯᠤᠠᠠᠰᠠᠨ 《ᠲᠣᠯᠢ ᠨᠠᠢᠷᠠᠭᠤᠯᠬᠤ ᠫᠷᠤᠭ᠌ᠷᠠᠮ》 ᠪᠣᠯᠤᠨ ᠲᠤᠷᠰᠢᠵᠤ ᠨᠠᠢᠷᠠᠭᠤᠯᠤᠠᠠᠰᠠᠨ 《ᠠ᠊ ᠲᠣᠯᠤᠭᠠᠢ ᠲᠠᠢ ᠦᠭᠡᠰ》 ᠢᠶᠠᠷ ᠦᠨᠳᠦᠰᠦᠯᠡᠯ ᠪᠣᠯᠭᠠᠵᠤ᠂ ᠲᠣᠯᠢ ᠨᠠᠢᠷᠠᠭᠤᠯᠵᠤ ᠪᠢᠴᠢᠬᠦ ᠠᠵᠢᠯ ᠢᠶᠠᠨ ᠡᠬᠢᠯᠡᠭᠦᠯᠵᠦ ᠪᠢᠯᠡ᠃ ᠲᠣᠯᠢ ᠨᠠᠢᠷᠠᠭᠤᠯᠬᠤ ᠺᠣᠮᠢᠰ ᠤ᠋ᠨ ᠠᠯᠪᠠᠨ ᠭᠡᠷ ᠬᠠᠷᠢᠭᠤᠴᠠᠵᠤ᠂ ᠳᠣᠣᠷᠠᠬᠢ ᠮᠡᠲᠦ ᠳᠠᠷᠠᠭᠠᠯᠠᠯ ᠢ᠋ᠶ᠋ᠠᠷ ᠡᠭᠡ ᠪᠢᠴᠢᠭ ᠵᠣᠬᠢᠶᠠᠨ ᠪᠠᠢᠭᠤᠯᠪᠠ᠃ ᠡᠭᠦᠨ ᠳ᠋ᠦ᠍ ᠠ᠊ ᠲᠣᠯᠤᠭᠠᠢ ᠲᠠᠢ ᠦᠭᠡᠰ ᠢ ᠨᠠ᠊ · ᠭᠤᠨᠴᠤᠠᠠᠰᠦ᠋ᠷᠤᠩ; ᠡ᠊ ᠲᠣᠯᠤᠭᠠᠢ ᠲᠠᠢ ᠦᠭᠡᠰ ᠢ ᠪᠤᠶᠠᠩᠬᠤᠷᠢᠶᠠᠭᠴᠢ; ᠢ᠋ ᠤ ᠤ ᠲᠣᠯᠤᠭᠠᠢ ᠲᠠᠢ ᠦᠭᠡᠰ ᠢ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢᠨ ᠪᠦᠷᠢᠨᠪᠠᠲᠤ᠂ ᠲᠦᠮᠡᠨᠵᠢᠷᠭᠠᠯ᠂ ᠲᠤᠶᠠᠭ᠎ᠠ᠂ ᠪᠠᠶᠠᠷᠮᠡᠨᠳᠦ᠂ ᠪᠠᠤᠡᠮᠬᠤᠤᠡᠰᠡᠷ᠂ ᠰᠡᠴᠡᠨᠪᠠᠭᠠᠲᠤᠷ᠂ ᠬᠥᠬᠡ ᠨᠠᠷ; ᠦ᠊ ᠦ᠊ ᠲᠣᠯᠤᠭᠠᠢ ᠲᠠᠢ ᠦᠭᠡᠰ ᠢ ᠸᠠᠩᠴᠢᠨ; ᠨᠠ᠊ ᠨᠠ᠊ ᠨᠢ᠊ ᠲᠣᠯᠤᠭᠠᠢ ᠲᠠᠢ ᠦᠭᠡᠰ ᠢ ᠡ᠊ · ᠪᠤᠶᠠᠡ᠊ᠠᠦ᠋ᠯᠵᠡᠢ;  ᠨᠤ᠊ ᠨᠤ᠊ ᠲᠣᠯᠤᠭᠠᠢ ᠲᠠᠢ ᠦᠭᠡᠰ ᠢ ᠬᠦᠩᠰᠠᠩᠨᠤᠷᠪᠤ; ᠨᠦ᠊ ᠨᠦ᠊ ᠲᠣᠯᠤᠭᠠᠢ ᠲᠠᠢ ᠦᠭᠡᠰ ᠢ 《ᠥᠨᠢᠷ ᠴᠡᠴᠡᠭ》 ᠰᠡᠳᠭᠦᠯ ᠦ᠋ᠨ ᠨᠠ᠊ · ᠥᠯᠵᠡᠢᠪᠠᠲᠤ; ᠪ᠊ ᠫ᠊ ᠬ᠋᠊ ᠮ᠊ ᠯ᠊ ᠰ᠊ ᠱ᠊ ᠲ᠊ ᠳ᠋᠊ ᠴ᠊ ᠵ᠊ ᠶ᠊ ᠷ᠊ ᠸ᠊ ᠹ᠊ ᠺ᠊ ᠼ᠊ ᠽ᠊ ᠡᠾ᠊ ᠯᠾ᠊ ᠊ᠾ᠊ ᠊ᠤᠤᠢ ᠲᠣᠯᠤᠭᠠᠢ ᠲᠠᠢ ᠦᠭᠡᠰ ᠢ ᠥᠪᠦᠷ ᠮᠣᠩᠭᠤᠯ ᠤ᠋ᠨ ᠦᠨᠳᠦᠰᠦᠲᠡᠨ ᠦ᠌ ᠪᠠᠭᠰᠢ ᠶᠢᠨ ᠶᠡᠬᠡ ᠰᠤᠷᠭᠠᠭᠤᠯᠢ ᠶᠢᠨ ᠲᠤᠯᠭᠠᠭᠤᠷᠢ (ᠸᠠᠩ ᠳ᠋ᠢᠩ ᠵᠦ᠍) ᠲᠦᠷᠦᠭᠦᠲᠡᠢ ᠵ᠊ · ᠢᠯᠠᠨ᠂  ᠱᠤᠸᠠᠩ ᠱᠠᠨ᠂ ᠭᠠᠯᠰᠠᠩ᠂ ᠬᠠᠰᠪᠠᠭᠠᠲᠤᠷ᠂ ᠲᠣᠭᠤ ᠨᠠᠷ; ᠬ᠊ ᠲᠣᠯᠤᠭᠠᠢ ᠲᠠᠢ ᠦᠭᠡᠰ ᠢ ᠤᠤᠡᠬᠤᠨ᠂ ᠲᠠᠮᠤᠰᠦ᠋ᠷᠦᠩ ᠨᠠᠷ ᠲᠤᠰ ᠲᠤᠰ ᠨᠠᠢᠷᠠᠭᠤᠯᠵᠤ ᠪᠢᠴᠢᠪᠡ᠃ ᠮᠣᠩᠭᠤᠯ ᠤ᠋ᠨ ᠲᠡᠦᠬᠡᠨ ᠬᠥᠮᠦᠰ ᠦ᠋ᠨ ᠨᠡᠷ᠎ᠡ ᠶᠢ ᠬᠦᠢ ᠷᠦᠩ᠂ ᠭᠠᠵᠠᠷ ᠤᠨ ᠨᠡᠷᠡᠰ ᠢ ᠬᠣᠲᠠᠯᠠ ᠨᠠᠢᠷᠠᠭᠤᠯᠤᠠᠠᠰᠠᠨ ᠪᠣᠯᠪᠠᠴᠤ ᠡᠨᠡ ᠤᠳᠠᠭ᠎ᠠ ᠣᠷᠤᠭᠤᠯᠵᠤ ᠴᠢᠳᠠᠭᠰᠠᠨ ᠦᠭᠡᠢ᠃

1996 ᠣᠨ ᠤ᠋ ᠰᠡᠭᠦᠯ ᠦ᠋ᠨ ᠬᠠᠭᠠᠰ ᠵᠢᠯ ᠡᠴᠡ ᠡᠭᠡ ᠪᠢᠴᠢᠭ ᠬᠢᠨᠠᠬᠤ ᠠᠵᠢᠯ ᠳᠤ ᠰᠢᠯᠵᠢᠵᠦ᠂ ᠥᠪᠦᠷ ᠮᠣᠩᠭᠤᠯ ᠤ᠋ᠨ ᠦᠨᠳᠦᠰᠦᠲᠡᠨ ᠦ᠌ ᠪᠠᠭᠰᠢ ᠶᠢᠨ ᠰᠤᠷᠭᠠᠭᠤᠯᠢ ᠶᠢᠨ ᠸᠠᠩᠴᠢᠨ ᠲᠦᠷᠦᠭᠦᠲᠡᠢ ᠬᠢᠨᠠᠵᠤ ᠤᠩᠰᠢᠬᠤ ᠳᠤᠭᠤᠢᠯᠠᠩ ᠪᠠᠢᠭᠤᠯᠤᠨ ᠠᠩᠬᠠᠨ ᠤ ᠬᠢᠨᠠᠯᠲᠠ ᠶ᠋ᠢ ᠬᠢᠵᠡᠢ᠃ ᠠᠩᠬᠠᠨ ᠤ ᠬᠢᠨᠠᠯᠲᠠ ᠬᠢᠭᠰᠡᠨ ᠰᠠᠭᠤᠷᠢᠨ ᠳᠡᠭᠡᠷ᠎ᠡ ᠲᠣᠯᠢ ᠨᠠᠢᠷᠠᠭᠤᠯᠬᠤ ᠺᠣᠮᠢᠰ ᠤ᠋ᠨ ᠠᠯᠪᠠᠨ ᠭᠡᠷ ᠦ᠋ᠨ ᠲᠠᠮᠤᠰᠦ᠋ᠷᠦᠩ ᠲᠦᠷᠦᠭᠦᠲᠡᠢ ᠨᠦᠬᠦᠤᠨ ᠲᠠᠬᠢᠨ ᠬᠢᠨᠠᠬᠤ ᠠᠵᠢᠯ ᠢ ᠡᠬᠢᠯᠡᠭᠦᠯᠦᠨ 1998 ᠣᠨ ᠤ᠋ ᠰᠡᠭᠦᠯᠴᠢ ᠬᠦᠷᠲᠡᠯ᠎ᠡ ᠠᠵᠢᠯᠯᠠᠪᠠ᠃ ᠲᠡᠳᠡᠨᠤᠰ ᠵᠢᠯ ᠬᠠᠭᠠᠰ ᠤᠨ ᠴᠠᠭ ᠬᠡᠷᠡᠭᠰᠡᠨ ᠬᠠᠮᠲᠤ ᠪᠠᠷ ᠬᠢᠨᠠᠵᠤ ᠤᠩᠰᠢᠵᠤ᠂ ᠶᠠᠷᠢᠯᠴᠠᠵᠤ ᠰᠤᠳᠤᠯᠬᠤ ᠶᠠᠪᠤᠴᠠ ᠳᠠᠭᠠᠨ 《ᠦᠭᠡ ᠰᠣᠩᠭᠤᠵᠤ ᠪᠢᠴᠢᠯᠭᠡ ᠶᠢ ᠳᠦᠷᠢᠮᠵᠢᠭᠦᠯᠬᠦ ᠵᠠᠷᠴᠢᠮ》 ᠢ ᠪᠣᠳᠠᠲᠠᠢ ᠦᠢᠯᠡᠳᠦᠯᠭᠡ ᠶ᠋ᠢᠨ ᠳᠤᠮᠳᠠ ᠵᠠᠰᠠᠵᠤ ᠪᠣᠯᠪᠠᠰᠤᠷᠠᠭᠤᠯᠬᠤ ᠶ᠋ᠢᠨ ᠰᠠᠴᠠᠭᠤ 2000 ᠰᠢᠬᠠᠮ ᠦᠭᠡ ᠶᠢᠨ ᠪᠢᠴᠢᠯᠭᠡ ᠶᠢ ᠨᠢᠭᠡᠳᠭᠡᠨ ᠲᠦᠷᠢᠮᠵᠢᠬᠦᠯᠤᠭᠡᠤᠨ 《ᠮᠣᠩᠭᠤᠯ ᠪᠢᠴᠢᠭ ᠦ᠋ᠨ ᠵᠥᠪ ᠪᠢᠴᠢᠬᠦ ᠳᠦᠷᠢᠮ》 ᠲᠠᠢ ᠬᠠᠮᠲᠤ ᠲᠣᠯᠢ ᠨᠠᠢᠷᠠᠭᠤᠯᠬᠤ ᠺᠣᠮᠢᠰ ᠤ᠋ᠨ ᠨᠡᠷ᠎ᠡ ᠪᠡᠷ ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ ᠳ᠋ᠦ᠍ ᠡᠷᠭᠦᠨ ᠮᠡᠳᠡᠭᠦᠯᠵᠦ ᠪᠢᠯᠡ᠃

ᠲᠤᠬᠠᠢ ᠶᠢᠨ ᠦᠶ᠎ᠡ ᠳ᠋ᠦ᠍ ᠲᠣᠯᠢ ᠨᠠᠢᠷᠠᠭᠤᠯᠬᠤ ᠺᠣᠮᠢᠰ ᠤ᠋ᠨ ᠨᠠᠢᠳᠠᠯᠭ᠎ᠠ ᠪᠠᠷ ᠫᠷᠣᠹᠧᠰᠰᠣᠷ ᠬᠥᠭᠵᠢᠯᠳᠦ ᠶᠢᠨ ᠪᠢᠴᠢᠭᠰᠡᠨ 《ᠮᠣᠩᠭᠤᠯ ᠪᠢᠴᠢᠭ ᠦ᠋ᠨ ᠵᠥᠪ ᠪᠢᠴᠢᠬᠦ ᠳᠦᠷᠢᠮ》 ᠢ ᠲᠠᠬᠢᠭᠠᠤᠨ ᠪᠠᠰᠠ ᠭᠡᠳᠤ ᠤᠳᠠᠭ᠎ᠠ ᠲᠤᠰᠭᠠᠢ ᠬᠤᠷᠠᠯ ᠢᠶᠠᠷ ᠶᠠᠷᠢᠯᠴᠠᠭᠤᠯᠤᠠᠠᠰᠠᠨ ᠪᠦᠭᠡᠤᠨ ᠭᠣᠣᠯᠳᠠᠯᠭ᠎ᠠ ᠲᠠᠢ ᠭᠡᠯᠡ ᠪᠢᠴᠢᠭ ᠦ᠋ᠨ ᠬᠡᠳᠦᠨ ᠲᠤᠯᠢ ᠶᠢ ᠰᠢᠰᠲ᠋ᠧᠮ ᠲᠡᠢ ᠨᠢᠠᠠᠳᠠᠯᠡᠨ ᠰᠤᠳᠤᠯᠵᠠᠢ᠃ ᠡᠭᠦᠨ ᠳ᠋ᠦ᠍ ᠲᠠᠪ ᠤᠨ ᠡᠮᠦᠨ᠎ᠡ ᠱᠠᠭᠵᠠ ᠶᠢᠨ 《ᠮᠣᠩᠭᠤᠯ ᠦᠰᠦᠭ ᠦ᠋ᠨ ᠳᠦᠷᠢᠮ ᠦ᠋ᠨ ᠲᠣᠯᠢ ᠪᠢᠴᠢᠭ ᠲᠤᠷᠠᠳᠤᠠᠠᠳᠠᠨ᠎ᠠ᠃ ᠡᠨᠡ ᠲᠣᠯᠢ 1951 ᠣᠨ ᠳ᠋ᠤ᠌ ᠥᠪᠦᠷ ᠮᠣᠩᠭᠤᠯ ᠳ᠋ᠤ᠌ ᠬᠡᠪᠯᠡᠭᠳᠡᠭᠰᠡᠨ ᠡᠴᠡ ᠨᠠᠭᠠᠰᠢ ᠥᠪᠦᠷ ᠮᠣᠩᠭᠤᠯᠴᠤᠳ ᠤᠨ ᠰᠣᠶᠤᠯ ᠬᠥᠮᠦᠵᠢᠯ ᠳ᠋ᠦ᠍ ᠴᠢᠬᠤᠯᠠ ᠦᠢᠯᠡᠳᠦᠯ ᠦᠵᠡᠭᠦᠯᠦᠭᠰᠡᠨ ᠵᠥᠪ ᠪᠢᠴᠢᠬᠦ ᠳᠦᠷᠢᠮ ᠦ᠋ᠨ ᠤᠤᠭᠠᠨ ᠲᠣᠯᠢ ᠪᠢᠴᠢᠭ ᠮᠦᠨ ᠪᠦᠭᠡᠤᠨ ᠵᠥᠪ ᠪᠢᠴᠢᠯᠭᠡ ᠶᠢᠨ ᠲᠣᠯᠢᠨ ᠤ᠋ ᠬᠤᠪᠢ ᠳᠤ ᠮᠣᠩᠭᠤᠯ ᠬᠡᠯᠡᠨ ᠦ᠌ ᠦᠭᠡ ᠶᠢᠨ ᠰᠠᠩ ᠤᠨ ᠴᠥᠮ᠎ᠡ ᠪᠣᠯᠬᠤ ᠢᠵᠠᠭᠤᠷ ᠦᠭᠡ ᠶᠢᠨ ᠬᠡᠯᠪᠡᠷᠢ ᠶ᠋ᠢ ᠦᠨᠳᠦᠰᠦᠨ ᠳ᠋ᠡᠭᠡᠨ ᠵᠥᠪ ᠰᠣᠩᠭᠤᠵᠤ᠂ ᠪᠢᠴᠢᠯᠭᠡ ᠶᠢᠨ ᠬᠡᠯᠪᠡᠷᠢ ᠶ᠋ᠢ ᠬᠢᠨᠠᠮᠠᠭᠠᠢ ᠲᠤᠠᠠᠳᠠᠭᠠᠵᠤ᠂ ᠪᠦᠲᠦᠭᠡᠪᠦᠷᠢ ᠶ᠋ᠢᠨ ᠪᠢᠴᠢᠯᠭᠡ ᠶᠢ ᠴᠦ ᠦᠨᠳᠦᠰᠦᠨ ᠳ᠋ᠡᠭᠡᠨ ᠵᠥᠪ ᠰᠢᠢᠳᠪᠦᠷᠢᠯᠡᠵᠦ᠂ ᠡᠭᠦᠰᠦᠮᠡᠯ ᠦᠭᠡ ᠶᠢ ᠰᠢᠰᠲ᠋ᠧᠮ ᠲᠡᠢ ᠭᠠᠷᠭᠠᠵᠤ ᠴᠢᠳᠠᠭᠰᠠᠨ ᠶᠤᠮ᠃ ᠭᠡᠪᠡᠴᠦ ᠲᠡᠦᠬᠡ ᠶ᠋ᠢᠨ ᠬᠢᠵᠠᠭᠠᠷᠯᠠᠯ ᠪᠠ ᠭᠡᠯᠡ ᠰᠢᠨᠵᠢᠯᠡᠯ ᠦ᠋ᠨ ᠰᠢᠰᠲ᠋ᠧᠮ ᠲᠡᠢ ᠣᠨᠤᠯ ᠤ᠋ᠨ ᠮᠡᠳᠡᠯᠭᠡ ᠮᠡᠬᠦᠰ ᠪᠠᠢᠠᠠᠰᠠᠨ ᠤ ᠬᠠᠷᠠᠭ᠎ᠠ ᠪᠠᠷ ᠡᠳᠦᠢ ᠲᠡᠳᠦᠢ ᠮᠠᠳᠠᠭ ᠲᠠᠢ ᠪᠤᠶᠤ ᠳᠤᠲᠠᠭᠳᠠᠯ ᠲᠠᠢ ᠵᠦᠢᠯ ᠭᠠᠷᠴᠠᠢ᠃ ᠲᠡᠳᠡᠭᠡᠷ ᠨᠢ ᠭᠤᠤᠯᠳᠠᠭᠤ ᠦᠭᠡ ᠶᠢᠨ ᠪᠢᠴᠢᠯᠭᠡ ᠳ᠋ᠦ᠍ ᠶᠠᠷᠢᠶᠠᠴᠢᠯᠠᠭᠰᠠᠨ ᠬᠡᠯᠪᠡᠷᠢ ᠶ᠋ᠢ ᠨᠠᠯᠢᠶᠠᠤᠨ ᠠᠪᠤᠠᠠᠰᠠᠨ᠂ ᠨᠢᠭᠡ ᠦᠭᠡ ᠶᠢᠨ ᠭᠡᠳᠤ ᠬᠡᠳᠦᠨ ᠪᠢᠴᠢᠯᠭᠡ ᠪᠤᠶᠤ ᠶᠠᠷᠢᠶᠠᠴᠢᠯᠠᠭᠰᠠᠨ ᠬᠡᠯᠪᠡᠷᠢ ᠶ᠋ᠢ ᠠᠰᠢᠠᠠᠯᠠᠨ ᠳᠦᠷᠰᠦ ᠪᠡᠷ ᠤᠳᠭ᠎ᠠ ᠢᠯᠭᠠᠭᠰᠠᠨ᠂ ᠵᠥᠪ ᠪᠢᠴᠢᠯᠭᠡ ᠶᠢᠨ ᠦᠨᠳᠦᠰᠦ ᠲᠠᠭᠠᠪᠤᠷᠢ ᠶᠢ ᠡᠪᠳᠡᠬᠦ ᠦᠭᠡᠢ ᠳᠦᠷᠢᠮ ᠢ᠋ ᠡᠪᠳᠡᠭᠰᠡᠨ᠂ ᠰᠠᠯᠭᠠᠵᠤ ᠪᠢᠴᠢᠪᠡᠯ ᠵᠣᠬᠢᠬᠤ ᠣᠯᠠᠩᠬᠢ ᠦᠭᠡᠰ ᠢ ᠨᠡᠢᠯᠡᠭᠦᠯᠵᠦ ᠪᠢᠴᠢᠭᠰᠡᠨ ᠵᠡᠷᠭᠡ ᠪᠣᠯᠤᠨ᠎ᠠ᠃ ᠡᠭᠦᠨ ᠡᠴᠡ ᠭᠠᠳᠠᠨ᠎ᠠ ᠡᠷᠲᠡᠨ ᠡᠴᠡ ᠨᠢᠭᠡᠳᠦᠯ ᠦᠭᠡᠢ ᠪᠢᠴᠢᠭᠳᠡᠭᠰᠡᠭᠡᠷ ᠢᠷᠡᠭᠰᠡᠨ ᠵᠠᠷᠢᠮ ᠭᠡᠯᠡ ᠵᠦᠢ ᠶᠢᠨ ᠬᠡᠯᠪᠡᠷᠢ ᠶ᠋ᠢ ᠨᠢᠭᠡᠳᠭᠡᠭᠰᠡᠨ ᠦᠭᠡᠢ ᠡᠴᠡ ᠪᠣᠯᠵᠤ᠂ ᠵᠥᠪ ᠪᠢᠴᠢᠬᠦ ᠳᠦᠷᠢᠮ ᠢ᠋ ᠤᠯᠠᠮ ᠪᠤᠳᠤᠯᠢᠶᠠᠠᠰᠢᠭᠤᠯᠤᠠᠠᠰᠠᠨ ᠬᠡᠯᠪᠡᠷᠢᠯ ᠲᠡᠢ ᠪᠤᠯᠤᠠᠠᠰᠠᠨ ᠶᠤᠮ᠃ ᠡᠭᠦᠨ ᠦ᠌ ᠤᠯᠠᠮ ᠠᠴᠠ ᠬᠣᠵᠢᠭᠤ ᠦᠶ᠎ᠡ ᠶᠢᠨ ᠲᠣᠯᠢ ᠪᠢᠴᠢᠭ ᠦ᠋ᠳ ᠲᠦ᠍ 《᠊ᠡᠴᠡᠷ᠂ ᠊ᠡᠴᠢᠷ》 ᠭᠡᠵᠦ 2 ᠬᠡᠯᠪᠡᠷᠢ ᠪᠡᠷ᠂ ᠦᠢᠯᠡ ᠦᠭᠡ ᠶᠢᠨ ᠲᠡᠬᠢᠨ ᠳᠠᠪᠲᠠᠨ ᠦᠢᠯᠡᠳᠬᠦ ᠪᠠᠢᠳᠠᠯ ᠤᠨ ᠨᠥᠬᠦᠴᠡᠯ ᠢ᠋ 《᠊ᠭᠠᠨᠠ᠊᠂ ᠊ᠭᠡᠨᠡ᠊᠂ ᠊ᠭᠤᠨᠠ᠊᠂ ᠊ᠬᠦᠨᠡ᠊》 ᠭᠡᠵᠦ 4 ᠬᠡᠯᠪᠡᠷᠢ ᠪᠡᠷ᠂ ᠲᠡᠮᠳᠡᠭ ᠦᠭᠡ ᠪᠦᠳᠦᠭᠡᠬᠦ ᠲᠠᠭᠠᠪᠤᠷᠢ ᠶᠢ 《᠊ᠪᠢᠷ᠂ ᠊ᠪᠤᠷ》 ᠭᠡᠵᠦ 2 ᠬᠡᠯᠪᠡᠷᠢ ᠪᠡᠷ ᠬᠡᠷᠡᠭᠯᠡᠭᠰᠡᠭᠡᠷ ᠢᠷᠡᠵᠡᠢ᠃ ᠪᠠᠰᠠ ᠵᠠᠷᠢᠮ ᠦᠭᠡ ᠪᠠ ᠣᠨᠤᠭᠠᠭᠰᠠᠨ ᠨᠡᠷ᠎ᠡ ᠶᠢ ᠬᠤᠶᠠᠷ ᠶᠠᠩᠵᠤ ᠪᠠᠷ ᠠᠪᠴᠤ᠂ ᠵᠥᠷᠢᠴᠡᠯ ᠲᠡᠢ ᠰᠢᠢᠳᠪᠦᠷᠢᠯᠡᠭᠰᠡᠨ ᠦ᠌ ᠬᠠᠷᠠᠭ᠎ᠠ ᠪᠠᠷ ᠣᠯᠠᠩᠬᠢ ᠲᠣᠯᠢ ᠪᠢᠴᠢᠭ ᠲᠡᠷᠡ ᠬᠦ ᠤᠯᠠᠮᠵᠢᠯᠠᠯ ᠳᠤ ᠪᠠᠷᠢᠠᠠᠳᠠᠨ ᠠᠳᠠᠯᠢ ᠪᠤᠰᠤ ᠬᠡᠮᠵᠢᠶ᠎ᠡ ᠪᠡᠷ ᠨᠥᠯᠦᠭᠡᠯᠡᠭᠳᠡᠭᠰᠡᠨ ᠶᠤᠮ᠃

ᠮᠠᠨ ᠤ ᠣᠷᠤᠨ ᠳ᠋ᠤ᠌ ᠲᠦᠷᠦᠭᠦᠦ ᠵᠠᠭᠤᠨ ᠤ ᠲᠠᠯᠠᠭᠠᠤᠨ ᠣᠨ ᠠ᠋ᠴᠠ ᠨᠠᠯᠢᠶᠠᠤᠨ ᠤᠯᠠᠨ ᠲᠣᠯᠢ ᠪᠢᠴᠢᠭ ᠬᠡᠪᠯᠡᠭᠳᠡᠭᠰᠡᠨ ᠪᠣᠯᠪᠠᠴᠤ ᠣᠯᠠᠩᠬᠢ  ᠨᠢ ᠵᠥᠪ ᠪᠢᠴᠢᠬᠦ ᠠᠰᠠᠭᠤᠳᠠᠯ ᠢ ᠱᠠᠭᠵᠠ ᠶᠢᠨ ᠲᠣᠯᠢ ᠮᠡᠲᠦ ᠶ᠋ᠢᠨ ᠤᠯᠠᠮᠵᠢᠯᠠᠯᠲᠤ ᠬᠡᠪᠰᠢᠯ ᠢ᠋ᠶ᠋ᠡᠷ ᠰᠢᠢᠳᠪᠦᠷᠢᠯᠡᠭᠰᠡᠨ ᠪᠣᠯᠬᠣᠷ ᠰᠤᠳᠤᠯᠭᠠᠨ ᠤ ᠰᠢᠨ᠎ᠡ ᠦᠷ᠎ᠡ ᠪᠦᠲᠦᠭᠡᠯ ᠢ᠋ ᠲᠡᠳᠦᠢ ᠰᠠᠢᠨ ᠲᠤᠰᠭᠠᠵᠤ ᠴᠢᠳᠠᠭᠰᠠᠨ ᠦᠭᠡᠢ ᠪᠦᠭᠡᠤᠨ ᠦᠭᠡ ᠶᠢᠨ ᠪᠢᠴᠢᠯᠭᠡ ᠶᠢᠨ ᠬᠤᠪᠢ ᠳᠤ ᠬᠣᠭᠤᠷᠤ ᠬᠣᠭᠤᠷᠤᠨᠳᠤ ᠪᠠᠨ ᠵᠥᠷᠢᠴᠡᠯ ᠲᠡᠢ᠂ ᠬᠠᠷᠢᠯᠴᠠᠨ ᠦᠭᠡᠢᠰᠭᠡᠭᠰᠡᠨ ᠪᠠᠢᠳᠠᠯ ᠴᠦ ᠤᠷᠤᠰᠢᠠᠠᠰᠠᠭᠠᠷ ᠢᠷᠡᠵᠡᠢ᠃ ᠭᠡᠪᠡᠴᠦ ᠦᠭᠡ ᠰᠣᠩᠭᠤᠬᠤ ᠪᠠᠷᠢᠮᠵᠢᠶ᠎ᠠ ᠨᠢ ᠨᠠᠯᠢᠶᠠᠤᠨ ᠣᠢᠷᠠᠳᠴᠤ ᠪᠠᠢᠭᠰᠠᠨ ᠲᠤᠯᠠ ᠮᠠᠨ ᠤ ᠦᠭᠡ ᠰᠣᠩᠭᠤᠬᠤ ᠪᠠ ᠦᠭᠡᠰ ᠦ᠋ᠨ ᠪᠢᠴᠢᠯᠭᠡ ᠶᠢ ᠨᠢᠭᠡᠳᠭᠡᠨ ᠳᠦᠷᠢᠮᠵᠢᠭᠦᠯᠬᠦ ᠵᠠᠷᠴᠢᠮ ᠢ ᠲᠤᠠᠠᠳᠠᠭᠠᠬᠤ ᠳᠤ ᠶᠡᠬᠡᠬᠡᠨ ᠲᠦᠬᠦᠮ ᠦᠵᠡᠭᠦᠯᠦᠭᠰᠡᠨ ᠶᠤᠮ᠃ ᠪᠢᠳᠡ 《ᠮᠣᠩᠭᠤᠯ ᠬᠢᠳᠡᠤᠨ ᠲᠣᠯᠢ》᠂ 《ᠮᠣᠩᠭᠤᠯ ᠬᠢᠳᠡᠤᠨ ᠲᠣᠯᠢ ᠪᠢᠴᠢᠭ 《ᠮᠣᠩᠭᠤᠯ ᠬᠡᠯᠡᠨ ᠦ᠌ ᠵᠥᠪ ᠳᠠᠭᠤᠳᠠᠯᠭ᠎ᠠ ᠵᠥᠪ ᠪᠢᠴᠢᠯᠭᠡ ᠶᠢᠨ ᠲᠣᠯᠢ》 ᠵᠡᠷᠭᠡ ᠭᠡᠯᠡ ᠪᠢᠴᠢᠭ ᠦ᠋ᠨ ᠲᠣᠯᠢ ᠪᠢᠴᠢᠭ ᠦ᠋ᠳ ᠢ᠋ ᠠᠩᠬᠠᠷᠤᠯ ᠳᠠᠭᠠᠨ ᠠᠪᠴᠤ᠂ ᠮᠣᠩᠭᠤᠯ ᠤᠯᠤᠰ ᠤᠨ ᠬᠡᠳᠦᠨ ᠲᠣᠯᠢ ᠪᠢᠴᠢᠭ(ᠱᠠᠭᠵᠠ ᠶᠢᠨ ᠲᠣᠯᠢ᠂ ᠴᠠᠪᠡᠯ ᠤᠨ ᠲᠣᠯᠢ ᠪᠠ ᠯᠣᠪᠰᠠᠩᠵᠠᠪ ᠨᠠᠷ ᠤᠨ 《ᠮᠣᠩᠭᠤᠯ ᠪᠢᠴᠢᠭ ᠦ᠋ᠨ ᠬᠠᠳᠠᠮᠠᠯ ᠲᠣᠯᠢ》 ᠵᠡᠷᠭᠡ) ᠲᠠᠢ ᠬᠠᠷᠢᠴᠠᠭᠤᠯᠤᠨ ᠨᠢᠠᠠᠳᠠᠯᠠᠵᠤ᠂ ᠦᠭᠡ ᠰᠣᠩᠭᠤᠬᠤ ᠪᠠᠷᠢᠮᠵᠢᠶ᠎ᠠ ᠪᠠ ᠦᠭᠡᠰ ᠦ᠋ᠨ ᠪᠢᠴᠢᠯᠭᠡ ᠶᠢ ᠨᠢᠭᠡᠳᠭᠡᠨ ᠳᠦᠷᠢᠮᠵᠢᠭᠦᠯᠬᠦ ᠵᠠᠷᠴᠢᠮ ᠢᠶᠠᠨ ᠠᠯᠬᠤᠮ ᠠᠯᠬᠤᠮ ᠢᠶᠠᠷ ᠨᠠᠷᠢᠰᠭᠠᠨ ᠲᠡᠭᠦᠯᠳᠡᠷᠵᠢᠭᠦᠯᠪᠡ᠃

ᠦᠭᠡ ᠰᠤᠩᠭᠤᠠᠠᠰᠠᠨ ᠪᠠᠷᠢᠮᠵᠢᠶ᠎ᠠ ᠶᠢ ᠪᠠᠭᠴᠠᠯᠠᠪᠠᠯ᠄

(ᠨᠢᠭᠡ) ᠦᠭᠡᠰ ᠦ᠋ᠨ ᠪᠦᠷᠢᠯᠳᠦᠬᠦᠨ ᠦ᠌ ᠲᠠᠯ᠎ᠠ ᠪᠠᠷ ᠭᠡᠷᠡᠭᠯᠡᠭᠳᠡᠬᠦᠨ ᠪᠣᠯᠭᠠᠭᠰᠠᠨ ᠲᠣᠯᠢ ᠪᠢᠴᠢᠭ ᠦ᠋ᠳ ᠲᠡᠬᠢ ᠲᠣᠯᠤᠭᠠᠢ ᠦᠭᠡ ᠶᠢᠨ ᠣᠯᠠᠩᠬᠢ ᠶ᠋ᠢ ᠰᠣᠩᠭᠤᠵᠤ ᠣᠷᠤᠭᠤᠯᠪᠠ᠃ ᠡᠭᠦᠨ ᠳ᠋ᠦ᠍ ᠮᠣᠩᠭᠤᠯ ᠬᠡᠯᠡᠨ ᠦ᠌ ᠦᠨᠳᠦᠰᠦᠨ ᠦᠭᠡ ᠶᠢᠨ ᠰᠠᠩ ᠤᠨ ᠦᠭᠡᠰ ᠢ ᠠᠯᠢ ᠪᠣᠯᠬᠤ ᠪᠠᠷ ᠬᠦᠢᠴᠡᠤᠨ ᠲᠡᠭᠦᠵᠦ ᠣᠷᠤᠭᠤᠯᠬᠤ ᠶ᠋ᠢ ᠠᠩᠬᠠᠷᠴᠤ᠂ ᠡᠷᠲᠡᠨ ᠦ᠌ ᠦᠭᠡ ᠡᠴᠡ ᠵᠢᠭᠠᠬᠤ ᠮᠠᠲ᠋ᠧᠷᠢᠶᠠᠯ᠂ ᠨᠣᠮ ᠪᠢᠴᠢᠭ ᠲᠦ᠍ ᠦᠷᠬᠦᠯᠵᠢ ᠢᠯᠡᠷᠡᠳᠡᠭ ᠢ ᠨᠢ ᠰᠣᠩᠭᠤᠵᠤ᠂ ᠨᠤᠲᠤᠭ ᠤ᠋ᠨ ᠠᠶᠠᠯᠭᠤᠨ ᠤ ᠦᠭᠡ ᠡᠴᠡ ᠦᠨᠡᠨ ᠬᠦ ᠤᠳᠭ᠎ᠠ ᠵᠣᠬᠢᠶᠠᠯ ᠤ᠋ᠨ ᠭᠡᠯᠡ ᠶᠢ ᠪᠠᠶᠠᠯᠢᠠᠠᠵᠢᠭᠤᠯᠵᠤ ᠪᠣᠯᠬᠤᠢᠴᠠ ᠶᠢ ᠨᠢ ᠠᠪᠴᠤ᠂ ᠵᠢᠭᠡᠯᠡᠭᠡ ᠦᠭᠡ ᠡᠴᠡ ᠤᠳᠭ᠎ᠠ ᠵᠣᠬᠢᠶᠠᠯ ᠤ᠋ᠨ ᠬᠡᠯᠡᠨ ᠳ᠋ᠦ᠍ ᠨᠢᠭᠡᠨᠲᠡ ᠠᠭᠤᠰᠴᠤ ᠰᠢᠩᠭᠡᠴᠢᠬᠡᠭᠰᠡᠨ ᠪᠤᠶᠤ ᠨᠠᠯᠢᠶᠠᠤᠨ ᠥᠷᠭᠡᠨ ᠬᠡᠪᠴᠢᠶ᠎ᠡ ᠪᠡᠷ ᠬᠡᠷᠡᠭᠯᠡᠭᠳᠡᠵᠦ ᠪᠠᠢᠭ᠎ᠠ ᠶᠢ ᠨᠢ ᠠᠪᠤᠠᠠᠰᠠᠨ ᠪᠦᠭᠡᠤᠨ ᠵᠠᠷᠢᠮ ᠬᠡᠷᠡᠭᠯᠡᠭᠳᠡᠬᠦ ᠪᠡᠨ ᠪᠤᠯᠢᠠᠠᠰᠠᠨ ᠦᠭᠡᠰ ᠢ ᠴᠦ ᠲᠣᠯᠤᠭᠠᠢ ᠦᠭᠡᠨ ᠳ᠋ᠦ᠍ ᠣᠷᠤᠭᠤᠯᠤᠨ ᠳᠦᠷᠢᠮᠵᠢᠭᠦᠯᠵᠦ (ᠶᠤᠸᠠᠠᠰᠤ ⇒ ᠡᠯᠧᠮᠧᠨ᠋ᠲ᠂ ᠸᠧᠢᠸᠦ ⇒ ᠪᠣᠳᠠᠰᠴᠢ ᠭᠡᠬᠦ ᠮᠡᠲᠦ)᠂ ᠢᠳᠡᠪᠬᠢᠲᠡᠢ ᠬᠡᠷᠡᠭᠯᠡᠭᠳᠡᠵᠦ ᠪᠠᠢᠬᠤ ᠤᠳᠭ᠎ᠠ ᠲᠡᠩᠴᠡᠭᠦᠦ ᠵᠢᠭᠡᠯᠡᠭᠡ ᠦᠭᠡ ᠶᠢ ᠲᠡᠩᠴᠡᠭᠦᠯᠬᠦ (ᠬᠦᠩᠰᠧ = ᠺᠣᠮᠫᠠᠨᠢ᠂ ᠪᠢᠯᠧᠲ = ᠫᠢᠶᠤᠤ ᠭᠡᠬᠦ ᠮᠡᠲᠦ) ᠠᠷᠭ᠎ᠠ ᠪᠠᠷ ᠰᠢᠢᠳᠪᠦᠷᠢᠯᠡᠵᠡᠢ᠃

(ᠬᠤᠶᠠᠷ) ᠪᠣᠳᠠᠲᠠᠢ ᠦᠭᠡᠰ ᠢ ᠬᠡᠯᠪᠡᠷᠢ ᠪᠡᠷ  ᠨᠢ ᠰᠣᠩᠭᠤᠬᠤ ᠲᠠᠯ᠎ᠠ ᠪᠠᠷ᠄

1. ᠦᠢᠯᠡ ᠦᠭᠡ ᠶᠢ 《᠊ᠬᠤ ᠊ᠬᠦ》 ᠬᠡᠯᠪᠡᠷᠢ ᠪᠡᠷ᠂ ᠪᠤᠰᠤᠤᠨ ᠦᠭᠡᠰ ᠢ ᠦᠨᠳᠦᠰᠦ ᠬᠡᠯᠪᠡᠷᠢ ᠪᠡᠷ  ᠨᠢ ᠠᠪᠤᠪᠠ᠃

2. ᠦᠭᠡ ᠶᠢᠨ ᠦᠨᠳᠦᠰᠦᠨ ᠳ᠋ᠦ᠍ ᠦᠭᠡ ᠬᠤᠪᠢᠯᠭᠠᠬᠤ ᠲᠠᠭᠠᠪᠤᠷᠢ ᠵᠠᠯᠭᠠᠵᠤ ᠰᠢᠨ᠎ᠡ ᠦᠭᠡ ᠪᠦᠲᠦᠭᠡᠭᠰᠡᠨ ᠢ᠋  ᠨᠢ ᠠᠪᠤᠪᠠ᠃ ᠡᠭᠦᠨ ᠳ᠋ᠦ᠍ ᠨᠡᠷ᠎ᠡ ᠦᠭᠡ᠂ ᠲᠡᠮᠳᠡᠭ ᠦᠭᠡ᠂ ᠲᠣᠭᠠᠨ ᠤ᠋ ᠦᠭᠡ᠂ ᠲᠦᠯᠤᠭᠡᠨ ᠤ ᠦᠭᠡ᠂ ᠲᠡᠮᠳᠡᠭ ᠦᠢᠯᠡ ᠦᠭᠡᠨ ᠳ᠋ᠦ᠍ ᠤᠯᠠᠨ ᠲᠣᠭᠠᠨ ᠤ᠋ ᠲᠠᠭᠠᠪᠤᠷᠢ ᠵᠠᠯᠭᠠᠵᠤ ᠪᠦᠲᠦᠭᠰᠡᠨ ᠦᠭᠡ (ᠡᠬᠡᠨᠡᠷ᠂ ᠪᠠᠭᠠᠴᠤᠤᠨ᠂ ᠠᠷᠪᠠᠤᠨ᠂ ᠤᠯᠵᠠᠯᠠᠭᠳᠠᠭᠰᠠᠤᠨ ᠭᠡᠬᠦ ᠮᠡᠲᠦ)᠂ ᠦᠢᠯᠡ ᠦᠭᠡᠨ ᠳ᠋ᠦ᠍ ᠬᠡᠪ᠂ ᠪᠠᠢᠳᠠᠯ ᠤᠨ ᠲᠠᠭᠠᠪᠤᠷᠢ ᠵᠠᠯᠭᠠᠵᠤ ᠪᠦᠲᠦᠭᠰᠡᠨ ᠦᠭᠡ (ᠪᠡᠶᠡᠯᠡᠭᠦᠯᠬᠦ᠂ ᠭᠡᠳᠡᠢᠯᠭᠡᠬᠦ᠂ ᠬᠠᠷᠢᠯᠴᠠᠬᠤ᠂ ᠪᠤᠡᠳᠤᠭᠠᠨᠠᠬᠤ᠂ ᠴᠠᠬᠢᠯᠵᠠᠬᠤ ᠭᠡᠬᠦ ᠮᠡᠲᠦ)᠂ 《᠊ᠬᠠᠨ᠂ ᠊ᠭᠡᠨ》 ᠲᠠᠭᠠᠪᠤᠷᠢ ᠵᠠᠯᠭᠠᠵᠤ ᠪᠦᠲᠦᠭᠰᠡᠨ ᠦᠭᠡ (ᠰᠠᠢᠬᠠᠨ᠂ ᠬᠠᠷᠠᠬᠠᠨ᠂ ᠤᠷᠢᠬᠠᠨ᠂ ᠣᠳᠣᠬᠠᠨ ᠭᠡᠬᠦ ᠮᠡᠲᠦ)᠂ ᠲᠡᠮᠳᠡᠭ ᠦᠢᠯᠡ ᠦᠭᠡ ᠶᠢᠨ 《᠊ᠮ᠎ᠠ᠂ ᠊ᠮᠠᠷ᠂ ᠊ᠳᠠᠭ᠂ ᠊ᠭ᠎ᠠ᠂ ᠊ᠭᠤᠰᠢᠳᠠᠢ᠂ ᠊ᠬᠤᠢ᠌ᠴᠠ》 ᠲᠠᠭᠠᠪᠤᠷᠢ ᠶᠢ ᠵᠠᠯᠭᠠᠵᠤ ᠪᠦᠲᠦᠭᠰᠡᠨ ᠦᠭᠡ (ᠵᠠᠭᠤᠳᠠᠭ᠂ ᠪᠠᠷᠬᠢᠷᠠᠭ᠎ᠠ᠂ ᠪᠢᠯᠬᠠᠮ᠎ᠠ᠂ ᠳᠤᠷᠠᠰᠤᠮᠠᠷ᠂ ᠦᠨᠡᠯᠡᠭᠦᠰᠢᠲᠡᠢ᠂ ᠴᠢᠳᠠᠬᠤᠢᠴᠠ ᠭᠡᠬᠦ ᠮᠡᠲᠦ) ᠪᠠᠭᠲᠠᠬᠤ ᠪᠥᠭᠡᠳ ᠪᠡᠶᠡᠲᠦ ᠦᠭᠡ ᠨᠢ ᠬᠡᠢᠰᠪᠦᠷᠢ ᠦᠭᠡᠨ ᠳ᠋ᠦ᠍ ᠪᠠᠲᠤᠲᠠᠢ ᠰᠢᠯᠵᠢᠭᠰᠡᠨ ᠪᠤᠶᠤ ᠰᠢᠯᠵᠢᠵᠦ ᠬᠡᠷᠡᠭᠯᠡᠭᠳᠡᠵᠦ ᠪᠠᠢᠪᠠᠯ ᠲᠡᠭᠦᠨ ᠦ᠌ ᠬᠡᠯᠪᠡᠷᠢ  ᠨᠢ ᠶᠠᠮᠠᠷ ᠪᠠᠢᠭᠰᠠᠨ ᠴᠦ ᠪᠦᠷ ᠲᠣᠯᠤᠭᠠᠢ ᠦᠭᠡᠨ ᠳ᠋ᠦ᠍ ᠣᠷᠤᠭᠤᠯᠪᠠ (ᠳᠡᠩᠳᠡᠭᠦᠦ᠂ ᠡᠰᠡᠬᠦᠯ᠎ᠡ᠂ ᠲᠡᠷᠡᠴᠢᠯᠡᠨ᠂ ᠬᠦᠷᠲᠡᠯ᠎ᠡ᠂ ᠪᠠᠢᠲᠤᠭᠠᠢ ᠭᠡᠬᠦ ᠮᠡᠲᠦ)᠃

3. ᠵᠠᠷᠢᠮ ᠦᠭᠡᠨ ᠳ᠋ᠦ᠍ ᠦᠭᠡ ᠬᠤᠪᠢᠯᠭᠠᠬᠤ ᠲᠠᠭᠠᠪᠤᠷᠢ ᠵᠠᠯᠭᠠᠬᠤ ᠳᠤ ᠦᠨᠳᠦᠰᠦᠨ ᠳ᠋ᠦ᠍ᠨᠢ ᠬᠤᠪᠢᠷᠠᠯᠲᠠ ᠭᠠᠷᠴᠤ ᠪᠠᠢᠪᠠᠯ ᠮᠦᠨ ᠲᠣᠯᠤᠭᠠᠢ ᠦᠭᠡ ᠪᠡᠷ ᠠᠪᠴᠠᠢ᠃ ᠡᠭᠦᠨ ᠳ᠋ᠦ᠍ ᠨᠡᠷ᠎ᠡ ᠦᠭᠡ᠂ ᠲᠦᠯᠤᠭᠡᠨ ᠤ ᠨᠡᠷ᠎ᠡ ᠳ᠋ᠦ᠍ ᠤᠯᠠᠨ ᠲᠣᠭᠠᠨ ᠤ᠋ ᠲᠠᠭᠠᠪᠤᠷᠢ ᠵᠠᠯᠭᠠᠬᠤ ᠳᠤ ᠰᠢᠨ᠎ᠡ ᠦᠭᠡ ᠪᠦᠳᠦᠭᠡᠬᠦ ᠦᠭᠡᠢ ᠪᠣᠯᠪᠠᠴᠤ ᠦᠭᠡ ᠶᠢᠨ ᠦᠨᠳᠦᠰᠦᠨ ᠳ᠋ᠦ᠍ᠨᠢ ᠬᠤᠪᠢᠷᠠᠯᠲᠠ ᠭᠠᠷᠴᠤ ᠪᠠᠢᠪᠠᠯ ᠮᠦᠨ ᠲᠣᠯᠤᠭᠠᠢ ᠦᠭᠡ ᠪᠡᠷ ᠠᠪᠴᠠᠢ (ᠨᠣᠬᠠᠰ᠂ ᠵᠦᠢᠯᠡᠰ᠂ ᠲᠡᠳᠡᠨᠤᠰ᠂ ᠨᠦᠬᠦᠤᠨ᠂ ᠮᠠᠯᠴᠢᠤᠨ᠂ ᠲᠦᠰᠢᠮᠠᠤᠨ ᠭᠡᠬᠦ ᠮᠡᠲᠦ); ᠲᠡᠮᠳᠡᠭ ᠦᠭᠡᠨ ᠳ᠋ᠦ᠍ 《᠊ᠪᠳᠤᠷ᠂ ᠊ᠬᠠᠨ》 ᠲᠠᠭᠠᠪᠤᠷᠢ ᠶᠢ ᠵᠠᠯᠭᠠᠬᠤ ᠳᠤ ᠰᠢᠨ᠎ᠡ ᠦᠭᠡ ᠪᠦᠳᠦᠭᠡᠬᠦ ᠦᠭᠡᠢ ᠪᠣᠯᠪᠠᠴᠤ ᠪᠢᠴᠢᠯᠭᠡ ᠳ᠋ᠦ᠍ᠨᠢ ᠬᠤᠪᠢᠷᠠᠯᠲᠠ ᠭᠠᠷᠤᠭᠰᠠᠨ ᠪᠠᠢᠪᠠᠯ ᠮᠦᠨ ᠲᠣᠯᠤᠭᠠᠢ ᠦᠭᠡ ᠪᠡᠷ ᠠᠪᠴᠠᠢ (ᠬᠥᠩᠭᠡᠬᠡᠨ᠂ ᠴᠥᠭᠡᠬᠡᠨ᠂ ᠨᠠᠷᠢᠪᠲᠤᠷ᠂ ᠬᠦᠷᠡᠪᠲᠦᠷ ᠭᠡᠬᠦ ᠮᠡᠲᠦ); ᠦᠢᠯᠡ ᠦᠭᠡᠨ ᠳ᠋ᠦ᠍ ᠬᠡᠪ᠂ ᠪᠠᠢᠳᠠᠯ ᠤᠨ ᠲᠠᠭᠠᠪᠤᠷᠢ ᠶᠢ ᠵᠠᠯᠭᠠᠬᠤ ᠳᠤ ᠰᠢᠨ᠎ᠡ ᠦᠭᠡ ᠪᠦᠳᠦᠭᠡᠬᠦ ᠦᠭᠡᠢ ᠪᠣᠯᠪᠠᠴᠤ ᠪᠢᠴᠢᠯᠭᠡ ᠳ᠋ᠦ᠍ᠨᠢ ᠬᠤᠪᠢᠷᠠᠯᠲᠠ ᠭᠠᠷᠬᠤ ᠪᠤᠶᠤ ᠴᠠᠭᠠᠰᠢᠳᠠ ᠲᠠᠭᠠᠪᠤᠷᠢ ᠵᠠᠯᠭᠠᠵᠤ ᠰᠢᠨ᠎ᠡ ᠦᠭᠡ ᠪᠦᠳᠦᠭᠡᠬᠦ  ᠦᠨᠳᠦᠰᠦ ᠪᠣᠯᠵᠤ ᠪᠠᠢᠪᠠᠯ ᠮᠦᠨ ᠲᠣᠯᠤᠭᠠᠢ ᠦᠭᠡᠨ ᠳ᠋ᠦ᠍ ᠤᠷᠤᠭᠤᠯᠤᠠᠠᠰᠠᠨ ᠪᠠᠢᠨ᠎ᠠ (ᠰᠤᠳᠤᠯᠤᠭᠤᠯᠬᠤ → ᠰᠤᠳᠤᠯᠤᠠᠠᠳᠠᠬᠤ᠂ ᠬᠥᠳᠡᠯᠦᠯᠴᠡᠬᠦ → ᠬᠥᠳᠡᠯᠦᠰᠬᠢᠬᠦ᠂ ᠬᠤᠷᠢᠶᠠᠭᠳᠠᠬᠤ → ᠬᠤᠷᠢᠶᠠᠭᠳᠠᠭᠴᠢ᠂ ᠵᠢᠰᠦᠷᠬᠡᠬᠦ → ᠵᠢᠰᠦᠷᠬᠡᠭ ᠭᠡᠬᠦ ᠮᠡᠲᠦ)᠃

4. ᠲᠡᠮᠳᠡᠭ ᠦᠭᠡ ᠶᠢᠨ 《ᠤᠪ ᠤᠯᠠᠭᠠᠨ᠂ ᠰᠢᠪ ᠰᠢᠷ᠎ᠠ》 ᠭᠡᠬᠦ ᠮᠡᠲᠦ ᠳ᠋ᠦ᠍ ᠭᠠᠷᠬᠤ ᠲᠡᠮᠳᠡᠭ ᠨᠡᠷ᠎ᠡ ᠶᠢᠨ ᠵᠡᠷᠭᠡ ᠶᠢᠨ ᠠᠢ ᠶᠢᠨ 《ᠤᠪ᠂ ᠰᠢᠪ》 ᠵᠡᠷᠭᠡ ᠶᠢ ᠲᠣᠯᠤᠭᠠᠢ ᠦᠭᠡᠨ ᠳ᠋ᠦ᠍ ᠤᠷᠤᠭᠤᠯᠤᠠᠠᠰᠠᠨ ᠦᠭᠡᠢ᠃

5. ᠲᠡᠮᠳᠡᠭ ᠦᠭᠡ᠂ ᠲᠦᠯᠤᠭᠡᠨ ᠤ ᠨᠡᠷ᠎ᠡ ᠵᠡᠷᠭᠡ ᠳ᠋ᠦ᠍ ᠲᠣᠭᠠᠨ ᠤ᠋ ᠦᠭᠡ ᠶᠢᠨ ᠲᠠᠭᠠᠪᠤᠷᠢ ᠵᠠᠯᠭᠠᠵᠤ ᠰᠢᠨ᠎ᠡ ᠦᠭᠡ ᠪᠦᠲᠦᠭᠡᠭᠰᠡᠨ ᠪᠠᠢᠪᠠᠯ ᠲᠣᠭᠠᠨ ᠤ᠋ ᠦᠭᠡ ᠪᠡᠷ ᠨᠢᠭᠡᠳᠦᠯᠲᠡᠢ ᠰᠢᠢᠳᠪᠦᠷᠢᠯᠡᠵᠡᠢ᠃

ᠦᠭᠡᠰ ᠦ᠋ᠨ ᠪᠢᠴᠢᠯᠭᠡ (ᠨᠢᠭᠡ ᠦᠭᠡ ᠶᠢᠨ ᠭᠡᠳᠤ ᠬᠡᠳᠦᠨ ᠪᠢᠴᠢᠯᠭᠡ) ᠶᠢ ᠨᠢᠭᠡᠳᠭᠡᠨ ᠳᠦᠷᠢᠮᠵᠢᠭᠦᠯᠦᠭᠰᠡᠨ ᠵᠠᠷᠴᠢᠮ ᠭᠡᠪᠡᠯ᠄

ᠦᠭᠡ ᠵᠦᠢ ᠶᠢᠨ ᠵᠠᠷᠴᠢᠮ (ᠪᠦᠲᠦᠭᠡᠪᠦᠷᠢ ~ ᠮᠤᠷᠹᠧᠮ) ᠢ ᠨᠢᠭᠡᠳᠦᠯᠲᠡᠢ᠂ ᠲᠤᠠᠠᠳᠠᠪᠤᠷᠢᠳᠡᠢ ᠪᠠᠢᠯᠭᠠᠬᠤ ᠪᠠᠷ ᠭᠣᠣᠯ ᠪᠣᠯᠭᠠᠵᠤ᠂ ᠤᠷᠳᠤ ᠬᠤᠭᠤᠴᠠᠭᠠᠨ ᠤ ᠵᠥᠪ ᠪᠢᠴᠢᠬᠦ ᠵᠦᠢ ᠪᠡᠷ ᠪᠣᠯᠪᠠᠰᠤᠷᠠᠭᠳᠠᠵᠤ ᠢᠷᠡᠭᠰᠡᠨ ᠦᠭᠡ ᠪᠣᠯᠤᠨ ᠪᠦᠲᠦᠭᠡᠪᠦᠷᠢ ᠶ᠋ᠢᠨ ᠲᠤᠠᠠᠳᠠᠮᠠᠯ ᠪᠢᠴᠢᠯᠭᠡ ᠶᠢ 《ᠰᠣᠩᠭᠤᠳᠠᠭ ᠬᠡᠯᠪᠡᠷᠢ》 ᠪᠣᠯᠭᠠᠵᠤ᠂ ᠦᠭᠡ ᠶᠢᠨ ᠪᠦᠲᠦᠴᠡ ᠶ᠋ᠢ ᠬᠠᠮᠠᠭᠠᠯᠠᠨ ᠪᠦᠲᠦᠭᠡᠪᠦᠷᠢ ᠶ᠋ᠢ ᠨᠢᠭᠡᠳᠦᠯᠲᠡᠢ᠂ ᠲᠤᠠᠠᠳᠠᠪᠤᠷᠢᠳᠡᠢ ᠪᠠᠢᠯᠭᠠᠵᠤ᠂ ᠨᠡᠢᠳᠡ ᠤᠯᠠᠨ ᠤ ᠰᠤᠷᠴᠤ ᠬᠡᠷᠡᠭᠯᠡᠬᠦ ᠳ᠋ᠦ᠍ ᠲᠦᠬᠦᠮ ᠪᠣᠯᠭᠠᠬᠤ ᠶ᠋ᠢ ᠵᠣᠷᠢᠵᠤ ᠪᠢᠯᠡ᠃ ᠲᠠᠢᠨ ᠬᠦ ᠦᠭᠡ ᠶᠢᠨ ᠪᠦᠲᠦᠴᠡ ᠶ᠋ᠢ ᠬᠠᠮᠠᠭᠠᠯᠠᠵᠤ ᠪᠦᠲᠦᠭᠡᠪᠦᠷᠢ ᠶ᠋ᠢ ᠲᠤᠠᠠᠳᠠᠪᠤᠷᠢᠵᠢᠭᠤᠯᠬᠤ ᠳᠤ ᠬᠠᠷᠰᠢ ᠪᠣᠯᠬᠤ ᠶᠠᠷᠢᠶᠠᠴᠢᠯᠠᠭᠰᠠᠨ ᠬᠡᠯᠪᠡᠷᠢ ᠨᠦ᠍ᠭᠦᠳ ᠢ᠋ ᠦᠭᠡ ᠵᠦᠢ ᠶᠢᠨ ᠵᠠᠷᠴᠢᠮ ᠢ ᠪᠠᠷᠢᠮᠲᠠᠯᠠᠨ ᠲᠦᠷᠢᠮᠵᠢᠬᠦᠯᠪᠠ᠃ ᠵᠢᠱ᠌ᠢᠶᠡᠯᠡᠪᠡᠯ᠄ ᠤᠨᠴᠤᠭᠤᠢ ⇒ ᠣᠨᠴᠠᠭᠠᠢ᠂ ᠨᠤᠭᠤᠴᠠ ⇒ ᠨᠢᠭᠤᠴᠠ᠂ ᠬᠤᠤᠳᠠᠰᠤ ⇒ ᠬᠠᠭᠤᠳᠠᠰᠤ᠂ ᠨᠣᠯᠤᠤᠷ ⇒ ᠨᠣᠣᠯᠤᠭᠤᠷ᠂ ᠠᠭᠤᠯᠵᠤᠤᠷ ⇒ ᠠᠭᠤᠯᠵᠠᠭᠤᠷ᠂ ᠨᠤᠷᠱᠤᠬᠤ ⇒ ᠨᠤᠷᠰᠢᠬᠤ᠂ ᠵᠦᠯᠭᠦᠦᠷ ⇒ ᠵᠦᠯᠭᠦᠭᠦᠷ᠂ ᠮᠤᠤᠬᠠᠢ ⇒ ᠮᠠᠭᠤᠬᠠᠢ ᠭᠡᠬᠦ ᠮᠡᠲᠦ᠃ ᠭᠡᠪᠡᠴᠦ ᠬᠡᠯᠡᠨ ᠦ᠌ ᠬᠥᠭᠵᠢᠯ ᠦ᠋ᠨ ᠬᠠᠨᠳᠤᠰᠢ ᠶᠢ ᠬᠠᠷᠠᠭᠠᠯᠵᠠᠵᠤ᠂ ᠦᠭᠡ ᠶᠢᠨ ᠪᠦᠲᠦᠴᠡ ᠶ᠋ᠢ ᠡᠪᠳᠡᠬᠦ ᠦᠭᠡᠢ ᠤᠷᠢᠲᠠᠯ ᠳᠣᠣᠷ᠎ᠠ ᠠᠪᠢᠶ᠎ᠠ ᠵᠦᠢ ᠶᠢᠨ ᠵᠠᠷᠴᠢᠮ ᠳᠤ ᠵᠣᠬᠢᠬᠤ ᠵᠠᠢ ᠦᠯᠡᠳᠡᠭᠡᠵᠦ᠂ ᠴᠥᠭᠡᠨ ᠲᠣᠭᠠᠨ ᠤ᠋ ᠢᠵᠠᠭᠤᠷ ᠤᠨ ᠪᠢᠴᠢᠯᠭᠡ ᠶᠢ ᠶᠠᠷᠢᠶᠠᠨ ᠤ ᠳᠠᠭᠤᠳᠠᠯᠭ᠎ᠠ ᠲᠠᠢ ᠣᠢᠷᠠᠲᠤᠭᠤᠯᠤᠨ ᠴᠥᠭᠡᠪᠦᠷ ᠲᠠᠭᠠᠪᠤᠷᠢ ᠶᠢᠨ ᠤᠷᠤᠭᠤᠯᠰᠢᠠᠠᠰᠠᠨ ᠬᠤᠪᠢᠯᠪᠤᠷᠢ (ᠥᠮᠦᠭᠦᠷ᠂ ᠥᠮᠦᠭᠦᠨᠡᠬᠦ᠂ ᠱᠣᠩᠨᠤᠭᠤᠷ᠂ ᠰᠠᠳᠤᠮᠰᠤᠭ᠂ ᠳᠣᠮᠨᠤᠬᠤ ᠭᠡᠬᠦ ᠮᠡᠲᠦ) ᠶᠢ ᠠᠪᠤᠠᠠᠰᠠᠨ ᠪᠦᠭᠡᠤᠨ ᠵᠠᠷᠢᠮ ᠬᠠᠷᠢ ᠭᠠᠷᠤᠯᠲᠠᠢ ᠦᠭᠡ ᠶᠢ ᠮᠣᠩᠭᠤᠯ ᠬᠡᠯᠡᠨ ᠦ᠌ ᠶᠠᠷᠢᠶᠠᠨ ᠤ ᠳᠠᠭᠤᠳᠠᠯᠭ᠎ᠠ ᠶ᠋ᠢ ᠳᠠᠭᠠᠭᠤᠯᠵᠤ ᠪᠠᠩᠪᠤᠷ ⇒ ᠪᠠᠮᠪᠠᠷ᠂ ᠬᠠᠩᠪᠤ ⇒ ᠬᠠᠮᠪᠤ᠂ ᠶᠠᠩᠪᠠ ⇒ ᠶᠠᠮᠪᠠ ᠭᠡᠬᠦ ᠮᠡᠲᠦ ᠪᠡᠷ ᠲᠦᠷᠢᠮᠵᠢᠬᠦᠯᠵᠡᠢ᠃ ᠤᠤᠯ ᠤᠨ ᠳᠦᠷᠰᠦ ᠢᠯᠭᠠᠬᠤ ᠵᠠᠷᠴᠢᠮ ᠳᠤ ᠵᠠᠬᠢᠷᠤᠠᠠᠳᠠᠵᠤ ᠪᠠᠢᠠᠠᠰᠠᠨ ᠪᠢᠴᠢᠯᠭᠡ ᠳᠣᠲᠤᠷ᠎ᠠ ᠠ᠋ᠴᠠ ᠵᠦᠢ ᠵᠣᠬᠢᠰᠲᠠᠢ ᠳᠦᠷᠰᠦ ᠢᠯᠭᠠᠯᠲᠠ (ᠪᠠᠷ᠎ᠠ — ᠪᠠᠷᠠᠭ᠎ᠠ᠂ ᠰᠠᠷ᠎ᠠ — ᠰᠠᠷᠠ᠂ ᠡᠪᠦᠷ — ᠥᠪᠦᠷ᠂ ᠳᠣᠲᠤᠷ — ᠳᠣᠲᠤᠷ᠎ᠠ ᠭᠡᠬᠦ ᠮᠡᠲᠦ) ᠶᠢ ᠬᠡᠪ ᠢ᠋ᠶ᠋ᠡᠷ ᠦᠯᠡᠳᠡᠭᠡᠵᠦ᠂ ᠵᠦᠢ ᠵᠣᠬᠢᠰ ᠦᠭᠡᠢ ᠳᠦᠷᠰᠦ ᠢᠯᠭᠠᠯᠲᠠ (ᠵᠢᠱ᠌ᠢᠶᠡᠯᠡᠪᠡᠯ᠄  ᠢᠵᠢᠯ ~ ᠢᠵᠢᠯᠢ ⇒ ᠢᠵᠢᠯᠢ᠂  ᠬᠣᠣᠷ᠎ᠠ ~ ᠬᠣᠣᠷ ⇒ ᠬᠣᠣᠷ᠂ ᠢᠭᠴᠢ ~ ᠢᠠᠠᠴᠢ ~ ᠢᠠᠠᠴᠤ ⇒ ᠢᠠᠠᠴᠤ᠂ ᠣᠪᠤ ~ ᠣᠪᠤᠤ ~ ᠤᠪᠤᠭ᠎ᠠ ⇒ ᠤᠪᠤᠭ᠎ᠠ᠂ ᠰᠢᠭᠦᠷᠬᠦ ~ ᠰᠢᠭᠦᠷᠡᠬᠦ ⇒ ᠰᠢᠭᠦᠷᠡᠬᠦ  ᠭᠡᠬᠦ ᠮᠡᠲᠦ) ᠶᠢ ᠨᠢᠭᠡ ᠲᠡᠢᠰᠢ ᠪᠣᠯᠭᠠᠨ ᠨᠢᠭᠡᠳᠭᠡᠪᠡ᠃ ᠲᠡᠦᠬᠡᠨ ᠤᠯᠠᠮᠵᠢᠯᠠᠯ ᠤᠨ ᠵᠠᠷᠴᠢᠮ ᠢ ᠦᠨᠳᠦᠰᠦᠨ ᠵᠠᠷᠴᠢᠮ ᠢᠶᠠᠷ ᠦᠵᠡᠵᠦ᠂ ᠲᠡᠭᠦᠨ ᠳ᠋ᠦ᠍ ᠵᠠᠬᠢᠷᠤᠠᠠᠳᠠᠵᠤ ᠪᠠᠢᠠᠠᠰᠠᠨ ᠪᠢᠴᠢᠯᠭᠡ ᠳᠣᠲᠤᠷ᠎ᠠ ᠠ᠋ᠴᠠ ᠭᠠᠭᠴᠠ 《ᠭᠱᠠᠨ》 ᠢ ᠶᠠᠷᠢᠶᠠᠨ ᠤ ᠳᠠᠭᠤᠳᠠᠯᠭ᠎ᠠ ᠪᠣᠯᠤᠨ ᠡᠭᠡᠰᠢᠭ ᠵᠣᠬᠢᠴᠠᠬᠤ ᠶᠣᠰᠤᠨ ᠳ᠋ᠤ᠌ ᠨᠡᠢᠴᠡᠭᠦᠯᠵᠦ 《ᠭᠱᠠᠨ᠂ ᠠᠭᠱᠠᠨ》ᠬᠤᠶᠠᠷ ᠠᠴᠠ 《ᠠᠠᠠᠱᠠᠨ》 ᠢ ᠨᠢ ᠠᠪᠤᠭᠠᠤᠨ ᠪᠤᠰᠤᠤᠨ ᠲᠤᠠᠠᠳᠠᠭᠰᠠᠨ ᠪᠢᠴᠢᠯᠭᠡ ᠲᠡᠢ ᠦᠭᠡᠰ ᠢ ᠬᠡᠪ ᠢ᠋ᠶ᠋ᠡᠷ ᠦᠯᠡᠳᠡᠭᠡᠵᠡᠢ᠃ ᠡᠭᠦᠨ ᠡᠴᠡ ᠭᠠᠳᠠᠨ᠎ᠠ 《ᠮᠣᠷᠳᠠᠬᠤ᠂ ᠰᠢᠷᠭᠠᠯ᠂ ᠤᠰᠭᠠᠯ᠂ ᠰᠦᠷᠡᠬᠦ᠂ ᠬᠦᠢᠴᠡᠤᠨ᠂ ᠭᠤᠢᠷᠠᠨᠴᠢ᠂ ᠰᠣᠷᠢᠨᠵᠢᠨ》 ᠭᠡᠬᠦ ᠮᠡᠲᠦ ᠪᠦᠲᠦᠭᠡᠪᠦᠷᠢ ᠶ᠋ᠢᠨ ᠲᠤᠠᠠᠳᠠᠮᠠᠯ ᠪᠦᠲᠦᠴᠡ ᠶ᠋ᠢ ᠡᠪᠳᠡᠵᠦ ᠪᠠᠢᠪᠠᠴᠤ ᠨᠡᠢᠭᠡᠮ ᠨᠡᠢᠳᠡ ᠪᠠᠷ ᠢᠶᠠᠨ ᠤᠷᠳᠤ ᠤᠳᠠᠭᠠᠨ ᠬᠤᠭᠤᠴᠠᠭ᠎ᠠ ᠭᠡᠷᠡᠭᠯᠡᠭᠡᠤᠨ ᠳᠠᠳᠭᠠᠯ ᠪᠤᠯᠤᠠᠠᠰᠠᠨ ᠬᠡᠪᠰᠢᠯ ᠢ᠋ ᠪᠠᠷᠢᠮᠲᠠᠯᠠᠵᠤ᠂ ᠮᠦᠨ ᠬᠥᠳᠡᠯᠭᠡᠭᠰᠡᠨ ᠦᠭᠡᠢ ᠲᠡᠷᠡ ᠬᠡᠪ ᠢ᠋ᠶ᠋ᠡᠷ ᠦᠯᠡᠳᠡᠭᠡᠭᠰᠡᠨ ᠶᠤᠮ᠃

ᠲᠠᠩ ᠦᠭᠡᠰ ᠦ᠋ᠨ ᠪᠢᠴᠢᠯᠭᠡ ᠶᠢ ᠨᠢᠭᠡᠳᠭᠡᠨ ᠳᠦᠷᠢᠮᠵᠢᠭᠦᠯᠬᠦ ᠭᠣᠣᠯ ᠵᠠᠷᠴᠢᠮ ᠢᠶᠠᠨ ᠲᠤᠠᠠᠳᠠᠭᠠᠭᠰᠠᠨ ᠰᠠᠭᠤᠷᠢᠨ ᠳᠡᠭᠡᠷ᠎ᠡ ᠪᠦᠲᠦᠭᠡᠪᠦᠷᠢ ᠶ᠋ᠢ ᠶᠠᠭᠠᠬᠢᠵᠤ ᠪᠢᠴᠢᠬᠦ ᠪᠠ ᠶᠠᠭᠠᠬᠢᠵᠤ ᠵᠠᠯᠭᠠᠬᠤ ᠬᠤᠶᠠᠷ ᠲᠠᠯ᠎ᠠ ᠪᠠᠷ ᠭᠣᠣᠯ ᠪᠣᠯᠭᠠᠵᠤ᠂ ᠲᠠᠩ ᠦᠭᠡᠰ ᠦ᠋ᠨ ᠤᠯᠠᠨ ᠪᠢᠴᠢᠯᠭᠡ ᠶᠢ ᠨᠢᠭᠡᠳᠭᠡᠨ ᠳᠦᠷᠢᠮᠵᠢᠭᠦᠯᠬᠦ ᠨᠠᠷᠢᠨ ᠲᠣᠳᠤᠷᠬᠠᠢ ᠠᠷᠭ᠎ᠠ ᠨᠤᠭᠤᠳ ᠢ ᠰᠤᠳᠤᠯᠵᠤ ᠭᠠᠷᠭᠠᠪᠠ᠃ ᠲᠣᠪᠴᠢᠯᠠᠨ ᠳᠤᠷᠠᠳᠪᠠᠯ᠄

1. ᠪᠦᠲᠦᠭᠡᠪᠦᠷᠢ ᠶ᠋ᠢᠨ ᠪᠢᠴᠢᠯᠭᠡ ᠶᠢ ᠨᠢᠭᠡᠳᠭᠡᠬᠦ ᠠᠷᠭ᠎ᠠ ᠨᠤᠭᠤᠳ;

2. ᠦᠭᠡ ᠶᠢᠨ ᠦᠨᠳᠦᠰᠦᠨ ᠳ᠋ᠦ᠍ ᠲᠠᠭᠠᠪᠤᠷᠢ ᠵᠠᠯᠭᠠᠬᠤ ᠳᠤ ᠭᠠᠷᠬᠤ ᠨᠢᠭᠡᠳᠦᠯ ᠦᠭᠡᠢ ᠪᠢᠴᠢᠯᠭᠡ ᠶᠢ ᠳᠦᠷᠢᠮᠵᠢᠭᠦᠯᠬᠦ ᠠᠷᠭ᠎ᠠ ᠨᠤᠭᠤᠳ;

3. ᠦᠰᠦᠭ ᠪᠤᠶᠤ ᠲᠠᠭᠠᠪᠤᠷᠢ ᠶᠢ ᠬᠠᠰᠤᠵᠤ ᠨᠡᠮᠡᠬᠦ ᠵᠠᠷᠴᠢᠮ ᠪᠠ ᠠᠷᠭ᠎ᠠ ᠨᠤᠭᠤᠳ;

4. ᠵᠢᠭᠡᠯᠡᠭᠡ ᠦᠭᠡ ᠶᠢᠨ ᠨᠢᠭᠡᠳᠦᠯ ᠦᠭᠡᠢ ᠪᠢᠴᠢᠯᠭᠡ ᠶᠢ ᠨᠢᠭᠡᠳᠭᠡᠬᠦ ᠠᠷᠭ᠎ᠠ ᠨᠤᠭᠤᠳ;

5. ᠨᠡᠢᠯᠡᠭᠦᠯᠵᠦ ᠰᠠᠯᠭᠠᠵᠤ ᠪᠢᠴᠢᠬᠦ ᠶᠣᠰᠤ ᠶ᠋ᠢ ᠮᠥᠷᠳᠡᠬᠦ ᠵᠠᠷᠴᠢᠮ ᠪᠠ ᠠᠷᠭ᠎ᠠ ᠨᠤᠭᠤᠳ ᠭᠡᠬᠦ ᠮᠡᠲᠦ᠃

ᠡᠭᠦᠨ ᠳ᠋ᠦ᠍ ᠲᠤᠳᠤᠷᠬᠠᠢᠯᠠᠭᠤᠰᠢᠳᠠᠢ ᠵᠦᠢᠯ ᠭᠡᠪᠡᠯ᠄

(1) ᠦᠢᠯᠡ ᠦᠭᠡ ᠡᠭᠦᠰᠭᠡᠬᠦ 《᠊ᠯᠠ᠂ ᠊ᠯ》 ᠬᠤᠶᠠᠷ ᠲᠠᠭᠠᠪᠤᠷᠢ ᠪᠠᠷ ᠨᠢᠭᠡ ᠦᠭᠡ ᠶᠢᠨ ᠰᠠᠯᠪᠤᠷᠢ ᠤᠳᠭ᠎ᠠ ᠪᠤᠶᠤ ᠭᠡᠯᠡ ᠵᠦᠢ ᠶᠢᠨ ᠤᠤᠠᠬ᠎ᠠ ᠶᠢ ᠵᠣᠷᠢᠭᠤᠳᠠ ᠳᠦᠷᠰᠦ ᠪᠡᠷ ᠢᠯᠭᠠᠵᠤ ᠪᠢᠴᠢᠵᠦ ᠪᠠᠢᠠᠠᠰᠠᠨ ᠢ  《᠊ᠯᠠ》 ᠪᠠᠷ ᠨᠢ ᠨᠢᠭᠡᠤᠡᠭᠡᠭᠡᠤᠨ ᠬᠡᠰᠡᠭ ᠦᠭᠡᠨ ᠳ᠋ᠦ᠍ ᠲᠡᠷᠡ ᠬᠤᠶᠠᠷ ᠢ ᠬᠤᠳᠭᠤᠵᠤ ᠬᠡᠷᠡᠭᠯᠡᠵᠦ ᠪᠠᠢᠠᠠᠰᠠᠨ ᠢ ᠭᠤᠤᠯᠳᠠᠭᠤ ᠬᠡᠪᠰᠢᠯ ᠢ᠋ ᠪᠠᠷᠢᠮᠲᠠᠯᠠᠵᠤ ᠨᠢᠭᠡ ᠪᠡᠷ  ᠨᠢ ᠨᠢᠭᠡᠳᠭᠡᠪᠡ᠃ ᠵᠢᠱ᠌ᠢᠶᠡᠯᠡᠪᠡᠯ (᠊ᠯ ⇒ ᠊ᠯᠠ)᠄ ᠡᠪᠳᠡᠯᠬᠦ ⇒ ᠡᠪᠳᠡᠯᠡᠬᠦ᠂ ᠨᠡᠢᠯᠬᠦ ⇒ ᠨᠡᠢᠯᠡᠬᠦ᠂ ᠴᠣᠬᠤᠯᠬᠤ ⇒ ᠴᠣᠬᠤᠯᠠᠬᠤ᠂ ᠤᠰᠤᠯᠬᠤ ⇒ ᠤᠰᠤᠯᠠᠬᠤ; (᠊ᠯᠠ ⇒ ᠊ᠯ)᠄  ᠪᠤᠠᠠᠵᠤᠯᠠᠬᠤ ⇒ ᠪᠤᠠᠠᠵᠤᠯᠬᠤ᠂ ᠪᠤᠷᠭᠢᠯᠠᠬᠤ ⇒ ᠪᠤᠷᠭᠢᠯᠬᠤ᠂ ᠳᠠᠷᠭᠢᠯᠠᠬᠤ ⇒ ᠲᠠᠷᠬᠢᠯᠬᠤ᠂ ᠴᠤᠴᠠᠯᠠᠬᠤ ⇒ ᠴᠤᠴᠠᠯᠬᠤ ᠭᠡᠬᠦ ᠮᠡᠲᠦ᠃

(2) ᠦᠢᠯᠡ ᠦᠭᠡ ᠡᠭᠦᠰᠭᠡᠬᠦ 《᠊ᠷᠠ᠂ ᠊ᠷᠢ᠂ ᠊ᠷ》 ᠭᠤᠷᠪᠠᠨ ᠲᠠᠭᠠᠪᠤᠷᠢ ᠶᠢ ᠵᠣᠷᠢᠭᠤᠳᠠ ᠨᠢᠭᠡ ᠦᠭᠡ ᠶᠢᠨ ᠦᠨᠳᠦᠰᠦᠨ ᠳ᠋ᠦ᠍ ᠢᠯᠭᠠᠨ ᠬᠡᠷᠡᠭᠯᠡᠵᠦ᠂ ᠦᠢᠯᠡ ᠦᠭᠡ ᠶᠢᠨ ᠲᠤᠰᠬᠤ ᠪᠠ ᠡᠰᠡ ᠲᠤᠰᠬᠤ ᠶᠢ ᠳᠦᠷᠰᠦ ᠪᠡᠷ ᠢᠯᠭᠠᠵᠤ ᠪᠠᠢᠠᠠᠰᠠᠨ ᠢ 《᠊ᠷᠠ》 ᠪᠠᠷ ᠨᠢᠭᠡᠳᠭᠡᠵᠦ᠂ ᠬᠡᠰᠡᠭ ᠦᠭᠡᠨ ᠳ᠋ᠦ᠍ ᠬᠤᠳᠭᠤᠨ ᠬᠡᠷᠡᠭᠯᠡᠭᠳᠡᠵᠦ ᠪᠠᠢᠠᠠᠰᠠᠨ ᠢ ᠭᠤᠤᠯᠳᠠᠭᠤ 《᠊ᠷᠠ》 ᠪᠤᠶᠤ 《᠊ᠷᠢ》 ᠪᠠᠷ ᠨᠢᠭᠡᠳᠭᠡᠪᠡ᠃ ᠵᠢᠱ᠌ᠢᠶᠡᠯᠡᠪᠡᠯ᠄ ᠲᠣᠩᠭᠤᠷᠠᠬᠤ ~ ᠲᠣᠩᠭᠤᠷᠢᠬᠤ ⇒ ᠲᠣᠩᠭᠤᠷᠠᠬᠤ᠂ ᠴᠤᠪᠤᠷᠢᠬᠤ ⇒ ᠴᠤᠪᠤᠷᠠᠬᠤ᠂ ᠦᠤᠡᠭᠡᠷᠬᠦ ⇒ ᠥᠳᠭᠡᠷᠡᠬᠦ᠂ ᠪᠦᠮᠪᠤᠷᠭᠡᠨ ⇒ ᠪᠦᠮᠪᠤᠷᠢᠭᠡᠨ ᠭᠡᠬᠦ ᠮᠡᠲᠦ᠃ ᠳᠡᠭᠡᠷ᠎ᠡ ᠲᠤᠷᠠᠳᠤᠠᠠᠰᠠᠨ 《᠊ᠯᠠ᠂ ᠊ᠯ》 ᠬᠤᠶᠠᠷ ᠲᠠᠭᠠᠪᠤᠷᠢ᠂ 《᠊ᠷᠠ᠂ ᠊ᠷᠢ᠂ ᠊ᠷ》 ᠭᠤᠷᠪᠠᠨ ᠲᠠᠭᠠᠪᠤᠷᠢ ᠶᠢᠨ ᠢᠯᠭᠠᠭ᠎ᠠ ᠶᠢ ᠲᠤᠳᠤᠯᠠᠬᠤ ᠠᠰᠠᠭᠤᠳᠠᠯ ᠮᠣᠩᠭᠤᠯ ᠬᠡᠯᠡᠨ ᠦ᠌ ᠰᠠᠭᠤᠷᠢ ᠰᠤᠳᠤᠯᠭᠠᠨ ᠳᠤ ᠲᠤᠭᠤᠰᠢᠲᠠᠢ ᠰᠢᠢᠳᠪᠦᠷᠢᠯᠡᠭᠳᠡᠭᠡ ᠦᠭᠡᠢ ᠤᠴᠢᠷ ᠠᠴᠠ ᠲᠤᠰ ᠲᠣᠯᠢᠨ ᠳ᠋ᠤ᠌ ᠬᠠᠩᠭᠠᠮᠵᠢᠲᠠᠢ ᠰᠢᠢᠳᠪᠦᠷᠢᠯᠡᠵᠦ ᠴᠢᠳᠠᠭᠰᠠᠨ ᠦᠭᠡᠢ ᠨᠢ ᠳᠠᠮᠵᠢᠭ ᠦᠭᠡᠢ ᠶᠤᠮ᠃

(3) 《᠊ᠮ᠂ ᠊ᠨ᠂ ᠊ᠩ》 ᠢᠶᠠᠷ ᠲᠡᠭᠦᠰᠦᠭᠰᠡᠨ ᠨᠡᠷ᠎ᠡ ᠦᠭᠡ ᠶᠢᠨ ᠦᠨᠳᠦᠰᠦᠨ ᠳ᠋ᠦ᠍ ᠦᠢᠯᠡ ᠦᠭᠡ ᠡᠭᠦᠰᠭᠡᠬᠦ 《᠊ᠯᠠ》 ᠶᠢ ᠵᠠᠯᠭᠠᠬᠤ ᠦᠶᠡᠰ 《᠊ᠯᠠ》 ᠲᠠᠭᠠᠪᠤᠷᠢ ᠨᠢ ᠡᠮᠦᠨᠡᠬᠢ ᠠᠪᠢᠶ᠎ᠠ ᠲᠠᠢ ᠪᠠᠨ ᠬᠠᠮᠠᠷ ᠢᠶᠠᠷ ᠢᠵᠢᠯᠢᠰᠢᠵᠦ 《᠊ᠨᠠ》 ᠪᠣᠯᠵᠤ ᠳᠠᠭᠤᠳᠠᠭᠳᠠᠬᠤ ᠶᠣᠰᠤ ᠶ᠋ᠢ ᠳᠠᠭᠠᠭᠤᠯᠤᠨ ᠳᠠᠮᠯᠠᠬᠤ ⇒ ᠳᠠᠮᠨᠠᠬᠤ᠂ ᠪᠤᠯᠤᠩᠯᠠᠬᠤ ⇒ ᠪᠤᠯᠤᠩᠨᠠᠬᠤ᠂ ᠬᠠᠷᠠᠮᠯᠠᠬᠤ ⇒ ᠬᠠᠷᠠᠮᠨᠠᠬᠤ᠂ ᠬᠢᠯᠢᠩᠯᠡᠬᠦ ⇒ ᠬᠢᠯᠢᠩᠨᠡᠬᠦ ᠭᠡᠬᠦ ᠮᠡᠲᠦ ᠪᠡᠷ 《᠊ᠯᠠ》 ᠶᠢ  《᠊ᠨᠠ》 ᠪᠠᠷ ᠰᠣᠯᠢᠵᠤ ᠳᠦᠷᠢᠮᠵᠢᠭᠦᠯᠦᠭᠰᠡᠨ ᠪᠣᠯᠪᠠᠴᠤ 《ᠳᠦᠷᠢᠮᠯᠡᠬᠦ᠂ ᠵᠢᠷᠤᠮᠯᠠᠬᠤ》 ᠭᠡᠬᠦ ᠮᠡᠲᠦ ᠶ᠋ᠢᠨ ᠬᠡᠪᠰᠢᠭᠰᠡᠨ ᠪᠢᠴᠢᠯᠭᠡ ᠶᠢ ᠬᠥᠳᠡᠯᠭᠡᠭᠰᠡᠨ ᠦᠭᠡᠢ ᠲᠤᠯᠠ ᠨᠢᠭᠡ ᠮᠥᠷ ᠪᠣᠯᠤᠨ ᠨᠢᠭᠡᠳᠴᠦ ᠡᠰᠡ ᠴᠢᠳᠠᠭᠰᠠᠨ ᠶᠤᠮ᠃ ᠡ᠊ᠨᠳᠡ ᠬᠡᠯᠡᠵᠦ ᠪᠠᠢᠭ᠎ᠠ 《ᠬᠡᠪᠰᠢᠯ》 ᠪᠤᠶᠤ 《ᠬᠡᠪᠰᠢᠭᠰᠡᠨ ᠪᠢᠴᠢᠯᠭᠡ》 ᠭᠡᠳᠡᠭ ᠨᠢ ᠮᠠᠨ ᠤ ᠭᠡᠷᠡᠭᠯᠡᠭᠳᠡᠬᠦᠨ ᠪᠣᠯᠭᠠᠭᠰᠠᠨ ᠲᠤᠯᠢ ᠨᠤᠭᠤᠳ ᠲᠤ 《ᠵᠠᠷᠴᠢᠮ》 ᠪᠤᠶᠤ 《ᠳᠦᠷᠢᠮ》 ᠢ ᠵᠥᠷᠢᠴᠡᠭᠰᠡᠨ ᠪᠣᠯᠪᠠᠴᠤ ᠨᠢᠭᠡᠨ ᠠᠳᠠᠯᠢ ᠪᠠᠷ ᠪᠢᠴᠢᠭᠳᠡᠵᠦ ᠪᠠᠢᠬᠤ ᠪᠢᠴᠢᠯᠭᠡ ᠶᠢ ᠵᠢᠭᠠᠵᠤ ᠪᠤᠢ᠃

ᠪᠢᠳᠡ 《ᠦᠭᠡ ᠰᠣᠩᠭᠤᠬᠤ ᠪᠠᠷᠢᠮᠵᠢᠶ᠎ᠠ ᠪᠠ ᠦᠭᠡᠰ ᠦ᠋ᠨ ᠪᠢᠴᠢᠯᠭᠡ ᠶᠢ ᠨᠢᠭᠡᠳᠭᠡᠨ ᠳᠦᠷᠢᠮᠵᠢᠭᠦᠯᠬᠦ ᠵᠠᠷᠴᠢᠮ ᠬᠢᠭᠡᠤᠨ ᠠᠷᠭ᠎ᠠ ᠨᠤᠭᠤᠳ》 ᠢ ᠡᠮᠬᠢᠯᠡᠨ ᠵᠤᠷᠪᠤᠰᠯᠠᠵᠤ ᠭᠠᠷᠭᠠᠭᠠᠤᠨ 《ᠮᠣᠩᠭᠤᠯ ᠪᠢᠴᠢᠭ ᠦ᠋ᠨ ᠵᠥᠪ ᠪᠢᠴᠢᠬᠦ ᠳᠦᠷᠢᠮ》 ᠲᠠᠢ ᠬᠠᠮᠲᠤ ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ ᠳ᠋ᠦ᠍ ᠮᠡᠳᠡᠭᠦᠯᠦᠭᠰᠡᠨ ᠦ᠌ ᠳᠠᠷᠠᠭ᠎ᠠ 1998 ᠣᠨ ᠤ᠋ 10 ᠰᠠᠷ᠎ᠠ ᠶᠢᠨ 21 — 30 ᠳᠤ ᠥᠪᠡᠷᠲᠡᠭᠡᠨ ᠵᠠᠰᠠᠬᠤ ᠣᠷᠤᠨ ᠤ ᠮᠣᠩᠭᠤᠯ ᠪᠢᠴᠢᠭ ᠦ᠋ᠨ ᠵᠥᠪ ᠪᠢᠴᠢᠯᠭᠡ ᠶᠢᠨ ᠺᠣᠮᠢᠰ (ᠳᠣᠷᠤᠨᠠᠰᠢ 《ᠵᠥᠪ ᠪᠢᠴᠢᠯᠭᠡ ᠶᠢᠨ ᠺᠣᠮᠢᠰ》 ᠭᠡᠵᠦ ᠲᠣᠪᠴᠢᠯᠠᠨ᠎ᠠ) ᠤᠨ ᠠᠩᠬᠠᠳᠤᠭᠠᠷ ᠬᠤᠷᠠᠯ ᠢ ᠬᠤᠷᠠᠯᠳᠤᠭᠤᠯᠵᠤ᠂ 《ᠮᠣᠩᠭᠤᠯ ᠵᠥᠪ ᠪᠢᠴᠢᠯᠭᠡ ᠶᠢᠨ ᠲᠣᠯᠢ》 ᠳᠤ ᠨᠢᠭᠡᠳᠭᠡᠨ ᠳᠦᠷᠢᠮᠵᠢᠭᠦᠯᠦᠭᠰᠡᠨ ᠦᠭᠡᠰ ᠢ ᠶᠠᠷᠢᠯᠴᠠᠪᠠ᠃ ᠬᠤᠷᠠᠯ ᠳᠤ ᠵᠥᠪ ᠪᠢᠴᠢᠯᠭᠡ ᠶᠢᠨ ᠺᠣᠮᠢᠰ ᠤ᠋ᠨ ᠪᠦᠬᠦ ᠭᠡᠰᠢᠭᠦᠨ᠂ ᠲᠣᠯᠢ ᠨᠠᠢᠷᠠᠭᠤᠯᠬᠤ ᠺᠣᠮᠢᠰ ᠤ᠋ᠨ ᠬᠡᠰᠡᠭ ᠭᠡᠰᠢᠭᠦᠨ ᠪᠠ ᠠᠯᠪᠠᠨ ᠭᠡᠷ ᠦ᠋ᠨ ᠬᠥᠮᠦᠰ ᠣᠷᠤᠯᠴᠠᠵᠤ᠂ ᠶᠠᠷᠢᠯᠴᠠᠨ ᠮᠠᠷᠭᠤᠯᠳᠤᠠᠠᠰᠠᠭᠠᠷ 1100 ᠭᠠᠷᠤᠢ ᠦᠭᠡ ᠶᠢᠨ ᠪᠢᠴᠢᠯᠭᠡ ᠶᠢ ᠨᠢᠭᠡᠳᠭᠡᠨ ᠳᠦᠷᠢᠮᠵᠢᠭᠦᠯᠬᠦ ᠪᠡᠷ ᠪᠠᠲᠤᠯᠠᠵᠠᠢ᠃ ᠡᠢᠨ ᠬᠦ ᠭᠡᠯᠡ ᠦᠰᠦᠭ [1986]  4 ᠳ᠋ᠤᠭᠡᠷ ᠲᠣᠭᠠᠲᠤ ᠪᠢᠴᠢᠭ ᠮᠠᠲ᠋ᠧᠷᠢᠶᠠᠯ ᠤᠨ 315 ᠦᠭᠡ ᠪᠣᠯᠤᠨ 《ᠮᠣᠩᠭᠤᠯ ᠬᠡᠯᠡᠨ ᠦ᠌ ᠲᠣᠯᠢ》 ᠳᠤ ᠳᠦᠷᠢᠮᠵᠢᠭᠦᠯᠦᠭᠰᠡᠨ 800 ᠰᠢᠬᠠᠮ ᠦᠭᠡ ᠲᠡᠢ ᠪᠡᠨ ᠨᠡᠢᠯᠡᠭᠡᠤᠨ 2300 ᠦᠭᠡ ᠪᠤᠯᠤᠠᠠᠰᠠᠨ ᠶᠤᠮ᠃ ᠢᠩᠬᠢᠭᠡᠤᠨ ᠲᠣᠯᠢᠨ ᠤ᠋ ᠠᠭᠤᠯᠭ᠎ᠠ ᠪᠦᠷᠢᠳᠴᠦ᠂ ᠬᠡᠪᠯᠡᠯ ᠳ᠋ᠦ᠍ ᠰᠢᠯᠵᠢᠭᠦᠯᠦᠨ ᠬᠠᠷᠭᠤᠭᠤᠯᠭ᠎ᠠ ᠬᠢᠬᠦ ᠠᠵᠢᠯ ᠡᠬᠢᠯᠡᠵᠡᠢ᠃

 

ᠬᠤᠶᠠᠷ᠂ ᠥᠷᠭᠡᠨ ᠬᠡᠪᠴᠢᠶ᠎ᠡ ᠪᠡᠷ ᠰᠠᠨᠠᠯ ᠬᠤᠷᠢᠶᠠᠵᠤ ᠨᠡᠮᠡᠵᠦ ᠵᠠᠰᠠᠬᠤ ᠠᠵᠢᠯ ᠳᠤ ᠰᠢᠯᠵᠢᠭᠰᠡᠨ ᠨᠢ

 

《ᠮᠣᠩᠭᠤᠯ ᠵᠥᠪ ᠪᠢᠴᠢᠯᠭᠡ ᠶᠢᠨ ᠲᠣᠯᠢ》 1999 ᠣᠨ ᠤ᠋ 12 ᠰᠠᠷ᠎ᠠ ᠳᠤ ᠬᠡᠪᠯᠡᠭᠳᠡᠵᠦ ᠮᠣᠩᠭᠤᠯᠴᠤᠳ ᠤᠨ ᠭᠡᠭᠡᠨ ᠮᠡᠯᠮᠡᠢ ᠲᠡᠢ ᠵᠣᠯᠭᠠᠪᠠ᠃ ᠲᠣᠯᠢ ᠬᠡᠪᠯᠡᠭᠳᠡᠭᠰᠡᠨ ᠦ᠌ ᠳᠠᠷᠠᠭᠠᠬᠠᠨ ᠲᠣᠯᠢ ᠨᠠᠢᠷᠠᠭᠤᠯᠬᠤ ᠺᠣᠮᠢᠰ ᠬᠢᠭᠡᠳ ᠺᠣᠮᠢᠰ ᠤ᠋ᠨ ᠠᠯᠪᠠᠨ ᠭᠡᠷ ᠦ᠋ᠨ ᠨᠦᠬᠦᠤᠨ ᠬᠥᠬᠡᠬᠣᠲᠠ᠂ ᠤᠯᠠᠭᠠᠨᠬᠠᠳᠠ᠂ ᠲᠦᠩᠯᠢᠶᠣᠤ᠂ ᠬᠥᠯᠦᠨ ᠪᠤᠢᠷ᠂ ᠪᠡᠭᠡᠵᠢᠩ ᠵᠡᠷᠭᠡ ᠭᠠᠵᠠᠷ ᠢᠶᠠᠷ ᠶᠠᠪᠤᠵᠤ ᠰᠠᠨᠠᠯ ᠬᠤᠷᠢᠶᠠᠭᠰᠠᠨ ᠪᠥᠭᠡᠳ 2001 ᠣᠨ ᠳ᠋ᠤ᠌ ᠯᠢᠶᠣᠤᠨᠢᠩ ᠮᠤᠵᠢ ᠳᠤ ᠬᠤᠷᠠᠯᠳᠤᠠᠠᠰᠠᠨ ᠳᠤᠮᠳᠠᠳᠤ ᠤᠯᠤᠰ ᠤᠨ ᠮᠣᠩᠭᠤᠯ ᠭᠡᠯᠡ ᠪᠢᠴᠢᠭ ᠦ᠋ᠨ ᠰᠢᠨᠵᠢᠯᠡᠭᠡᠨ ᠦ᠌ ᠨᠡᠢᠭᠡᠮᠯᠢᠭ ᠦ᠋ᠨ ᠶᠢᠰᠦᠳᠦᠭᠡᠷ ᠤᠳᠠᠭᠠᠨ ᠤ ᠡᠭᠡᠯᠵᠢᠲᠦ ᠬᠤᠷᠠᠯ ᠳᠡᠭᠡᠷ᠎ᠡ ᠨᠠᠢ᠍ᠮᠠᠨ ᠮᠤᠵᠢ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯᠳᠠᠤᠨ ᠠᠴᠠ ᠰᠠᠨᠠᠯ ᠠᠪᠴᠠᠢ᠃ ᠳᠡᠭᠡᠷᠡᠬᠢ ᠰᠠᠨᠠᠯ ᠬᠤᠷᠢᠶᠠᠭᠰᠠᠨ ᠪᠠᠢᠳᠠᠯ ᠢ ᠬᠤᠷᠢᠶᠠᠩᠭᠤᠢᠯᠠᠪᠠᠯ᠂ ᠨᠢᠭᠡᠳᠦᠯ ᠦᠭᠡᠢ ᠪᠢᠴᠢᠯᠭᠡ ᠶᠢ ᠨᠢᠭᠡᠳᠭᠡᠨ ᠳᠦᠷᠢᠮᠵᠢᠭᠦᠯᠬᠦ ᠪᠡᠷ ᠭᠣᠣᠯ ᠵᠣᠷᠢᠯᠲᠠ ᠪᠠᠨ ᠪᠣᠯᠭᠠᠭᠰᠠᠨ᠂ ᠳᠦᠷᠢᠮᠵᠢᠭᠦᠯᠦᠭᠰᠡᠨ ᠵᠠᠷᠴᠢᠮ ᠪᠠ ᠠᠷᠭ᠎ᠠ ᠨᠤᠭᠤᠳ ᠨᠢ ᠦᠨᠳᠦᠰᠦᠨ ᠳ᠋ᠡᠭᠡᠨ ᠣᠨᠤᠪᠴᠢᠲᠠᠢ ᠪᠤᠯᠤᠠᠠᠰᠠᠨ᠂ ᠵᠠᠷᠴᠢᠮ ᠪᠠ ᠪᠠᠷᠢᠮᠵᠢᠶ᠎ᠠ ᠪᠠᠨ ᠨᠠᠯᠢᠶᠠᠤᠨ ᠵᠥᠪ ᠰᠤᠩᠭᠤᠠᠠᠰᠠᠨ ᠭᠡᠵᠦ ᠣᠯᠠᠩᠬᠢ ᠬᠥᠮᠦᠰ ᠨᠤᠲᠠᠯᠠᠭᠰᠠᠨ ᠪᠠᠢᠨ᠎ᠠ᠃ ᠭᠡᠪᠡᠴᠦ ᠵᠠᠷᠢᠮ ᠦᠭᠡ ᠶᠢᠨ ᠪᠢᠴᠢᠯᠭᠡ ᠶᠢ ᠳᠦᠷᠢᠮᠵᠢᠭᠦᠯᠬᠦ ᠲᠠᠯ᠎ᠠ ᠪᠠᠷ᠂ ᠨᠠᠢᠷᠠᠭᠤᠯᠬᠤ ᠠᠵᠢᠯ ᠤᠨ ᠶᠠᠪᠤᠴᠠ ᠳᠤ ᠨᠢᠭᠡᠳᠦᠯ ᠦᠭᠡᠢ ᠵᠦᠢᠯ ᠭᠠᠷᠤᠠᠠᠰᠠᠨ ᠲᠠᠯ᠎ᠠ ᠪᠠᠷ᠂ ᠦᠭᠡᠰ ᠦ᠋ᠨ ᠰᠣᠩᠭᠤᠯᠲᠠ ᠳ᠋ᠤ᠌ ᠴᠥᠭᠡᠪᠦᠷ ᠦᠭᠡᠰ ᠭᠤᠭᠤᠵᠢᠠᠠᠳᠠᠭᠰᠠᠨ ᠭᠡᠬᠦ ᠮᠡᠲᠦ ᠶ᠋ᠢᠨ ᠡᠳᠦᠢ ᠲᠡᠳᠦᠢ ᠠᠯᠳᠠᠭ᠎ᠠ ᠲᠠᠰᠢᠶ᠎ᠠ ᠢᠯᠡᠷᠡᠭᠰᠡᠨ ᠶᠤᠮ᠃ ᠴᠠᠭᠠᠰᠢᠯᠠᠪᠠᠯ 《ᠲᠡᠭᠷᠢ ᠦᠭᠡᠢ ᠲᠣᠯᠢ》 (ᠡᠨᠡ ᠪᠣᠯ ᠨᠢᠭᠡ ᠵᠦᠢᠯ ᠦ᠋ᠨ ᠭᠦᠵᠢᠷᠯᠡᠯ ᠶᠤᠮ᠃ 《ᠲᠡᠭᠷᠢ》 ᠭᠡᠳᠡᠭ ᠦᠭᠡ ᠠᠩᠬᠠᠳᠠᠬᠢ ᠬᠡᠪᠯᠡᠯ ᠦ᠋ᠨ ᠳᠣᠣᠷᠠᠳᠤ ᠳᠡᠪᠲᠡᠷ ᠦ᠋ᠨ 1541 ᠳ᠋ᠤᠭᠡᠷ ᠨᠢᠭᠤᠷ ᠲᠤ ᠪᠤᠢ ᠪᠦᠭᠡᠤᠨ ᠮᠠᠨ ᠤ ᠲᠣᠯᠢᠨ ᠠ᠋ᠴᠠ ᠡᠮᠦᠨ᠎ᠡ ᠬᠡᠪᠯᠡᠭᠳᠡᠭᠰᠡᠨ 《ᠮᠣᠩᠭᠤᠯ ᠬᠡᠯᠡᠨ ᠦ᠌ ᠲᠣᠯᠢ》᠂ 《ᠮᠣᠩᠭᠤᠯ ᠬᠢᠳᠡᠤᠨ ᠲᠣᠯᠢ》 ᠳᠤ ᠪᠦᠷ tngri  ᠭᠡᠵᠦ ᠪᠢᠴᠢᠭ᠌ᠡᠤᠨ ᠲᠡᠷᠡ ᠶᠣᠰᠤᠴᠢᠯᠠᠨ ᠵᠢᠠᠠᠰᠠᠭᠠᠭᠰᠠᠨ ᠶᠤᠮ) ᠭᠡᠵᠦ ᠴᠤᠤ ᠲᠠᠯᠪᠢᠨ ᠱᠤᠤᠭᠢᠶᠠᠨ ᠲᠠᠲᠠᠭᠰᠠᠨ ᠵᠡᠷᠭᠡ ᠪᠠᠢᠳᠠᠯ ᠳᠤ ᠴᠢᠭᠯᠡᠭᠦᠯᠦᠨ 2002 ᠣᠨ ᠤ᠋ 9 ᠰᠠᠷ᠎ᠠ ᠶᠢᠨ16 — 18 ᠳᠤ 《ᠥᠪᠦᠷ ᠮᠣᠩᠭᠤᠯ ᠤ᠋ᠨ ᠡᠳᠦᠷ ᠦ᠋ᠨ ᠰᠣᠨᠢᠨ》 (ᠮᠣᠩᠭᠤᠯ᠂ ᠬᠢᠳᠡᠤᠨ ᠬᠡᠪᠯᠡᠯ) ᠳᠤ 《<ᠮᠣᠩᠭᠤᠯ ᠵᠥᠪ ᠪᠢᠴᠢᠯᠭᠡ ᠶᠢᠨ ᠲᠣᠯᠢ > ᠳᠤ ᠰᠠᠨᠠᠯ ᠬᠤᠷᠢᠶᠠᠬᠤ ᠵᠠᠷᠯᠠᠯ》 ᠨᠡᠢᠲᠡᠯᠡᠵᠦ᠂ ᠥᠷᠭᠡᠨ ᠬᠡᠪᠴᠢᠶ᠎ᠡ ᠪᠡᠷ ᠰᠠᠨᠠᠯ ᠬᠤᠷᠢᠶᠠᠭᠰᠠᠨ ᠪᠦᠭᠡᠤᠨ ᠦᠨᠳᠦᠰᠦᠲᠡᠨ ᠦ᠌ ᠪᠡᠨ ᠭᠡᠯᠡ ᠦᠰᠦᠭ ᠪᠢᠴᠢᠭ ᠲᠦ᠍ ᠬᠠᠢᠷᠠᠲᠠᠢ ᠡᠷᠳᠡᠮᠲᠡᠨ ᠮᠡᠷᠭᠡᠳ ᠦ᠋ᠨ ᠣᠶᠤᠨ ᠤᠬᠠᠭᠠᠨ᠂ ᠬᠦᠴᠦ ᠬᠥᠳᠡᠯᠮᠦᠷᠢ ᠪᠡᠷ ᠡᠰᠡᠨᠢᠵᠦ ᠪᠦᠲᠦᠭᠰᠡᠨ ᠡᠨᠡ ᠬᠦ ᠲᠣᠯᠢ ᠪᠢᠴᠢᠭ ᠢ᠋ᠶ᠋ᠡᠨ ᠤᠯᠠᠮ ᠴᠢᠨᠠᠷ ᠴᠢᠨᠰᠠᠭ᠎ᠠ ᠲᠠᠢ ᠵᠠᠰᠠᠵᠤ ᠬᠡᠪᠯᠡᠭᠦᠯᠬᠦ ᠪᠡᠷ ᠴᠢᠷᠮᠠᠢᠪᠠ᠃

2000 ᠣᠨ ᠤ᠋ 10 ᠰᠠᠷ᠎ᠠ ᠶᠢᠨ 31 ᠳᠤ ᠪᠠᠲᠤᠯᠠᠭᠳᠠᠭᠰᠠᠨ 《ᠪᠦᠭᠦᠳᠡ ᠨᠠᠢᠷᠠᠮᠳᠠᠬᠤ ᠳᠤᠮᠳᠠᠳᠤ ᠠᠷᠠᠤᠨ ᠤᠯᠤᠰ ᠤᠨ ᠤᠯᠤᠰ ᠤᠨ ᠨᠡᠢᠳᠡᠮ ᠬᠡᠷᠡᠭᠯᠡᠬᠦ ᠭᠡᠯᠡ ᠦᠰᠦᠭ ᠪᠢᠴᠢᠭ ᠦ᠋ᠨ ᠬᠠᠤᠯᠢ》 ᠶᠢᠨ ᠵᠣᠷᠢᠭ ᠰᠠᠨᠠᠭᠠᠨ ᠳᠤ ᠦᠨᠳᠦᠰᠦᠯᠡᠵᠦ᠂ 2000 ᠣᠨ ᠤ᠋ 12 ᠰᠠᠷ᠎ᠠ ᠶᠢᠨ 10 ᠳᠤ ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ᠂ ᠰᠤᠷᠭᠠᠨ ᠬᠥᠮᠦᠵᠢᠯ ᠦ᠋ᠨ ᠲᠢᠩᠬᠢᠮ᠂ ᠰᠣᠨᠢᠨ ᠮᠡᠳᠡᠭᠡ ᠬᠡᠪᠯᠡᠯ ᠦ᠋ᠨ ᠲᠣᠪᠴᠢᠶ᠎ᠠ᠂ ᠷᠠᠳᠢᠣ᠋ ᠲᠧᠯᠸᠢᠰ ᠺᠢᠨᠣ᠋ ᠬᠠᠮᠢᠶᠠᠷᠤᠯᠲᠠ ᠶ᠋ᠢᠨ ᠲᠣᠪᠴᠢᠶ᠎ᠠ ᠥᠪᠡᠷᠲᠡᠭᠡᠨ ᠵᠠᠰᠠᠬᠤ ᠣᠷᠤᠨ ᠤ ᠠᠷᠠᠤᠨ ᠤᠨ ᠵᠠᠰᠠᠭ ᠤᠨ ᠣᠷᠳᠤᠨ ᠳ᠋ᠤ᠌ 《ᠮᠣᠩᠭᠤᠯ ᠵᠥᠪ ᠪᠢᠴᠢᠯᠭᠡ ᠶᠢᠨ ᠲᠣᠯᠢ》 ᠶᠢ ᠨᠢᠭᠡᠳᠦᠯᠲᠡᠢ ᠬᠡᠷᠡᠭᠯᠡᠬᠦ ᠲᠤᠬᠠᠢ ᠰᠠᠨᠠᠯ ᠢᠶᠠᠨ ᠳᠡᠪᠰᠢᠭᠦᠯᠦᠨ ᠮᠡᠳᠡᠭᠦᠯᠦᠭᠰᠡᠨ ᠪᠦᠭᠡᠤᠨ 《<ᠮᠣᠩᠭᠤᠯ ᠵᠥᠪ ᠪᠢᠴᠢᠯᠭᠡ ᠶᠢᠨ ᠲᠣᠯᠢ > ᠪᠣᠯ ᠮᠣᠩᠭᠤᠯ ᠭᠡᠯᠡ ᠰᠢᠨᠵᠢᠯᠡᠯ ᠦ᠋ᠨ ᠡᠷᠳᠡᠮᠳᠡᠤᠨ ᠤᠨ ᠤᠷᠳᠤ ᠬᠤᠭᠤᠴᠠᠭ᠎ᠠ ᠪᠠᠷ ᠬᠤᠷᠠᠮᠳᠤᠭᠤᠯᠤᠠᠠᠰᠠᠨ ᠦᠨ᠎ᠡ ᠴᠠᠨ᠎ᠠ ᠲᠠᠢ ᠲᠤᠷᠰᠢᠯᠭ᠎ᠠ ᠨᠤᠭᠤᠳ ᠢ ᠰᠢᠩᠭᠡᠭᠡᠨ ᠠᠪᠤᠠᠠᠰᠠᠨ ᠪᠦᠭᠡᠤᠨ ᠨᠡᠢᠭᠡᠮ ᠦ᠋ᠨ ᠡᠯ᠎ᠡ ᠡᠳᠡᠭᠡᠤᠨ ᠤᠨ ᠰᠠᠨᠠᠯ ᠵᠥᠪᠯᠡᠯᠭᠡ ᠶ᠋ᠢ ᠥᠷᠭᠡᠨ ᠬᠡᠪᠴᠢᠶ᠎ᠡ ᠪᠡᠷ ᠬᠦᠯᠢᠶᠡᠨ ᠠᠪᠴᠤ ᠰᠤᠳᠤᠯᠵᠤ ᠰᠢᠨᠵᠢᠯᠡᠭᠰᠡᠨ ᠰᠠᠭᠤᠷᠢᠨ ᠳᠡᠭᠡᠷ᠎ᠡ ᠨᠠᠢᠷᠠᠭᠤᠯᠵᠤ ᠪᠤᠯᠪᠠᠰᠤᠷᠠᠭᠤᠯᠤᠠᠠᠰᠠᠨ ᠥᠷᠭᠡᠨ ᠳᠡᠯᠭᠡᠷᠡᠩᠭᠦᠢ ᠲᠥᠯᠦᠭᠡᠯᠡᠬᠦ ᠴᠢᠨᠠᠷ ᠪᠦᠬᠦᠢ ᠨᠠᠯᠢᠶᠠᠤᠨ ᠥᠨᠳᠦᠷ ᠬᠡᠮᠵᠢᠶᠡᠨ ᠦ᠌ ᠡᠷᠬᠡ ᠰᠦᠷᠲᠡᠢ ᠲᠣᠯᠢ ᠪᠢᠴᠢᠭ ᠮᠦᠨ᠃ ᠡᠭᠦᠨ ᠡᠴᠡ ᠬᠣᠢᠰᠢᠳᠠ ᠮᠠᠨ ᠤ ᠣᠷᠤᠨ ᠳ᠋ᠤ᠌ ᠬᠡᠪᠯᠡᠭᠳᠡᠬᠦ ᠪᠤᠢ ᠪᠦᠬᠦᠢ ᠮᠣᠩᠭᠤᠯ ᠨᠣᠮ ᠪᠢᠴᠢᠭ ᠰᠣᠨᠢᠨ ᠰᠡᠳᠭᠦᠯ᠂ ᠰᠤᠷᠬᠤ ᠪᠢᠴᠢᠭ ᠠᠯᠪᠠᠨ ᠪᠢᠴᠢᠭ ᠬᠢᠭᠡᠤᠨ ᠷᠠᠳᠢᠣ᠋ ᠺᠢᠨᠣ᠋ ᠲᠧᠯᠸᠢᠰ ᠦ᠋ᠨ ᠵᠣᠬᠢᠶᠠᠯ ᠪᠠ ᠨᠡᠢᠭᠡᠮ ᠦ᠋ᠨ ᠵᠠᠬ᠎ᠠ ᠵᠡᠭᠡᠯᠢ ᠳ᠋ᠦ᠍ ᠬᠡᠷᠡᠭᠯᠡᠬᠦ ᠮᠣᠩᠭᠤᠯ ᠦᠰᠦᠭ ᠦ᠋ᠨ ᠪᠢᠴᠢᠯᠭᠡ ᠶᠢᠨ ᠲᠢᠭ ᠬᠡᠯᠪᠡᠷᠢ ᠵᠡᠷᠭᠡ ᠴᠥᠮ <ᠮᠣᠩᠭᠤᠯ ᠵᠥᠪ ᠪᠢᠴᠢᠯᠭᠡ ᠶᠢᠨ ᠲᠣᠯᠢ > ᠪᠠᠷ ᠪᠠᠷᠢᠮᠵᠢᠶ᠎ᠠ ᠪᠣᠯᠭᠠᠬᠤ ᠬᠡᠷᠡᠭᠲᠡᠢ》 ᠭᠡᠵᠦ ᠴᠢᠬᠤᠯᠠᠴᠢᠯᠠᠨ ᠲᠤᠷᠠᠳᠤᠠᠠᠰᠠᠨ ᠪᠢᠯᠡ᠃

2001 ᠣᠨ ᠤ᠋ 2 ᠰᠠᠷ᠎ᠠ ᠶᠢᠨ 8 ᠳᠤ ᠥᠪᠡᠷᠲᠡᠭᠡᠨ ᠵᠠᠰᠠᠬᠤ ᠣᠷᠤᠨ ᠤ ᠠᠷᠠᠳ ᠤᠨ ᠵᠠᠰᠠᠭ ᠤᠨ ᠣᠷᠳᠤᠨ ᠤ᠋ ᠠᠯᠪᠠᠨ ᠲᠢᠩᠬᠢᠮ ᠥᠪᠦᠷ ᠵᠠᠰᠠᠭ ᠲᠢᠩᠬᠢᠮ ᠦᠰᠦᠭ [2001] 29 ᠳ᠋ᠤᠭᠡᠷ ᠲᠣᠭᠠᠲᠤ ᠪᠢᠴᠢᠭ ᠮᠠᠲ᠋ᠧᠷᠢᠶᠠᠯ ᠪᠠᠭᠤᠯᠭᠠᠵᠤ᠂ 《ᠡᠳᠦᠭᠡ ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ᠂ ᠰᠤᠷᠭᠠᠨ ᠬᠥᠮᠦᠵᠢᠯ ᠦ᠋ᠨ ᠲᠢᠩᠬᠢᠮ᠂ ᠰᠣᠨᠢᠨ ᠮᠡᠳᠡᠭᠡ ᠬᠡᠪᠯᠡᠯ ᠦ᠋ᠨ ᠲᠣᠪᠴᠢᠶ᠎ᠠ᠂ ᠷᠠᠳᠢᠣ᠋ ᠲᠧᠯᠸᠢᠰ ᠺᠢᠨᠣ᠋ ᠬᠠᠮᠢᠶᠠᠷᠤᠯᠲᠠ ᠶ᠋ᠢᠨ ᠲᠣᠪᠴᠢᠶᠠᠨ ᠤ᠋ <ᠮᠣᠩᠭᠤᠯ ᠵᠥᠪ ᠪᠢᠴᠢᠯᠭᠡ ᠶᠢᠨ ᠲᠣᠯᠢ > ᠶᠢ ᠨᠢᠭᠡᠳᠦᠯᠲᠡᠢ ᠬᠡᠷᠡᠭᠯᠡᠬᠦ ᠲᠤᠬᠠᠢ ᠰᠠᠨᠠᠯ ᠢ ᠵᠥᠪᠰᠢᠶᠡᠷᠡᠨ ᠪᠠᠳᠤᠯᠠᠭᠠᠤᠨ ᠲᠠ ᠨᠠᠷ ᠲᠤ ᠳᠠᠮᠵᠢᠭᠤᠯᠤᠨ ᠨᠡᠢᠲᠡᠯᠡᠯ᠎ᠡ᠂ ᠵᠢᠷᠤᠮᠯᠠᠨ ᠬᠡᠷᠡᠭᠵᠢᠭᠦᠯᠲᠦᠭᠡᠢ》 ᠭᠡᠵᠦ ᠵᠠᠷᠯᠠᠵᠠᠢ᠃

《ᠮᠣᠩᠭᠤᠯ ᠵᠥᠪ ᠪᠢᠴᠢᠯᠭᠡ ᠶᠢᠨ ᠲᠣᠯᠢ》 1999 ᠣᠨ ᠤ᠋ 12 ᠰᠠᠷ᠎ᠠ ᠳᠤ ᠬᠡᠪᠯᠡᠭᠳᠡᠭᠰᠡᠨ ᠡᠴᠡ ᠨᠠᠭᠠᠰᠢ ᠲᠣᠯᠢ ᠨᠠᠢᠷᠠᠭᠤᠯᠬᠤ ᠺᠣᠮᠢᠰ ᠤ᠋ᠨ  ᠬᠢᠨ ᠳᠡᠭᠡᠳᠦ ᠱᠠᠳᠤᠨ ᠤ ᠵᠢᠭᠠᠪᠤᠷᠢ ᠶᠢ ᠵᠢᠷᠤᠮᠯᠠᠨ ᠤᠭ ᠲᠤᠯᠢ ᠪᠠᠨ ᠵᠠᠰᠠᠵᠤ ᠰᠠᠢᠵᠢᠷᠠᠭᠤᠯᠬᠤ ᠠᠵᠢᠯ ᠢ ᠦᠷᠭᠦᠯᠵᠢᠯᠡᠨ ᠡᠷᠴᠢᠮᠲᠡᠢ ᠬᠢᠭᠰᠡᠭᠡᠷ ᠢᠷᠡᠭᠰᠡᠨ ᠶᠤᠮ᠃ 2000 ᠣᠨ ᠤ᠋ 3 ᠰᠠᠷ᠎ᠠ ᠶᠢᠨ 11 ᠳᠤ 《<ᠮᠣᠩᠭᠤᠯ ᠵᠥᠪ ᠪᠢᠴᠢᠯᠭᠡ ᠶᠢᠨ ᠲᠣᠯᠢ > ᠳᠤ ᠵᠠᠰᠠᠪᠤᠷᠢ ᠣᠷᠤᠭᠤᠯᠤᠨ ᠲᠠᠬᠢᠨ ᠬᠡᠪᠯᠡᠭᠦᠯᠬᠦ ᠲᠤᠬᠠᠢ ᠠᠵᠢᠯ ᠤᠨ ᠲᠣᠬᠢᠷᠠᠭᠤᠯᠭ᠎ᠠ》 ᠶᠢ ᠲᠤᠭᠤᠷᠪᠢᠨ ᠭᠠᠷᠭᠠᠵᠤ ᠳᠡᠭᠡᠭᠰᠢ ᠮᠡᠳᠡᠭᠦᠯᠪᠡ᠃ ᠡᠭᠦᠨ ᠳ᠋ᠦ᠍ ᠥᠪᠡᠷᠲᠡᠭᠡᠨ ᠵᠠᠰᠠᠬᠤ ᠣᠷᠤᠨ ᠤ ᠳᠡᠳ᠋ ᠲᠡᠷᠢᠭᠦᠯᠡᠭᠴᠢ ᠪᠠᠢᠠᠠᠰᠠᠨ ᠪᠤᠶᠠᠨᠳᠡᠯᠭᠡᠷ ᠨᠥᠬᠦᠷ 3 ᠰᠠᠷ᠎ᠠ ᠶᠢᠨ 22 ᠳᠤ ᠴᠣᠬᠤᠯᠲᠠ ᠪᠢᠴᠢᠵᠦ᠄ 《ᠡᠨᠡ ᠪᠣᠯ ᠮᠣᠩᠭᠤᠯ ᠭᠡᠯᠡ ᠪᠢᠴᠢᠭ ᠢ᠋ ᠰᠤᠷᠤᠯᠴᠠᠬᠤ᠂ ᠬᠡᠷᠡᠭᠯᠡᠬᠦ᠂ ᠬᠥᠭᠵᠢᠭᠦᠯᠬᠦ ᠦᠨᠳᠦᠰᠦᠨ ᠴᠢᠨᠠᠷᠲᠠᠢ ᠠᠵᠢᠯ ᠮᠦᠨ᠂ ᠭᠠᠷ ᠤᠨ ᠠᠪᠤᠯᠭ᠎ᠠ ᠶᠢᠨ ᠪᠢᠴᠢᠭ ᠪᠣᠯᠬᠣᠷ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ᠂ ᠰᠣᠨᠢᠨ ᠮᠡᠳᠡᠭᠡ ᠬᠡᠪᠯᠡᠯ ᠦ᠋ᠨ ᠲᠣᠪᠴᠢᠶ᠎ᠠ ᠦᠷᠭᠦᠯᠵᠢᠯᠡᠨ ᠳᠡᠮᠵᠢᠬᠦ ᠬᠡᠷᠡᠭᠲᠡᠢ》 ᠭᠡᠵᠡᠢ᠃ ᠲᠡᠷᠡ ᠴᠠᠭ ᠠᠴᠠ ᠲᠣᠯᠢ ᠨᠠᠢᠷᠠᠭᠤᠯᠬᠤ ᠺᠣᠮᠢᠰ ᠶᠠᠷᠢᠶᠠᠨ ᠤ ᠳᠠᠭᠤᠳᠠᠯᠭ᠎ᠠ ᠬᠠᠳᠠᠬᠤ ᠠᠵᠢᠯ ᠬᠢᠭᠡᠤᠨ ᠲᠣᠯᠢᠨ ᠤ᠋ ᠠᠩᠬᠠᠳᠠᠬᠢ ᠬᠡᠪᠯᠡᠯ ᠦ᠋ᠨ ᠲᠤᠬᠠᠢ ᠡᠯ᠎ᠡ ᠡᠳᠡᠭᠡᠤᠨ ᠤᠨ ᠰᠠᠨᠠᠯ ᠢ ᠬᠤᠷᠢᠶᠠᠵᠤ ᠴᠤᠠᠠᠯᠠᠭᠤᠯᠬᠤ ᠠᠵᠢᠯ ᠢ ᠬᠢᠵᠡᠢ᠃ 2000 ᠣᠨ ᠤ᠋ 7 ᠰᠠᠷ᠎ᠠ ᠶᠢᠨ 27 ᠳᠤ 《<ᠮᠣᠩᠭᠤᠯ ᠵᠥᠪ ᠪᠢᠴᠢᠯᠭᠡ ᠶᠢᠨ ᠲᠣᠯᠢ > ᠶᠢ ᠵᠠᠰᠠᠵᠤ ᠬᠡᠪᠯᠡᠭᠦᠯᠬᠦ ᠲᠤᠬᠠᠢ ᠪᠠᠢᠴᠠᠭᠠᠨ ᠰᠤᠳᠤᠯᠬᠤ ᠲᠣᠪᠴᠢ》 ᠪᠢᠴᠢᠵᠦ ᠭᠠᠷᠭᠠᠬᠤ ᠶᠢᠨ ᠳᠠᠭᠠᠤ ᠥᠪᠡᠷᠲᠡᠭᠡᠨ ᠵᠠᠰᠠᠬᠤ ᠣᠷᠤᠨ ᠤ ᠲᠡᠰ ᠦ᠋ᠨ ᠪᠠᠢᠭᠤᠯᠭ᠎ᠠ ᠨᠢᠭᠡᠴᠢ ᠪᠡᠷ ᠶᠠᠪᠤᠵᠤ ᠰᠠᠨᠠᠯ ᠬᠤᠷᠢᠶᠠᠭᠰᠠᠨ ᠪᠦᠭᠡᠤᠨ ᠲᠤᠰ ᠵᠢᠯ ᠦ᠋ᠨ 8 ᠰᠠᠷ᠎ᠠ ᠳᠤ ᠲᠣᠯᠢ ᠨᠠᠢᠷᠠᠭᠤᠯᠬᠤ ᠺᠣᠮᠢᠰ ᠤ᠋ᠨ ᠡᠷᠬᠢᠯᠡᠭᠴᠢ ᠰᠦᠷᠭᠡᠷᠡᠯᠲᠦ ᠶ᠋ᠢᠨ ᠳᠠᠭᠠᠭᠤᠯᠭ᠎ᠠ ᠪᠠᠷ ᠲᠠᠮᠤᠰᠦ᠋ᠷᠦᠩ᠂ ᠪᠠᠲᠤ᠂  ᠡᠾᠦ᠋ᠩ ᠮᠧᠢ ᠨᠠᠷ ᠪᠡᠭᠡᠵᠢᠩ ᠬᠢᠭᠡᠤᠨ ᠵᠢᠷᠢᠮ᠂ ᠵᠤᠤ ᠤᠳᠠ᠂ ᠬᠥᠯᠦᠨ ᠪᠤᠢᠷ ᠲᠤ ᠬᠦᠷᠴᠦ᠂ ᠲᠡᠨᠳᠡ ᠪᠠᠢᠭ᠎ᠠ ᠬᠡᠳᠦᠨ ᠬᠡᠪᠯᠡᠯ ᠦ᠋ᠨ ᠬᠣᠷᠢᠶ᠎ᠠ ᠪᠠᠷ ᠲᠥᠪᠯᠡᠨ ᠠᠢᠮᠠᠭ ᠤᠨ ᠲᠡᠰ ᠦ᠋ᠨ ᠰᠣᠨᠢᠨ ᠤ᠋ ᠬᠣᠷᠢᠶ᠎ᠠ᠂ ᠷᠠᠳᠢᠣ᠋ ᠨᠡᠪᠲᠡᠷᠡᠭᠦᠯᠭᠡ ᠪᠠ ᠲᠧᠯᠸᠢᠰ ᠬᠣᠷᠢᠶ᠎ᠠ᠂ ᠰᠣᠨᠢᠨ ᠰᠡᠳᠭᠦᠯ ᠦ᠋ᠨ ᠨᠠᠢᠷᠠᠭᠤᠯᠤᠠᠠᠴᠢ ᠬᠢᠭᠡᠤᠨ ᠰᠤᠷᠭᠠᠭᠤᠯᠢ ᠨᠤᠭᠤᠳ ᠤᠨ ᠬᠠᠮᠢᠶ᠎ᠠ ᠪᠦᠬᠦᠢ ᠬᠥᠮᠦᠰ ᠲᠡᠢ ᠭᠡᠳᠤ ᠬᠡᠳᠦᠨ ᠤᠳᠠᠭᠠᠨ ᠤ ᠰᠠᠭᠤᠳᠠᠯ ᠤᠨ ᠬᠤᠷᠠᠯ ᠬᠤᠷᠠᠯᠳᠤᠭᠤᠯᠵᠤ᠂ ᠰᠠᠨᠠᠯ ᠵᠥᠪᠯᠡᠯᠭᠡ ᠶ᠋ᠢ  ᠨᠢ ᠰᠣᠨᠤᠰᠴᠤ᠂ ᠨᠠᠷᠢᠨ ᠨᠢᠠᠠᠳᠠ ᠲᠡᠮᠳᠡᠭᠯᠡᠯ ᠬᠢᠵᠦ ᠠᠪᠴᠢᠷᠠᠵᠠᠢ᠃ 2002 ᠣᠨ ᠤ᠋ 9 ᠰᠠᠷ᠎ᠠ ᠶᠢᠨ 16 — 18 ᠳᠤ 《ᠥᠪᠦᠷ ᠮᠣᠩᠭᠤᠯ ᠤ᠋ᠨ ᠡᠳᠦᠷ ᠦ᠋ᠨ ᠰᠣᠨᠢᠨ》 ᠤ ᠮᠣᠩᠭᠤᠯ᠂ ᠬᠢᠳᠡᠤᠨ ᠬᠡᠪᠯᠡᠯ ᠳ᠋ᠦ᠍ 《<ᠮᠣᠩᠭᠤᠯ ᠵᠥᠪ ᠪᠢᠴᠢᠯᠭᠡ ᠶᠢᠨ ᠲᠣᠯᠢ > ᠳᠤ ᠰᠠᠨᠠᠯ ᠬᠤᠷᠢᠶᠠᠬᠤ ᠵᠠᠷᠯᠠᠯ》 ᠨᠡᠢᠲᠡᠯᠡᠵᠦ ᠰᠠᠨᠠᠯ ᠬᠤᠷᠢᠶᠠᠬᠤ ᠥᠷᠨᠢᠯᠲᠡ ᠭᠠᠷᠭᠠᠵᠤ ᠪᠢᠯᠡ᠃

ᠥᠷᠭᠡᠨ ᠬᠡᠪᠴᠢᠶ᠎ᠡ ᠪᠡᠷ ᠰᠠᠨᠠᠯ ᠬᠤᠷᠢᠶᠠᠵᠤ᠂ ᠨᠠᠷᠢᠨ ᠬᠢᠨᠠᠮᠠᠭᠠᠢ ᠪᠠᠢᠴᠠᠭᠠᠨ ᠰᠤᠳᠤᠯᠤᠠᠠᠰᠠᠨ ᠤ ᠰᠠᠭᠤᠷᠢᠨ ᠳᠡᠭᠡᠷ᠎ᠡ ᠲᠣᠯᠢ ᠨᠠᠢᠷᠠᠭᠤᠯᠬᠤ ᠺᠣᠮᠢᠰ ᠤ᠋ᠨ ᠠᠯᠪᠠᠨ ᠭᠡᠷ ᠦ᠋ᠨ  ᠬᠢᠨ 《<ᠮᠣᠩᠭᠤᠯ ᠵᠥᠪ ᠪᠢᠴᠢᠯᠭᠡ ᠶᠢᠨ ᠲᠣᠯᠢ> ᠶᠢ ᠵᠠᠰᠠᠵᠤ ᠨᠠᠢᠷᠠᠭᠤᠯᠬᠤ ᠲᠤᠬᠠᠢ ᠰᠠᠨᠠᠯ》 ᠢ ᠲᠤᠭᠤᠷᠪᠢᠵᠤ᠂ ᠵᠠᠰᠠᠵᠤ ᠨᠠᠢᠷᠠᠭᠤᠯᠬᠤ ᠠᠵᠢᠯ ᠢᠶᠠᠨ ᠲᠥᠰᠦᠪ ᠲᠥᠯᠦᠪᠯᠡᠭᠡ ᠲᠡᠢ᠂ ᠠᠯᠬᠤᠮ ᠳᠠᠷᠠᠭ᠎ᠠ ᠲᠠᠢ ᠵᠣᠬᠢᠶᠠᠨ ᠪᠠᠢᠭᠤᠯᠤᠠᠠᠰᠠᠨ ᠪᠦᠭᠡᠤᠨ ᠫᠷᠣᠹᠧᠰᠰᠣᠷ  ᠨᠠ᠊ · ᠭᠤᠨᠴᠤᠠᠠᠰᠦ᠋ᠷᠤᠩ ᠢ ᠲᠤᠰᠭᠠᠢᠯᠠᠨ ᠤᠷᠢᠵᠤ᠂ ᠲᠣᠯᠢ ᠨᠠᠢᠷᠠᠭᠤᠯᠬᠤ ᠺᠣᠮᠢᠰ ᠤ᠋ᠨ ᠠᠯᠪᠠᠨ ᠭᠡᠷ ᠦ᠋ᠨ ᠨᠦᠬᠦᠤᠨ ᠲᠤ ᠬᠠᠮᠵᠢᠭᠤᠯᠤᠨ 《<ᠮᠣᠩᠭᠤᠯ ᠵᠥᠪ ᠪᠢᠴᠢᠯᠭᠡ ᠶᠢᠨ ᠲᠣᠯᠢ > ᠳᠤ ᠵᠠᠰᠠᠯᠲᠠ ᠣᠷᠤᠭᠤᠯᠬᠤ ᠲᠥᠰᠦᠯ》 ᠢ ᠪᠢᠴᠢᠭᠦᠯᠵᠦ᠂ ᠵᠠᠰᠠᠪᠤᠷᠢ ᠣᠷᠤᠭᠤᠯᠬᠤ ᠬᠥᠲᠦᠯᠪᠦᠷᠢ ᠪᠣᠯᠭᠠᠵᠠᠢ᠃ ᠤᠷᠳᠤ ᠬᠤᠭᠤᠴᠠᠭ᠎ᠠ ᠪᠠᠷ ᠵᠠᠰᠠᠪᠤᠷᠢᠯᠠᠨ ᠨᠠᠢᠷᠠᠭᠤᠯᠬᠤ ᠶᠠᠪᠤᠴᠠ ᠳᠠᠭᠠᠨ ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ ᠦ᠋ᠨ ᠪᠢᠴᠢᠭ ᠮᠠᠲ᠋ᠧᠷᠢᠶᠠᠯ (ᠭᠡᠯᠡ ᠦᠰᠦᠭ [1986] 4 ᠳ᠋ᠤᠭᠡᠷ ᠲᠣᠭᠠᠲᠤ) ᠪᠣᠯᠤᠨ ᠥᠪᠡᠷᠲᠡᠭᠡᠨ ᠵᠠᠰᠠᠬᠤ ᠣᠷᠤᠨ ᠤ ᠠᠷᠠᠤᠨ ᠤᠨ ᠵᠠᠰᠠᠭ ᠤᠨ ᠣᠷᠳᠤᠨ ᠤ᠋ ᠠᠯᠪᠠᠨ ᠲᠢᠩᠬᠢᠮ ᠦ᠋ᠨ ᠪᠢᠴᠢᠭ ᠮᠠᠲ᠋ᠧᠷᠢᠶᠠᠯ (ᠥᠪᠦᠷ ᠵᠠᠰᠠᠭ ᠲᠢᠩᠬᠢᠮ ᠦᠰᠦᠭ [2001] 29 ᠳ᠋ᠤᠭᠡᠷ ᠲᠣᠭᠠᠲᠤ) ᠤᠨ ᠵᠣᠷᠢᠭ ᠰᠠᠨᠠᠭ᠎ᠠ ᠶᠢ ᠴᠢᠩᠭ᠎ᠠ ᠵᠢᠷᠤᠮᠯᠠᠵᠤ᠂ ᠵᠥᠪ ᠪᠢᠴᠢᠯᠭᠡ ᠶᠢᠨ ᠺᠣᠮᠢᠰ ᠤ᠋ᠨ ᠠᠩᠬᠠᠳᠤᠭᠠᠷ ᠬᠤᠷᠠᠯ (1998 ᠣᠨ ᠤ᠋ 10 ᠰᠠᠷ᠎ᠠ ᠶᠢᠨ 21 — 30 ᠤ ᠡᠳᠦᠷ) ᠳᠡᠭᠡᠷ᠎ᠡ ᠶᠠᠷᠢᠯᠴᠠᠨ ᠪᠠᠲᠤᠯᠠᠭᠰᠠᠨ 2000 ᠭᠠᠷᠤᠢ ᠦᠭᠡ ᠶᠢᠨ ᠳᠦᠷᠢᠮᠵᠢᠭᠦᠯᠦᠭᠰᠡᠨ ᠪᠢᠴᠢᠯᠭᠡ ᠶᠢ ᠮᠥᠷᠳᠡᠨ ᠪᠠᠷᠢᠮᠲᠠᠯᠠᠭᠰᠠᠭᠠᠷ ᠢᠷᠡᠭᠰᠡᠨ ᠶᠤᠮ᠃ ᠵᠥᠪ ᠪᠢᠴᠢᠯᠭᠡ ᠶᠢᠨ ᠺᠣᠮᠢᠰ ᠤ᠋ᠨ ᠰᠠᠨᠠᠯ ᠢ ᠡᠷᠬᠢᠮᠯᠡᠨ ᠬᠦᠨᠳᠦᠳᠭᠡᠵᠦ᠂ ᠵᠠᠰᠠᠭ ᠵᠠᠬᠢᠷᠭᠠᠨ ᠤ ᠢᠲᠡᠭᠡᠯ ᠬᠦᠡᠳᠤ ᠶᠢ ᠬᠠᠮᠠᠭᠠᠯᠠᠬᠤ ᠪᠠ ᠪᠢᠴᠢᠯᠭᠡ ᠶᠢᠨ ᠰᠠᠮᠠᠭᠤᠷᠠᠯ ᠭᠠᠷᠬᠤ ᠠᠴᠠ ᠰᠡᠷᠭᠡᠢᠯᠡᠬᠦ ᠶᠢᠨ ᠲᠤᠰᠠᠳᠠ ᠤᠤᠯ ᠤᠨ ᠳᠦᠷᠢᠮᠵᠢᠭᠦᠯᠦᠭᠰᠡᠨ ᠪᠢᠴᠢᠯᠭᠡ ᠨᠦᠭᠦᠳ ᠢ ᠤᠭ ᠬᠡᠪ ᠢ᠋ᠶ᠋ᠡᠷ  ᠨᠢ ᠦᠯᠡᠳᠡᠭᠡᠪᠡ᠃ ᠭᠡᠪᠡᠴᠦ ᠢᠯᠡᠳᠲᠡ ᠪᠤᠷᠤᠭᠤ ᠪᠤᠯᠤᠠᠠᠰᠠᠨ ᠣᠨᠴᠠᠭᠠᠢ ᠬᠡᠳᠦᠨ ᠦᠭᠡ (ᠪᠠᠢᠮ᠂ ᠴᠠᠳᠭᠤᠬᠤ᠂ ᠦᠵᠡᠭᠦᠯᠦᠯᠭᠡ ᠮᠡᠲᠦ) ᠶᠢᠨ ᠪᠢᠴᠢᠯᠭᠡ ᠶᠢ ᠵᠠᠰᠠᠵᠤ ᠵᠥᠪᠲᠦᠭᠡᠬᠦ᠂ 《ᠡᠢᠮᠦᠷᠬᠦᠦ ⇒ ᠡᠢᠮᠦᠷᠬᠡᠦ᠂ ᠲᠡᠢᠮᠦᠷᠬᠦᠦ ⇒ ᠲᠡᠢᠮᠦᠷᠬᠡᠦ》 ᠭᠡᠵᠦ ᠲᠠᠬᠢᠵᠤ ᠳᠦᠷᠢᠮᠵᠢᠭᠦᠯᠬᠦ ᠲᠤᠬᠠᠢ ᠳᠤᠷᠠᠳᠤᠯᠭ᠎ᠠ ᠭᠠᠷᠭᠠᠬᠤ ᠶᠢᠨ ᠬᠠᠮᠲᠤ ᠵᠠᠷᠢᠮ ᠬᠥᠮᠦᠰ ᠦ᠋ᠨ ᠰᠠᠨᠠᠯ ᠲᠥᠪᠯᠡᠷᠡᠵᠦ ᠮᠠᠷᠭᠤᠭᠠᠨ ᠶᠠᠷᠭᠢᠶᠠᠨ ᠪᠤᠯᠤᠠᠠᠰᠠᠭᠠᠷ ᠪᠠᠢᠭ᠎ᠠ 《ᠴᠠᠰᠢ ⇒ ᠴᠠᠭᠠᠰᠢ᠂  ᠨᠠᠰᠢ ⇒ ᠨᠠᠭᠠᠰᠢ᠂  ᠲᠤᠤᠱ ⇒ ᠲᠤᠭᠤᠰᠢ᠂ ᠰᠡᠷᠡᠯ ⇒ ᠰᠠᠭᠠᠷᠠᠯ᠂ ᠲᠤᠱᠠ ⇒ ᠲᠤᠰᠢᠶ᠎ᠠ᠂  ᠦᠷ ⇒ᠦᠤᠷ᠂  ᠠᠭᠱᠠᠨ ~ ᠭᠱᠠᠨ ⇒ ᠠᠭᠱᠠᠨ᠂ ᠯᠠᠭᠱᠠᠨ ~ ᠯᠠᠭᠰᠢᠨ ⇒ ᠯᠠᠭᠱᠠᠨ》 ᠭᠡᠬᠦ ᠮᠡᠲᠦ ᠶ᠋ᠢᠨ ᠴᠥᠭᠡᠪᠦᠷ ᠦᠭᠡ ᠶᠢᠨ ᠳᠦᠷᠢᠮᠵᠢᠭᠦᠯᠦᠭᠰᠡᠨ ᠪᠢᠴᠢᠯᠭᠡ ᠶᠢᠨ ᠲᠤᠬᠠᠢ ᠲᠣᠳᠤᠷᠬᠠᠢᠯᠠᠯᠲᠠ ᠪᠢᠴᠢᠵᠦ᠂ 2008 ᠣᠨ   9 ᠰᠠᠷ᠎ᠠ ᠶᠢᠨ 27 ᠳᠤ ᠵᠥᠪ ᠪᠢᠴᠢᠯᠭᠡ ᠶᠢᠨ ᠺᠣᠮᠢᠰ ᠲᠤ᠌ 《<ᠮᠣᠩᠭᠤᠯ ᠵᠥᠪ ᠪᠢᠴᠢᠯᠭᠡ ᠶᠢᠨ ᠲᠣᠯᠢ > ᠳᠤ ᠵᠠᠰᠠᠪᠤᠷᠢ ᠤᠷᠤᠭᠤᠯᠤᠠᠠᠰᠠᠨ ᠲᠤᠬᠠᠢ ᠬᠠᠷᠢᠭᠤ ᠮᠡᠳᠡᠭᠦᠯᠦᠯᠲᠡ》 ᠪᠣᠯᠭᠠᠨ ᠡᠷᠭᠦᠨ ᠳᠡᠪᠰᠢᠭᠦᠯᠪᠡ᠃ ᠰᠡᠭᠦᠯᠡᠷ  ᠨᠢ 2010 ᠣᠨ ᠤ᠋ 1 ᠰᠠᠷ᠎ᠠ ᠶᠢᠨ 14 ᠳᠤ ᠵᠥᠪ ᠪᠢᠴᠢᠯᠭᠡ ᠶᠢᠨ ᠺᠣᠮᠢᠰ ᠠᠯᠪᠠᠨ ᠪᠢᠴᠢᠭ ᠪᠠᠭᠤᠯᠭᠠᠨ ᠬᠠᠷᠢᠭᠤ ᠥᠭᠴᠡᠢ᠃ ᠲᠡᠭᠦᠨ ᠦ᠌ ᠭᠤᠷᠪᠠᠳᠤᠭᠠᠷ ᠵᠤᠷᠪᠤᠰ ᠲᠤ᠄ 《ᠪᠠᠢᠮ᠂ ᠡᠢᠮᠦᠷᠬᠦᠦ᠂ ᠲᠡᠢᠮᠦᠷᠬᠦᠦ》 ᠵᠡᠷᠭᠡ ᠦᠭᠡᠰ ᠢ ᠳᠡᠭᠡᠷ᠎ᠡ ᠲᠤᠷᠠᠳᠤᠠᠠᠰᠠᠨ ᠠᠯᠪᠠᠨ ᠮᠡᠳᠡᠭᠡᠨ ᠦ᠌ ᠶᠣᠰᠤ ᠪᠠᠷ 《ᠪᠠᠢᠮ᠂ ᠡᠢᠮᠦᠷᠬᠦᠦ᠂ ᠲᠡᠢᠮᠦᠷᠬᠦᠦ》 ᠭᠡᠵᠦ ᠳᠦᠷᠢᠮᠵᠢᠭᠦᠯᠵᠦ ᠬᠡᠷᠡᠭᠯᠡᠨ᠎ᠡ ᠭᠡᠰᠡᠨ ᠨᠢ ᠲᠤᠰ ᠭᠤᠷᠪᠠᠨ ᠦᠭᠡ ᠶᠢᠨ ᠪᠢᠴᠢᠯᠭᠡ ᠶᠢ ᠥᠭᠡᠷᠡᠴᠢᠯᠡᠬᠦ ᠶ᠋ᠢ ᠡᠰᠡ ᠵᠥᠪᠰᠢᠶᠡᠷᠡᠭᠰᠡᠨ ᠬᠡᠷᠡᠭ ᠶᠤᠮ᠃ ᠲᠡᠢᠨ ᠬᠦ ᠪᠢᠳᠡ ᠠᠯᠪᠠᠨ ᠪᠢᠴᠢᠭ ᠦ᠋ᠨ ᠵᠢᠭᠠᠪᠤᠷᠢ ᠶᠣᠰᠤ ᠪᠠᠷ ᠲᠡᠷᠡ ᠭᠤᠷᠪᠠᠨ ᠦᠭᠡ ᠶᠢᠨ ᠪᠢᠴᠢᠯᠭᠡ ᠶᠢ ᠬᠥᠳᠡᠯᠭᠡᠭᠰᠡᠨ ᠦᠭᠡᠢ᠃ ᠬᠠᠷᠢᠨ 《ᠠᠯᠠᠱᠠᠨ ⇒ ᠠᠯᠠᠱᠠ》 ᠭᠡᠵᠦ ᠥᠭᠡᠷᠡᠴᠢᠯᠡᠭᠰᠡᠨ ᠢ᠋ᠶ᠋ᠡᠨ ᠡ᠊ᠨᠳᠡ ᠣᠨᠴᠠᠯᠠᠨ ᠲᠡᠮᠳᠡᠭᠯᠡᠬᠦ ᠤᠴᠢᠷᠲᠠᠢ᠃

ᠠᠩᠬᠠᠳᠠᠬᠢ ᠬᠡᠪᠯᠡᠯ ᠳ᠋ᠦ᠍ ᠦᠭᠡᠰ ᠦ᠋ᠨ ᠪᠢᠴᠢᠯᠭᠡ ᠶᠢ ᠳᠦᠷᠢᠮᠵᠢᠭᠦᠯᠬᠦ ᠳ᠋ᠡᠭᠡᠨ ᠪᠢᠴᠢᠯᠭᠡ ᠣᠨᠳᠣᠣ ᠦᠭᠡ (ᠨᠢᠭᠡ ᠦᠭᠡ ᠶᠢᠨ ᠭᠡᠳᠤ ᠬᠡᠳᠦᠨ ᠪᠢᠴᠢᠯᠭᠡ) ᠶᠢ ᠨᠢᠭᠡᠳᠭᠡᠨ ᠳᠦᠷᠢᠮᠵᠢᠭᠦᠯᠬᠦ ᠪᠠ ᠨᠡᠢᠯᠡᠭᠦᠯᠵᠦ ᠰᠠᠯᠭᠠᠵᠤ ᠪᠢᠴᠢᠬᠦ ᠠᠰᠠᠭᠤᠳᠠᠯ ᠢ ᠰᠢᠢᠳᠪᠦᠷᠢᠯᠡᠬᠦ ᠪᠡᠷ ᠭᠣᠣᠯᠳᠠᠯᠭ᠎ᠠ ᠪᠣᠯᠭᠠᠭᠰᠠᠨ ᠪᠦᠭᠡᠤᠨ 《ᠲᠠᠩ ᠦᠭᠡ ᠶᠢᠨ ᠪᠢᠴᠢᠯᠭᠡ》᠂ 《ᠡᠭᠦᠰᠦᠮᠡᠯ ᠦᠭᠡ ᠶᠢᠨ ᠢᠵᠠᠭᠤᠷ ᠤᠨ ᠪᠢᠴᠢᠯᠭᠡ》᠂ 《ᠬᠣᠯᠪᠤᠬᠤ ᠡᠭᠡᠰᠢᠭ ᠦ᠋ᠨ ᠳᠦᠷᠢᠮ ᠪᠤᠶᠤ ᠦᠰᠦᠭ ᠨᠡᠮᠡᠭᠳᠡᠬᠦ ᠬᠠᠰᠤᠠᠠᠳᠠᠬᠤ ᠳᠦᠷᠢᠮ ᠡᠴᠡ ᠵᠥᠷᠢᠴᠡᠭᠰᠡᠨ ᠪᠢᠴᠢᠯᠭᠡ》᠂ 《ᠵᠢᠭᠡᠯᠡᠭᠡ ᠦᠭᠡ ᠶᠢᠨ ᠪᠢᠴᠢᠯᠭᠡ》 ᠵᠡᠷᠭᠡ ᠲᠠᠪᠤᠨ ᠵᠦᠢᠯ ᠦ᠋ᠨ ᠠᠭᠤᠯᠭ᠎ᠠ ᠶᠢ ᠪᠠᠭᠲᠠᠭᠠᠭᠰᠠᠨ ᠵᠠᠷᠴᠢᠮ ᠢ ᠲᠤᠠᠠᠳᠠᠭᠠᠭᠰᠠᠨ ᠶᠤᠮ᠃ ᠵᠥᠪ ᠪᠢᠴᠢᠯᠭᠡ ᠶᠢᠨ ᠺᠣᠮᠢᠰ ᠤ᠋ᠨ ᠠᠩᠬᠠᠳᠤᠭᠠᠷ ᠬᠤᠷᠠᠯ ᠳᠡᠭᠡᠷ᠎ᠡ 《ᠦᠭᠡᠰ ᠦ᠋ᠨ ᠪᠢᠴᠢᠯᠭᠡ ᠶᠢ ᠳᠦᠷᠢᠮᠵᠢᠭᠦᠯᠬᠦ ᠵᠠᠷᠴᠢᠮ》᠂ ᠢᠯᠠᠩᠭᠤᠶ᠎ᠠ 《ᠡᠭᠦᠰᠦᠮᠡᠯ ᠦᠭᠡ ᠶᠢᠨ ᠲᠠᠭᠠᠪᠤᠷᠢ ᠶᠢᠨ ᠪᠢᠴᠢᠯᠭᠡ ᠶᠢ ᠳᠦᠷᠢᠮᠵᠢᠭᠦᠯᠬᠦ ᠲᠤᠬᠠᠢ》 23 ᠵᠤᠷᠪᠤᠰ ᠢ ᠶᠠᠷᠢᠯᠴᠠᠵᠤ ᠠᠮᠵᠢᠠᠠᠰᠠᠨ ᠦᠭᠡᠢ ᠤᠷᠬᠢᠭᠠᠤᠨ ᠵᠥᠪᠬᠡᠨ ᠳᠦᠷᠢᠮᠵᠢᠭᠦᠯᠬᠦ ᠦᠭᠡᠰ ᠢ ᠵᠢᠠᠠᠰᠠᠭᠠᠯᠳᠠ ᠶᠣᠰᠤ ᠪᠠᠷ ᠲᠣᠯᠤᠭᠠᠢ ᠳᠠᠷᠠᠭᠠᠯᠠᠨ ᠶᠠᠷᠢᠯᠴᠠᠨ ᠪᠠᠲᠤᠯᠠᠵᠠᠢ᠃ ᠡᠭᠦᠨ ᠦ᠌ ᠬᠠᠷᠠᠭ᠎ᠠ ᠪᠠᠷ ᠵᠠᠷᠢᠮ ᠡᠭᠦᠰᠦᠮᠡᠯ ᠦᠭᠡ ᠶᠢᠨ ᠲᠠᠭᠠᠪᠤᠷᠢ ᠶᠢᠨ ᠪᠢᠴᠢᠯᠭᠡ ᠨᠢ ᠬᠣᠭᠤᠷᠤᠨᠳᠤ ᠪᠠᠨ ᠠᠳᠠᠯᠢ ᠦᠭᠡᠢ ᠪᠤᠯᠤᠠᠠᠰᠠᠨ ᠪᠠᠢᠪᠠ᠃ ᠵᠢᠱ᠌ᠢᠶᠡᠯᠡᠪᠡᠯ᠄ 《ᠡᠭᠦᠪᠡᠷ ⇒ ᠡᠭᠦᠨ ᠢ᠋ᠶ᠋ᠡᠷ》 ᠭᠡᠵᠦ ᠲᠦᠷᠢᠮᠵᠢᠬᠦᠯᠦᠭᠡᠤᠨ 《ᠡᠷᠲᠡᠪᠡᠷ (ᠡᠷᠲᠡ ᠪᠡᠷ)᠂ ᠪᠤᠯᠲᠤᠭᠠᠷ (ᠪᠤᠯᠲᠤ ᠪᠠᠷ)》 ᠭᠡᠵᠦ ᠠᠪᠤᠠᠠᠰᠠᠨ ᠮᠡᠲᠦ᠃ ᠲᠤᠰᠪᠤᠷᠢ ᠶᠢ 《ᠲᠤᠰ ᠪᠦᠷᠢ》 ᠭᠡᠵᠦ ᠰᠠᠯᠭᠠᠭᠠᠤᠨ 《ᠨᠢᠭᠡᠪᠦᠷᠢ》 ᠶᠢ ᠨᠡᠢᠯᠡᠩᠬᠢ ᠬᠡᠪ ᠢ᠋ᠶ᠋ᠡᠷ  ᠨᠢ ᠦᠯᠡᠳᠡᠭᠡᠭᠰᠡᠨ ᠡᠴᠡ ᠨᠢᠭᠡᠳᠦᠯ ᠦᠭᠡᠢ ᠪᠢᠴᠢᠯᠭᠡ ᠪᠤᠢ ᠪᠣᠯᠵᠠᠢ᠃ ᠪᠠᠰᠠ ᠵᠢᠱ᠌ᠢᠶᠡᠯᠡᠪᠡᠯ᠄ 《᠊ᠷᠠᠬᠤ᠂ ᠊ᠷᠬᠤ᠂ ᠊ᠷᠬᠤᠤ (᠊ᠷᠭᠡᠤ᠂ ᠊ᠷᠬᠦ᠂ ᠊ᠷᠬᠦᠦ)》 ᠭᠡᠬᠦ ᠭᠤᠷᠪᠠᠨ ᠵᠦᠢᠯ ᠦ᠋ᠨ ᠪᠢᠴᠢᠯᠭᠡ ᠲᠡᠢ ᠲᠠᠭᠠᠪᠤᠷᠢ ᠶᠢ 《᠊ᠷᠬᠠ᠊ + ᠊ᠭᠤ (᠊ᠷᠭᠡ᠊ + ᠊ᠬᠦᠦ)》 ᠢᠷᠡᠯᠲᠡ ᠲᠡᠢ ᠨᠡᠢᠯᠡᠮᠡᠯ ᠲᠠᠭᠠᠪᠤᠷᠢ ᠭᠡᠵᠦ ᠦᠵᠡᠭᠡᠤᠨ 《᠊ᠷᠠᠬᠤ (᠊ᠷᠭᠡᠤ)》 ᠬᠡᠯᠪᠡᠷᠢ ᠪᠡᠷ ᠨᠢᠭᠡᠳᠭᠡᠨ ᠳᠦᠷᠢᠮᠵᠢᠭᠦᠯᠬᠦ ᠵᠠᠷᠴᠢᠮ ᠢ ᠲᠤᠠᠠᠳᠠᠭᠠᠭᠰᠠᠨ (ᠭᠡᠯᠡ ᠦᠰᠦᠭ [1986] 4 ᠳ᠋ᠤᠭᠡᠷ ᠲᠣᠭᠠᠲᠤ ᠪᠢᠴᠢᠭ ᠮᠠᠲ᠋ᠧᠷᠢᠶᠠᠯ ᠳᠤ) ᠪᠠᠢᠲᠠᠯ᠎ᠠ ᠪᠠᠨ 《ᠡᠢᠮᠦᠷᠬᠦᠦ᠂ ᠲᠡᠢᠮᠦᠷᠬᠦᠦ》 ᠭᠡᠬᠦ ᠪᠢᠴᠢᠯᠭᠡ ᠦᠯᠡᠳᠡᠭᠡᠭᠰᠡᠨ ᠮᠡᠲᠦ᠃  《᠊ᠨ᠋᠊᠂ ᠊ᠮ᠊᠂ ᠊ᠩ᠊》  ᠭᠡᠢᠭᠦᠯᠦᠭᠴᠢ ᠶ᠋ᠢᠨ ᠳᠠᠷᠠᠭ᠎ᠠ ᠤᠷᠤᠠᠠᠰᠠᠨ 《᠊ᠯᠠ᠊》 ᠲᠠᠭᠠᠪᠤᠷᠢ ᠶᠢ 《᠊ᠨᠠ᠊》 ᠪᠣᠯᠭᠠᠬᠤ ᠪᠠᠷ ᠲᠤᠠᠠᠳᠠᠭᠠᠭᠰᠠᠨ ᠪᠣᠯᠪᠠᠴᠤ ᠬᠤᠷᠠᠯ ᠳᠡᠭᠡᠷ᠎ᠡ ᠪᠣᠳᠠᠲᠠᠢ ᠦᠭᠡᠰ ᠢ ᠰᠢᠪᠲᠤᠷᠠᠨ ᠶᠠᠷᠢᠯᠴᠠᠭᠰᠠᠨ ᠤ ᠳ᠋ᠦᠩ ᠳ᠋ᠦ᠍ ᠬᠤᠶᠠᠷ ᠵᠦᠢᠯ ᠢ᠋ᠶ᠋ᠡᠷ ᠠᠪᠬᠤ ᠪᠤᠯᠤᠠᠠᠰᠠᠨ ᠤ ᠤᠴᠢᠷ ᠠᠴᠠ ᠨᠠᠢᠷᠠᠭᠤᠯᠬᠤ ᠶᠠᠪᠤᠴᠠ ᠳᠠᠭᠠᠨ ᠪᠢᠳᠡ ᠠᠷᠭ᠎ᠠ ᠪᠠᠷᠠᠭᠳᠠᠵᠤ᠂ ᠭᠡᠷᠡᠭᠯᠡᠭᠳᠡᠬᠦᠨ ᠪᠣᠯᠭᠠᠭᠰᠠᠨ ᠲᠤᠯᠢ ᠨᠤᠭᠤᠳ ᠲᠤ ᠬᠡᠷᠪᠡ 《᠊ᠯᠠ᠊ ᠊ᠨᠠ᠊》 ᠬᠤᠶᠠᠷ ᠶᠠᠩᠵᠤ ᠪᠠᠷ ᠪᠢᠴᠢᠭᠳᠡᠵᠦ ᠪᠠᠢᠪᠠᠯ 《᠊ᠨᠠ᠊》 ᠪᠣᠯᠭᠠᠨ ᠨᠢᠭᠡᠳᠭᠡᠵᠦ (ᠬᠢᠯᠢᠩᠨᠡᠬᠦ᠂ ᠬᠠᠷᠠᠮᠨᠠᠬᠤ ᠮᠡᠲᠦ)᠂ ᠪᠦᠷ ᠨᠢᠭᠡ ᠯᠡ ᠬᠡᠯᠪᠡᠷᠢ ᠪᠡᠷ ᠪᠢᠴᠢᠭ᠌ᠳᠡᠭᠡᠤᠨ ᠢᠷᠡᠭᠰᠡᠨ ᠪᠠᠢᠪᠠᠯ (ᠵᠢᠷᠤᠮᠯᠠᠬᠤ᠂ ᠡᠷᠬᠢᠮᠯᠡᠬᠦ ᠮᠡᠲᠦ) ᠲᠡᠷᠡ ᠴᠢᠭ ᠢ᠋ᠶ᠋ᠡᠷ  ᠨᠢ ᠠᠪᠤᠠᠠᠰᠠᠨ ᠠᠴᠠ ᠲᠠᠭᠠᠪᠤᠷᠢ ᠶᠢᠨ ᠪᠢᠴᠢᠯᠭᠡ ᠠᠳᠠᠯᠢ ᠦᠭᠡᠢ ᠪᠣᠯᠤᠭᠰᠠᠨ ᠪᠢᠯᠡ᠃ ᠮᠦᠨ ᠠᠳᠠᠯᠢ ᠪᠠᠷ ᠤᠷᠤᠭᠤᠯᠰᠢᠵᠤ᠂ ᠬᠤᠪᠢᠯᠪᠤᠷᠢ ᠲᠠᠢ ᠪᠤᠯᠤᠠᠠᠰᠠᠨ ᠵᠠᠷᠢᠮ ᠪᠢᠴᠢᠯᠭᠡ ᠶᠢ ᠬᠤᠪᠢᠷᠠᠭᠠᠭᠰᠠᠨ ᠪᠣᠯᠪᠠᠴᠤ ᠲᠤᠭᠤᠰᠢᠲᠠᠢ ᠰᠡᠷᠭᠦᠭᠡᠵᠦ ᠡᠰᠡ ᠴᠢᠳᠠᠭᠰᠠᠨ ᠠᠴᠠ ᠬᠤᠶᠠᠷ ᠣᠨᠳᠣᠣ ᠪᠢᠴᠢᠯᠭᠡ ᠦᠯᠡᠳᠡᠵᠡᠢ᠃ ᠡᠨᠡ ᠲᠤᠬᠠᠢ ᠳᠡᠭᠡᠳᠦ ᠱᠠᠳᠤᠨ ᠤ ᠲᠣᠳᠤᠷᠬᠠᠢ ᠵᠢᠭᠠᠪᠤᠷᠢ ᠦᠭᠡᠢ ᠲᠤᠯᠠ ᠵᠠᠰᠠᠪᠤᠷᠢ ᠣᠷᠤᠭᠤᠯᠬᠤ ᠳ᠋ᠠᠭᠠᠨ ᠪᠢᠳᠡ ᠪᠣᠯᠭᠤᠮᠵᠢᠯᠠᠨ ᠤᠭ ᠶᠣᠰᠤ ᠪᠠᠷ  ᠨᠢ ᠠᠪᠴᠠᠢ᠃ ᠭᠡᠪᠡᠴᠦ ᠮᠡᠳᠡᠭᠳᠡᠬᠦᠢᠴᠡ ᠢᠯᠡᠷᠬᠡᠢ ᠠᠯᠳᠠᠭ᠎ᠠ ᠲᠠᠢ ᠪᠢᠴᠢᠯᠭᠡ ᠶᠢ ᠵᠠᠰᠠᠵᠤ ᠵᠥᠪᠲᠦᠭᠡᠬᠦ ᠪᠡᠷ ᠬᠢᠴᠢᠶᠡᠭᠰᠡᠨ ᠪᠦᠭᠡᠤᠨ ᠦᠭᠡ ᠶᠢᠨ ᠪᠦᠲᠦᠴᠡ ᠶ᠋ᠢᠨ ᠵᠠᠳᠠᠯᠤᠯᠲᠠ ᠳ᠋ᠤ᠌ ᠭᠠᠷᠤᠠᠠᠰᠠᠨ ᠲᠠᠰᠢᠶᠠᠷᠠᠯ ᠢ᠋ ᠠᠩᠬᠠᠷᠤᠯ ᠳᠠᠭᠠᠨ ᠠᠪᠴᠤ᠂ ᠬᠡᠯᠡᠨ ᠦ᠌ ᠡᠷᠳᠡᠮᠲᠡᠨ ᠢ᠋ ᠤᠷᠢᠵᠤ ᠵᠠᠰᠠᠯᠲᠠ ᠣᠷᠤᠭᠤᠯᠤᠨ ᠨᠢᠭᠡᠳᠭᠡᠵᠦ (ᠳᠣᠯᠤᠳᠤᠭᠠᠷ ᠢ᠋ ᠵᠢᠷᠭᠤᠳᠤᠭᠠᠷ ᠲᠠᠢ ᠠᠳᠠᠯᠢ ᠪᠠᠷ 《ᠲᠤᠯᠤᠭᠠ᠊ + ᠊ᠳᠤᠭᠠᠷ》 ᠭᠡᠵᠦ ᠵᠠᠰᠠᠵᠤ ᠨᠢᠭᠡᠳᠭᠡᠭᠰᠡᠨ ᠮᠡᠲᠦ)᠂ ᠬᠠᠷᠭᠤᠭᠤᠯᠭ᠎ᠠ ᠶᠢᠨ ᠶᠠᠪᠤᠴᠠ ᠳᠤ ᠭᠠᠷᠤᠠᠠᠰᠠᠨ ᠵᠠᠷᠢᠮ ᠠᠯᠳᠠᠭ᠎ᠠ ᠪᠠ ᠲᠠᠰᠢᠶ᠎ᠠ ᠪᠢᠴᠢᠯᠭᠡ ᠶᠢ ᠡᠨᠡ ᠤᠳᠠᠭ᠎ᠠ ᠲᠤᠭᠤᠰᠢᠲᠠᠢ ᠵᠠᠯᠠᠷᠠᠭᠤᠯᠵᠤ ᠵᠥᠪᠲᠦᠭᠡᠬᠦ ᠪᠡᠷ ᠴᠢᠷᠮᠠᠢᠪᠠ᠃ ᠵᠢᠱ᠌ᠢᠶᠡᠯᠡᠪᠡᠯ᠄ 《ᠣᠣᠷᠴᠤᠭ ⇒ ᠣᠭᠤᠷᠴᠤᠭ᠂ ᠪᠠᠭ᠋ᠠᠨ ⇒ ᠪᠠᠭᠠᠬᠠᠨ᠂ ᠣᠯᠢᠤ ⇒ ᠣᠯᠢᠭᠤ》 ᠭᠡᠵᠦ ᠳᠦᠷᠢᠮᠵᠢᠭᠦᠯᠦᠭᠰᠡᠨ ᠵᠤᠷᠪᠤᠰ ᠪᠠᠢᠪᠠᠴᠤ 《ᠣᠭᠤᠷᠴᠤᠭ᠂ ᠪᠠᠭᠠᠬᠠᠨ᠂ ᠣᠯᠢᠭᠤ》 ᠮᠡᠲᠦ ᠶ᠋ᠢᠨ ᠲᠦᠷᠢᠮᠵᠢᠭᠳᠡᠭᠰᠡᠨ ᠪᠢᠴᠢᠯᠭᠡ ᠨᠢ ᠬᠠᠷᠢᠨ ᠲᠣᠯᠤᠭᠠᠢ ᠦᠭᠡᠨ ᠳ᠋ᠦ᠍ ᠤᠷᠤᠠᠠᠰᠠᠨ ᠦᠭᠡᠢ ᠣᠷᠬᠢᠭᠳᠠᠭᠰᠠᠨ ᠪᠠᠢᠯ᠎ᠠ᠃ ᠡᠨᠡ ᠮᠡᠲᠦᠴᠢᠯᠡᠨ ᠯᠠᠪᠯᠠᠵᠤ ᠦᠵᠡ (《→》) ᠭᠡᠰᠡᠨ ᠲᠡᠮᠳᠡᠭ ᠢ᠋ᠶ᠋ᠡᠷ ᠵᠢᠭᠠᠭᠰᠠᠨ ᠪᠠᠢᠲᠠᠯ᠎ᠠ ᠪᠠᠨ ᠨᠦᠬᠦᠭᠡ ᠦᠭᠡ ᠨᠢ ᠤᠷᠤᠠᠠᠰᠠᠨ ᠦᠭᠡᠢ ᠭᠤᠭᠤᠵᠢᠠᠠᠳᠠᠭᠰᠠᠨ ᠮᠡᠲᠦ ᠶ᠋ᠢᠨ ᠡ᠊ᠨᠳᠡᠬᠦᠦ ᠬᠠᠯᠭᠤᠤ ᠡᠳᠦᠢ ᠲᠡᠳᠦᠢ ᠭᠠᠷᠴᠠᠢ᠃ ᠦᠭᠡᠰ ᠦ᠋ᠨ ᠲᠠᠢᠯᠪᠤᠷᠢ ᠶᠢᠨ ᠬᠡᠰᠡᠭ ᠲᠦ᠍ ᠲᠣᠯᠤᠭᠠᠢ ᠦᠭᠡᠨ ᠳ᠋ᠦ᠍ ᠨᠢᠭᠡᠨᠲᠡ ᠳᠦᠷᠢᠮᠵᠢᠭᠦᠯᠦᠭᠰᠡᠨ ᠦᠭᠡ ᠪᠡᠨ ᠤᠭ ᠬᠡᠯᠪᠡᠷᠢ ᠪᠡᠷ  ᠨᠢ ᠪᠤᠷᠤᠭᠤ ᠬᠡᠷᠡᠭᠯᠡᠭᠰᠡᠨ ᠪᠠᠢᠳᠠᠯ ᠴᠦ ᠬᠠᠷᠠᠭᠳᠠᠪᠠ᠃ ᠡᠭᠦᠨ ᠡᠴᠡ ᠭᠠᠳᠠᠨ᠎ᠠ ᠦᠭᠡᠰ ᠦ᠋ᠨ ᠠᠢᠮᠠᠭ ᠤᠨ ᠬᠠᠷᠢᠶ᠎ᠠ ᠪᠤᠶᠤ ᠬᠥᠳᠡᠯᠬᠦ ᠦᠨᠳᠦᠰᠦ ᠮᠡᠲᠦ ᠶ᠋ᠢ ᠪᠤᠷᠤᠭᠤ ᠵᠥᠷᠢᠭᠦᠦ ᠲᠠᠯᠪᠢᠠᠠᠰᠠᠨ ᠠᠯᠳᠠᠭ᠎ᠠ ᠮᠠᠳᠠᠭ ᠴᠦ ᠡᠳᠦᠢ ᠲᠡᠳᠦᠢ ᠪᠠᠢᠪᠠ᠃

ᠣᠳᠣᠬᠠᠨ ᠳ᠋ᠤ᠌ 《ᠴᠠᠰᠢ ⇒ ᠴᠠᠭᠠᠰᠢ᠂ ᠨᠠᠰᠢ ⇒ ᠨᠠᠭᠠᠰᠢ᠂ ᠲᠤᠤᠱ ⇒ ᠲᠤᠭᠤᠰᠢ᠂ ᠰᠡᠷᠡᠯ ⇒ ᠰᠠᠭᠠᠷᠠᠯ᠂ ᠲᠤᠱᠠ ⇒ ᠲᠤᠰᠢᠶ᠎ᠠ᠂ ᠦᠷ ⇒ ᠦᠤᠷ》 ᠭᠡᠬᠦ ᠮᠡᠲᠦ ᠴᠥᠭᠡᠪᠦᠷ ᠦᠭᠡ ᠶᠢᠨ ᠳᠦᠷᠢᠮᠵᠢᠭᠦᠯᠦᠭᠰᠡᠨ ᠪᠢᠴᠢᠯᠭᠡ ᠶᠢᠨ ᠲᠤᠬᠠᠢ ᠬᠥᠮᠦᠰ ᠦ᠋ᠨ ᠰᠠᠨᠠᠯ ᠲᠥᠪᠯᠡᠷᠡᠨ ᠮᠠᠷᠭᠤᠭᠠᠨ ᠶᠠᠷᠭᠢᠶᠠᠨ ᠪᠤᠯᠤᠠᠠᠰᠠᠭᠠᠷ ᠪᠠᠢᠨ᠎ᠠ᠃ ᠡᠭᠦᠨ ᠦ᠌ ᠲᠤᠬᠠᠢ ᠲᠣᠳᠤᠷᠬᠠᠢᠯᠠᠬᠤ ᠴᠢᠬᠤᠯᠠᠲᠠᠢ ᠵᠦᠢᠯ ᠭᠡᠪᠡᠯ᠄

ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ ᠦ᠋ᠨ ᠭᠡᠯᠡ ᠦᠰᠦᠭ [1986] 4 ᠳ᠋ᠤᠭᠡᠷ ᠲᠣᠭᠠᠲᠤ ᠪᠢᠴᠢᠭ ᠮᠠᠲ᠋ᠧᠷᠢᠶᠠᠯ ᠤᠨ ᠳᠠᠭᠠᠯᠳᠤᠭᠤᠯᠤᠯ ᠨᠢᠭᠡ — 《1985 ᠣᠨ ᠤ᠋ <ᠮᠣᠩᠭᠤᠯ ᠬᠡᠯᠡᠨ ᠦ᠌ ᠦᠭᠡᠰ ᠦ᠋ᠨ ᠪᠢᠴᠢᠯᠭᠡ ᠶᠢ ᠳᠦᠷᠢᠮᠵᠢᠭᠦᠯᠬᠦ ᠲᠤᠬᠠᠢ ᠶᠠᠷᠢᠯᠴᠠᠬᠤ ᠬᠤᠷᠠᠯ > ᠳᠡᠭᠡᠷ᠎ᠡ ᠦᠭᠡᠰ ᠦ᠋ᠨ ᠪᠢᠴᠢᠯᠭᠡ ᠶᠢ ᠳᠦᠷᠢᠮᠵᠢᠭᠦᠯᠬᠦ ᠳ᠋ᠦ᠍ ᠠᠪᠤᠠᠠᠰᠠᠨ ᠭᠣᠣᠯ ᠠᠷᠭ᠎ᠠ ᠵᠠᠷᠴᠢᠮ》 ᠤᠨ ᠨᠢᠭᠡᠳᠦᠭᠡᠷ ᠬᠡᠰᠡᠭ — 《ᠨᠢᠭᠡ ᠦᠭᠡ ᠶᠢᠨ ᠤᠯᠠᠨ ᠪᠢᠴᠢᠯᠭᠡ ᠶᠢ ᠨᠢᠭᠡᠳᠭᠡᠬᠦ》 ᠶᠢᠨ ᠭᠤᠷᠪᠠᠳᠤᠭᠠᠷ ᠵᠤᠷᠪᠤᠰ ᠲᠤ 《ᠴᠠᠰᠢ᠂ ᠴᠢᠨᠠᠭᠰᠢ᠂ ᠴᠠᠭᠠᠰᠢ》 ᠭᠤᠷᠪᠠᠨ ᠪᠢᠴᠢᠯᠭᠡ ᠶᠢᠨ 《ᠴᠠᠭᠠ᠊》 ᠢᠵᠠᠭᠤᠷ ᠭᠣᠣᠯ ᠪᠠᠢᠷᠢ ᠡᠵᠡᠯᠡᠵᠦ ᠪᠠᠢᠨ᠎ᠠ ᠭᠡᠳᠡᠭ ᠲᠦ᠍ ᠦᠨᠳᠦᠰᠦᠯᠡᠵᠦ᠂ ᠵᠥᠪ ᠪᠢᠴᠢᠯᠭᠡ ᠶᠢᠨ ᠺᠣᠮᠢᠰ ᠤ᠋ᠨ ᠠᠩᠬᠠᠳᠤᠭᠠᠷ ᠬᠤᠷᠠᠯ ᠳᠡᠭᠡᠷ᠎ᠡ 《ᠮᠣᠩᠭᠤᠯ ᠵᠥᠪ ᠪᠢᠴᠢᠯᠭᠡ ᠶᠢᠨ ᠲᠣᠯᠢ》 ᠨᠠᠢᠷᠠᠭᠤᠯᠬᠤ ᠺᠣᠮᠢᠰ 《ᠴᠠᠰᠢ ⇒ ᠴᠠᠭᠠᠰᠢ᠂ ᠴᠠᠰᠢᠯᠠᠪᠠᠯ ⇒ ᠴᠠᠭᠠᠰᠢᠯᠠᠪᠠᠯ᠂ ᠴᠠᠰᠢᠯᠠᠬᠤ ⇒ ᠴᠠᠭᠠᠰᠢᠯᠠᠬᠤ᠂ ᠴᠠᠰᠢᠯᠠᠭᠤᠯᠬᠤ ⇒ ᠴᠠᠭᠠᠰᠢᠯᠠᠭᠤᠯᠬᠤ᠂ ᠴᠠᠰᠢᠯᠠᠮᠠᠬᠠᠢ ⇒ ᠴᠠᠭᠠᠰᠢᠯᠠᠮᠠᠬᠠᠢ᠂ ᠴᠠᠰᠢᠯᠠᠮᠠᠲᠠᠭᠠᠢ⇒ ᠴᠠᠭᠠᠰᠢᠯᠠᠮᠠᠲᠠᠭᠠᠢ᠂ ᠴᠠᠰᠢᠳᠠ ⇒ ᠴᠠᠭᠠᠰᠢᠳᠠ᠂ ᠴᠠᠰᠢᠳᠠᠬᠤ ⇒ ᠴᠠᠭᠠᠰᠢᠳᠠᠬᠤ᠂ ᠴᠠᠳᠤ ⇒ ᠴᠠᠭᠠᠳᠤ᠂ ᠴᠠᠳᠤᠬᠢ ⇒ ᠴᠠᠭᠠᠳᠤᠬᠢ》 ᠭᠡᠵᠦ ᠨᠢᠭᠡ ᠪᠤᠳᠠ (ᠡᠭᠦᠷ) 10 ᠦᠭᠡ ᠪᠣᠯᠭᠠᠨ ᠳᠡᠪᠰᠢᠭᠦᠯᠵᠦ᠂ ᠲᠤᠬᠠᠢ ᠶᠢᠨ ᠬᠤᠷᠠᠯ ᠳᠤ ᠣᠷᠤᠯᠴᠠᠭᠰᠠᠨ ᠤᠳᠤᠷᠢᠳᠤᠯᠭ᠎ᠠ ᠪᠠ ᠵᠥᠪ ᠪᠢᠴᠢᠯᠭᠡ ᠶᠢᠨ ᠺᠣᠮᠢᠰ ᠤ᠋ᠨ ᠡᠷᠳᠡᠮᠳᠡᠤᠨ ᠢᠶᠠᠷ ᠶᠠᠷᠢᠯᠴᠠᠭᠤᠯᠤᠨ ᠪᠠᠳᠤᠯᠠᠭᠤᠯᠤᠠᠠᠰᠠᠨ ᠶᠤᠮ᠃ ᠡᠨᠡ ᠮᠡᠲᠦᠴᠢᠯᠡᠨ 《ᠨᠠᠰᠢ》 ᠭᠡᠬᠦ ᠦᠭᠡ ᠶᠢ 《ᠨᠠᠭᠠᠨ᠎ᠠ》 ᠲᠠᠢ ᠬᠣᠯᠪᠤᠨ 《ᠨᠠᠭᠠ᠊》 ᠢᠵᠠᠭᠤᠷ ᠲᠠᠢ ᠭᠡᠵᠦ ᠦᠵᠡᠭᠡᠤᠨ 《ᠨᠠᠰᠢ ⇒ ᠨᠠᠭᠠᠰᠢ᠂ ᠨᠠᠰᠢᠯᠠᠬᠤ ⇒ ᠨᠠᠭᠠᠰᠢᠯᠠᠬᠤ᠂ ᠨᠠᠰᠢᠲᠠᠢ ⇒ ᠨᠠᠭᠠᠰᠢᠲᠠᠢ᠂ ᠨᠠᠰᠢᠳᠠ ⇒ ᠨᠠᠭᠠᠰᠢᠳᠠ᠂ ᠨᠠᠰᠢᠷᠠᠬᠤ ⇒ ᠨᠠᠭᠠᠰᠢᠷᠠᠬᠤ》 ᠭᠡᠵᠦ ᠨᠢᠭᠡ ᠪᠤᠳᠠ (ᠡᠭᠦᠷ) 5 ᠦᠭᠡ ᠪᠣᠯᠭᠠᠨ ᠳᠡᠯᠭᠡᠷᠡᠭᠦᠯᠵᠦ᠂ ᠮᠦᠨ ᠲᠡᠷᠡ ᠤᠳᠠᠭᠠᠨ ᠤ ᠬᠤᠷᠠᠯ ᠢᠶᠠᠷ ᠶᠠᠷᠢᠯᠴᠠᠭᠤᠯᠤᠨ ᠪᠠᠲᠤᠯᠠᠭᠤᠯᠵᠤ ᠪᠢᠯᠡ᠃

ᠳᠡᠭᠡᠷ᠎ᠡ ᠲᠤᠷᠠᠳᠤᠠᠠᠰᠠᠨ ᠭᠡᠯᠡ ᠦᠰᠦᠭ [1986] 4 ᠳ᠋ᠤᠭᠡᠷ ᠲᠣᠭᠠᠲᠤ ᠪᠢᠴᠢᠭ ᠮᠠᠲ᠋ᠧᠷᠢᠶᠠᠯ ᠤᠨ 《ᠳᠠᠭᠠᠯᠳᠤᠭᠤᠯᠤᠯ ᠬᠤᠶᠠᠷ》 — 《ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ ᠦ᠋ᠨ 1987 ᠣᠨ ᠳ᠋ᠤ᠌ ᠪᠠᠲᠤᠯᠠᠨ ᠳᠦᠷᠢᠮᠵᠢᠭᠦᠯᠦᠭᠰᠡᠨ ᠪᠢᠴᠢᠯᠭᠡ (ᠨᠢᠭᠡ)》 ᠳᠤ 《ᠲᠠᠭᠤᠯᠬᠤ᠂ ᠲᠤᠭᠤᠯᠬᠤ ⇒ ᠲᠤᠭᠤᠯᠬᠤ᠂ ᠲᠤᠤᠱ ⇒ ᠲᠤᠭᠤᠰᠢ (ᠳᠠᠭᠠᠤ ᠲᠤᠷᠰᠢ)》 ᠭᠡᠵᠦ ᠳᠦᠷᠢᠮᠵᠢᠭᠦᠯᠦᠭᠰᠡᠨ ᠢ᠋ᠶ᠋ᠡᠷ ᠦᠨᠳᠦᠰᠦ ᠪᠤᠯᠭᠠᠭᠠᠤᠨ 《ᠲᠤᠤᠱ᠂ ᠲᠤᠤᠱᠯᠠᠬᠤ᠂ ᠲᠤᠤᠱᠯᠠᠭᠤᠯᠬᠤ᠂ ᠲᠤᠤᠱᠲᠠᠢ》 ᠶᠢ 《ᠲᠤᠭᠤᠯᠬᠤ᠂ ᠲᠤᠭᠤᠯᠭ᠎ᠠ᠂ ᠲᠤᠭᠤᠯᠪᠤᠷᠢ᠂ ᠲᠤᠭᠤᠷᠠᠬᠤ᠂ ᠲᠤᠭᠤᠷᠢ᠂ ᠲᠤᠭᠤᠵᠢ》 ᠭᠡᠬᠦ ᠮᠡᠲᠦ ᠶ᠋ᠢᠨ ᠦᠭᠡᠰ ᠲᠡᠢ ᠢᠵᠠᠭᠤᠷ ᠨᠢᠭᠡ ᠭᠡᠵᠦ ᠦᠵᠡᠭᠡᠤᠨ ᠵᠥᠪ ᠪᠢᠴᠢᠯᠭᠡ ᠶᠢᠨ ᠺᠣᠮᠢᠰ ᠤ᠋ᠨ ᠠᠩᠬᠠᠳᠤᠭᠠᠷ ᠬᠤᠷᠠᠯ ᠳᠤ ᠳᠡᠪᠰᠢᠭᠦᠯᠦᠨ 《ᠲᠤᠤᠱ ⇒ ᠲᠤᠭᠤᠰᠢ᠂ ᠲᠤᠤᠱᠯᠠᠬᠤ = ᠲᠤᠭᠤᠰᠢᠯᠠᠬᠤ᠂ ᠲᠤᠤᠱᠯᠠᠭᠤᠯᠬᠤ ⇒ ᠲᠤᠭᠤᠰᠢᠯᠠᠭᠤᠯᠬᠤ᠂ ᠲᠤᠤᠱᠲᠠᠢ ⇒ ᠲᠤᠭᠤᠰᠢᠲᠠᠢ》 ᠭᠡᠵᠦ ᠨᠢᠭᠡ ᠪᠤᠳᠠ (ᠡᠭᠦᠷ) 4 ᠦᠭᠡ ᠪᠣᠯᠭᠠᠨ ᠳᠦᠷᠢᠮᠵᠢᠭᠦᠯᠵᠦ᠂ ᠬᠤᠷᠠᠯ ᠢᠶᠠᠷ ᠶᠠᠷᠢᠯᠴᠠᠭᠤᠯᠤᠨ ᠪᠠᠳᠤᠯᠠᠭᠤᠯᠤᠠᠠᠰᠠᠨ ᠶᠤᠮ᠃ ᠡᠨᠡ ᠪᠣᠯ ᠦᠭᠡ ᠶᠢᠨ ᠢᠵᠠᠭᠤᠷ ᠤᠨ ᠭᠡᠳᠤ ᠬᠡᠳᠦᠨ ᠪᠢᠴᠢᠯᠭᠡ ᠶᠢ ᠨᠢᠭᠡ ᠮᠥᠷ ᠪᠣᠯᠭᠠᠨ ᠨᠢᠭᠡᠳᠭᠡᠨ ᠳᠦᠷᠢᠮᠵᠢᠭᠦᠯᠬᠦ ᠣᠷᠤᠯᠳᠤᠯᠭ᠎ᠠ ᠶᠤᠮᠰᠠᠨ᠃ ᠪᠦᠷᠢᠳᠭᠡᠯ ᠳ᠋ᠦ᠍ ᠦᠨᠳᠦᠰᠦᠯᠡᠪᠡᠯ᠂ ᠵᠥᠪ ᠪᠢᠴᠢᠯᠭᠡ ᠶᠢᠨ ᠺᠣᠮᠢᠰ ᠤ᠋ᠨ ᠠᠩᠬᠠᠳᠤᠭᠠᠷ ᠬᠤᠷᠠᠯ ᠳᠡᠭᠡᠷ᠎ᠡ ᠡᠨᠡ ᠮᠡᠲᠦᠴᠢᠯᠡᠨ ᠦᠭᠡᠰ ᠦ᠋ᠨ ᠢᠵᠠᠭᠤᠷ ᠤᠨ ᠪᠢᠴᠢᠯᠭᠡ ᠶᠢ ᠪᠤᠳᠠ ᠪᠤᠳᠠ ᠦᠭᠡᠰ ᠢ᠋ᠶ᠋ᠡᠷ ᠳᠦᠷᠢᠮᠵᠢᠭᠦᠯᠦᠭᠰᠡᠨ ᠦᠭᠡ ᠨᠡᠢᠳᠡ 974 ᠪᠣᠯᠵᠠᠢ᠃

《ᠭᠱᠠᠨ ~ ᠠᠭᠱᠠᠨ ⇒ ᠠᠭᠱᠠᠨ᠂ ᠯᠡᠭᠱᠠᠨ ~ ᠯᠠᠭᠰᠢᠨ ⇒ ᠯᠠᠭᠱᠠᠨ》 ᠭᠡᠵᠦ ᠳᠦᠷᠢᠮᠵᠢᠭᠦᠯᠦᠭᠰᠡᠨ ᠪᠢᠴᠢᠯᠭᠡ ᠪᠣᠯ ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ ᠦ᠋ᠨ 1985 ᠣᠨ ᠤ᠋ 10 ᠰᠠᠷ᠎ᠠ ᠶᠢᠨ 21 — 27 ᠳᠤ᠂ 1987 ᠣᠨ ᠤ᠋ 12 ᠰᠠᠷ᠎ᠠ ᠶᠢᠨ 20 — 26 ᠳᠤ ᠲᠤᠰ ᠲᠤᠰ ᠬᠤᠷᠠᠯᠳᠤᠭᠤᠯᠤᠠᠠᠰᠠᠨ ᠮᠣᠩᠭᠤᠯ ᠬᠡᠯᠡᠨ ᠦ᠌ ᠬᠡᠰᠡᠭ ᠦᠭᠡᠰ ᠦ᠋ᠨ ᠪᠢᠴᠢᠯᠭᠡ ᠶᠢ ᠳᠦᠷᠢᠮᠵᠢᠭᠦᠯᠬᠦ ᠲᠤᠬᠠᠢ ᠡᠷᠳᠡᠮ ᠰᠢᠨᠵᠢᠯᠡᠭᠡᠨ ᠦ᠌ ᠬᠤᠷᠠᠯ ᠢᠶᠠᠷ ᠶᠠᠷᠢᠯᠴᠠᠭᠤᠯᠤᠨ ᠪᠠᠳᠤᠯᠠᠭᠤᠯᠤᠠᠠᠰᠠᠨ 315 ᠦᠭᠡ ᠶᠢᠨ ᠳᠣᠲᠤᠷ᠎ᠠ ᠤᠷᠤᠠᠠᠰᠠᠨ (ᠲᠡᠷᠡᠴᠢᠯᠡᠨ 《ᠮᠣᠩᠭᠤᠯ ᠬᠡᠯᠡᠨ ᠦ᠌ ᠲᠣᠯᠢ》 ᠴᠦ ᠲᠡᠷᠡ ᠶᠣᠰᠤ ᠪᠠᠷ ᠲᠦᠷᠢᠮᠵᠢᠬᠦᠯᠪᠡ) ᠪᠦᠭᠡᠤᠨ ᠵᠥᠪ ᠪᠢᠴᠢᠯᠭᠡ ᠶᠢᠨ ᠺᠣᠮᠢᠰ ᠤ᠋ᠨ ᠠᠩᠬᠠᠳᠤᠭᠠᠷ ᠬᠤᠷᠠᠯ ᠳᠡᠭᠡᠷ᠎ᠡ ᠲᠡᠬᠢᠨ ᠶᠠᠷᠢᠯᠴᠠᠭᠤᠯᠤᠨ ᠪᠠᠳᠤᠯᠠᠭᠤᠯᠤᠠᠠᠰᠠᠨ ᠶᠤᠮ᠃ ᠪᠢᠳᠡ ᠲᠤᠬᠠᠢ ᠶᠢᠨ ᠦᠶ᠎ᠡ ᠳ᠋ᠦ᠍ ᠵᠢᠭᠡᠯᠡᠭᠡ ᠦᠭᠡ ᠶᠢᠨ ᠨᠢᠭᠡᠳᠦᠯ ᠦᠭᠡᠢ ᠪᠢᠴᠢᠯᠭᠡ ᠶᠢ ᠨᠢᠭᠡᠳᠭᠡᠬᠦ ᠲᠤᠬᠠᠢ ᠭᠤᠷᠪᠠᠨ ᠵᠠᠷᠴᠢᠮ ᠲᠤᠷᠠᠳᠤᠠᠠᠰᠠᠨ ᠪᠦᠭᠡᠤᠨ 《ᠠᠠᠠᠷᠤ ~ ᠠᠺᠷᠤ ~ ᠠᠭᠠᠷᠤ ⇒ ᠠᠭᠠᠷᠤ; ᠫᠦᠤᠰᠧ ~ ᠫᠦᠦᠵᠡ ~ ᠫᠦᠰᠡ ⇒ ᠫᠦᠰᠡ》 ᠭᠡᠬᠦ ᠮᠡᠲᠦ ᠪᠡᠷ 《ᠮᠣᠩᠭᠤᠯᠵᠢᠭᠤ ᠪᠣᠯᠭᠠᠬᠤ》 ᠵᠠᠷᠴᠢᠮ ᠢᠶᠠᠷ ᠪᠠᠷᠢᠮᠵᠢᠶ᠎ᠠ ᠪᠣᠯᠭᠠᠨ ᠳᠦᠷᠢᠮᠵᠢᠭᠦᠯᠵᠦ ᠪᠢᠯᠡ᠃ ᠡᠨᠡ ᠮᠡᠲᠦᠴᠢᠯᠡᠨ ᠶᠠᠷᠢᠯᠴᠠᠭᠤᠯᠵᠤ ᠳᠦᠷᠢᠮᠵᠢᠭᠦᠯᠦᠭᠰᠡᠨ ᠵᠢᠭᠡᠯᠡᠭᠡ ᠦᠭᠡ 《ᠮᠣᠩᠭᠤᠯ ᠵᠥᠪ ᠪᠢᠴᠢᠯᠭᠡ ᠶᠢᠨ ᠲᠣᠯᠢ》 ᠳᠤ ᠨᠡᠢᠳᠡ 262 ᠣᠷᠤᠵᠠᠢ᠃

ᠬᠣᠶᠠᠳᠠᠬᠢ ᠬᠡᠪᠯᠡᠯ ᠳ᠋ᠦ᠍ ᠰᠢᠨ᠎ᠡ ᠪᠡᠷ ᠨᠡᠮᠡᠵᠦ ᠤᠷᠤᠭᠤᠯᠤᠠᠠᠰᠠᠨ ᠠᠭᠤᠯᠭ᠎ᠠ ᠭᠡᠪᠡᠯ᠄

1. ᠲᠣᠯᠤᠭᠠᠢ ᠦᠭᠡᠰ ᠦ᠋ᠨ ᠪᠢᠴᠢᠭ ᠦ᠋ᠨ ᠬᠡᠯᠡᠨ ᠦ᠌ ᠳᠠᠭᠤᠳᠠᠯᠭ᠎ᠠ ᠶ᠋ᠢ ᠯᠠᠲ᠋ᠢᠨ ᠭᠠᠯᠢᠭ ᠢᠶᠠᠷ ᠰᠣᠯᠢᠵᠤ ᠬᠠᠲᠠᠪᠠ᠃ ᠠᠩᠬᠠᠳᠠᠬᠢ ᠬᠡᠪᠯᠡᠯ ᠳ᠋ᠦ᠍ ᠮᠣᠩᠭᠤᠯ ᠪᠢᠴᠢᠭ ᠦ᠋ᠨ ᠬᠡᠯᠡᠨ ᠦ᠌ ᠳᠠᠭᠤᠳᠠᠯᠭ᠎ᠠ ᠶ᠋ᠢ 1982 ᠣᠨ ᠳ᠋ᠤ᠌ ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ ᠦ᠋ᠨ ᠨᠡᠢᠲᠡᠯᠡᠭᠰᠡᠨ ᠮᠣᠩᠭᠤᠯ ᠬᠡᠯᠡᠨ ᠦ᠌ ᠭᠠᠯᠢᠭ ᠢᠶᠠᠷ ᠬᠠᠳᠠᠭᠰᠠᠨ ᠶᠤᠮ᠃ ᠬᠣᠶᠠᠳᠠᠬᠢ ᠬᠡᠪᠯᠡᠯ ᠦ᠋ᠨ ᠵᠠᠰᠠᠪᠤᠷᠢ ᠣᠷᠤᠭᠤᠯᠬᠤ ᠪᠡᠯᠡᠳᠭᠡᠯ ᠠᠵᠢᠯ ᠤᠨ ᠱᠠᠳᠤᠨ ᠳᠤ ᠤᠯᠠᠨ ᠲᠠᠬᠢᠨ ᠰᠠᠨᠠᠯ ᠬᠤᠷᠢᠶᠠᠭᠰᠠᠨ ᠳᠤ ᠡᠷᠳᠡᠮᠲᠡᠨ ᠮᠡᠷᠭᠡᠵᠢᠯᠳᠡᠤᠨ 《ᠮᠣᠩᠭᠤᠯ ᠬᠡᠯᠡᠨ ᠦ᠌ ᠭᠠᠯᠢᠭ》 ᠤᠨ ᠡᠭᠡᠵᠡᠭ ᠰᠣᠭᠤᠭ ᠢ᠋  ᠨᠢ ᠲᠣᠭᠠᠴᠢᠨ ᠪᠠᠢᠨ ᠲᠠᠬᠢᠨ ᠰᠠᠨᠠᠯ ᠥᠭᠴᠦ᠂ ᠥᠪᠡᠷ ᠵᠠᠭᠤᠷ᠎ᠠ ᠪᠠᠨ ᠥᠮᠨᠦᠭᠡ ᠵᠣᠷᠢᠯᠲᠠ ᠶ᠋ᠢ ᠪᠠᠷᠢᠮᠲᠠᠯᠠᠨ ᠮᠡᠳᠭᠡᠯᠴᠡᠨ ᠵᠥᠷᠢᠯᠳᠦᠵᠦ ᠪᠠᠢᠭᠰᠠᠨ ᠶᠤᠮ᠃ ᠡᠨᠡ ᠪᠠᠢᠳᠠᠯ ᠳᠤ ᠦᠨᠳᠦᠰᠦᠯᠡᠨ ᠲᠣᠯᠢ ᠨᠠᠢᠷᠠᠭᠤᠯᠬᠤ ᠺᠣᠮᠢᠰ 2005 ᠣᠨ ᠤ᠋ 3 ᠰᠠᠷ᠎ᠠ ᠶᠢᠨ 15 ᠳᠤ ᠬᠠᠮᠢᠶ᠎ᠠ ᠪᠦᠬᠦᠢ ᠡᠷᠳᠡᠮᠲᠡᠨ ᠣᠷᠤᠯᠴᠠᠭᠰᠠᠨ ᠬᠤᠷᠠᠯ ᠬᠤᠷᠠᠯᠳᠤᠭᠤᠯᠵᠤ᠂ ᠴᠣᠬᠤᠮ ᠶᠠᠮᠠᠷ ᠭᠠᠯᠢᠭ ᠢᠶᠠᠷ ᠶᠠᠭᠠᠬᠢᠵᠤ ᠭᠠᠯᠢᠠᠠᠯᠠᠪᠠᠯ ᠵᠣᠬᠢᠬᠤ ᠲᠤᠬᠠᠢ ᠶᠠᠷᠢᠯᠴᠠᠭᠤᠯᠪᠠ᠃ ᠡᠷᠳᠡᠮᠳᠡᠤᠨ ᠡᠴᠦᠰ ᠲᠡᠭᠡᠨ 《ᠮᠣᠩᠭᠤᠯ ᠦᠰᠦᠭ ᠢ ᠯᠠᠲ᠋ᠢᠨ ᠢᠶᠠᠷ ᠭᠠᠯᠢᠠᠠᠯᠠᠬᠤ ᠲᠥᠰᠦᠯ ᠦ᠋ᠨ ᠤᠯᠠᠨ ᠤᠯᠤᠰ ᠤᠨ ᠪᠠᠷᠢᠮᠵᠢᠶ᠎ᠠ》 ᠶᠢ ᠬᠡᠷᠡᠭᠯᠡᠬᠦ ᠶ᠋ᠢ ᠰᠠᠨᠠᠯ ᠨᠢᠭᠡᠲᠡᠢ ᠵᠥᠪᠰᠢᠶᠡᠷᠡᠭᠰᠡᠨ ᠪᠣᠯᠬᠣᠷ ᠲᠣᠯᠢ ᠨᠠᠢᠷᠠᠭᠤᠯᠬᠤ ᠺᠣᠮᠢᠰ ᠬᠢᠳᠡᠤᠨ ᠢᠶᠠᠷ ᠮᠡᠳᠡᠭᠦᠯᠦᠯᠲᠡ ᠪᠢᠴᠢᠭ᠌ᠡᠤᠨ 2005 ᠣᠨ ᠤ᠋ 4 ᠰᠠᠷ᠎ᠠ ᠶᠢᠨ 18 ᠳᠤ ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ ᠳ᠋ᠦ᠍ ᠡᠷᠭᠦᠨ ᠳᠡᠪᠰᠢᠭᠦᠯᠪᠡ᠃ 2005 ᠣᠨ ᠤ᠋ 5 ᠰᠠᠷ᠎ᠠ ᠶᠢᠨ  16 ᠳᠤ ᠥᠪᠡᠷᠲᠡᠭᠡᠨ ᠵᠠᠰᠠᠬᠤ ᠣᠷᠤᠨ ᠤ ᠮᠣᠩᠭᠤᠯ ᠭᠡᠯᠡ ᠪᠢᠴᠢᠭ ᠦ᠋ᠨ ᠠᠵᠢᠯ ᠤᠨ ᠵᠥᠪᠯᠡᠯ ᠠᠯᠪᠠᠨ ᠪᠢᠴᠢᠭ ᠪᠠᠭᠤᠯᠭᠠᠨ ᠳᠡᠭᠡᠳᠦ ᠱᠠᠳᠤᠨ ᠤ ᠤᠳᠤᠷᠢᠳᠤᠯᠭ᠎ᠠ ᠵᠥᠪᠰᠢᠶᠡᠷᠡᠭᠰᠡᠨ ᠢ᠋ ᠮᠡᠳᠡᠭᠳᠡᠵᠡᠢ᠃ ᠲᠡᠭᠡᠭᠡᠳ ᠲᠣᠯᠢ ᠨᠠᠢᠷᠠᠭᠤᠯᠬᠤ ᠺᠣᠮᠢᠰ ᠤ᠋ᠨ ᠡᠷᠬᠢᠯᠡᠭᠴᠢ ᠳᠠᠭᠤᠳᠠᠯᠭ᠎ᠠ ᠬᠠᠳᠠᠬᠤ ᠠᠵᠢᠯ ᠢ ᠪᠡᠶ᠎ᠡ ᠪᠡᠷ ᠡᠷᠬᠢᠯᠡᠨ ᠤᠳᠤᠷᠢᠳᠴᠤ᠂ ᠪᠤᠯᠠᠭ᠂ ᠭᠠᠷᠤᠳᠢ᠂ ᠰᠡᠴᠡᠨᠪᠠᠭᠠᠲᠤᠷ ᠵᠡᠷᠭᠡ ᠡᠷᠳᠡᠮᠲᠡᠨ ᠳ᠋ᠦ᠍ ᠨᠠᠢᠳᠠᠵᠤ᠂ ᠲᠣᠯᠤᠭᠠᠢ ᠦᠭᠡ ᠶᠢᠨ ᠪᠢᠴᠢᠭ ᠦ᠋ᠨ ᠬᠡᠯᠡᠨ ᠦ᠌ ᠳᠠᠭᠤᠳᠠᠯᠭ᠎ᠠ ᠶ᠋ᠢ 2011 ᠣᠨ ᠳ᠋ᠤ᠌ ᠨᠡᠢᠲᠡᠯᠡᠭᠳᠡᠭᠰᠡᠨ 《ᠮᠣᠩᠭᠤᠯ ᠪᠢᠴᠢᠭ ᠦ᠋ᠨ ᠭᠠᠯᠢᠭ ᠤᠨ ᠲᠤᠬᠠᠢ ᠲᠤᠠᠠᠳᠠᠭᠠᠯ》 (ᠬᠠᠮᠵᠢᠯᠴᠠᠬᠤ ᠠᠯᠪᠠᠨ ᠦᠰᠦᠭᠲᠦ [2011] 2 ᠳ᠋ᠤᠭᠠᠷ ᠲᠣᠭᠠᠲᠤ ᠪᠢᠴᠢᠭ ᠮᠠᠲ᠋ᠧᠷᠢᠶᠠᠯ) ᠤᠨ ᠳᠠᠭᠠᠤ ᠮᠣᠩᠭᠤᠯ ᠬᠡᠯᠡᠨ ᠦ᠌ ᠯᠠᠲ᠋ᠢᠨ ᠭᠠᠯᠢᠭ ᠢᠶᠠᠷ ᠬᠠᠳᠠᠬᠤ ᠠᠵᠢᠯ ᠢ ᠬᠢᠯᠭᠡᠵᠡᠢ᠃

ᠮᠣᠩᠭᠤᠯ ᠬᠡᠯᠡᠨ ᠦ᠌ ᠯᠠᠲ᠋ᠢᠨ ᠭᠠᠯᠢᠭ ᠨᠢ ᠤᠯᠠᠮᠵᠢᠯᠠᠯᠲᠤ ᠯᠠᠲ᠋ᠢᠨ ᠭᠠᠯᠢᠭ ᠯᠤᠭ᠎ᠠ ᠦᠨᠳᠦᠰᠦᠨ ᠳ᠋ᠡᠭᠡᠨ ᠠᠳᠠᠯᠢ᠂ ᠯᠠᠲ᠋ᠢᠨ ᠪᠤᠰᠤ ᠦᠰᠦᠭ ᠢ ᠯᠠᠲ᠋ᠢᠨᠴᠢᠯᠠᠨ ᠭᠠᠯᠢᠠᠠᠯᠠᠬᠤ ᠤᠯᠠᠨ ᠤᠯᠤᠰ ᠤᠨ ᠵᠠᠷᠴᠢᠮ ᠢᠶᠠᠷ ᠪᠠᠭ᠎ᠠ ᠵᠡᠷᠭᠡ ᠵᠠᠰᠠᠪᠤᠷᠢᠯᠠᠭᠰᠠᠨ ᠵᠦᠢᠯ ᠪᠤᠢ ᠪᠦᠭᠡᠤᠨ ᠳᠤᠮᠳᠠᠳᠤ ᠤᠯᠤᠰ ᠤᠨ ᠮᠣᠩᠭᠤᠯ ᠭᠡᠯᠡ ᠪᠢᠴᠢᠭ ᠦ᠋ᠨ ᠰᠢᠨᠵᠢᠯᠡᠭᠡᠨ ᠦ᠌ ᠨᠡᠢᠭᠡᠮᠯᠢᠭ ᠦ᠋ᠨ ᠡᠷᠳᠡᠮ ᠰᠢᠨᠵᠢᠯᠡᠭᠡᠨ ᠦ᠌ ᠺᠣᠮᠢᠰ ᠢ᠋ᠶ᠋ᠠᠷ ᠬᠡᠳᠦᠨᠲᠡ ᠶᠠᠷᠢᠯᠴᠠᠭᠤᠯᠵᠤ ᠰᠠᠨᠠᠯ ᠨᠢᠭᠡᠲᠡᠢ ᠪᠠᠲᠤᠯᠠᠭᠳᠠᠭᠰᠠᠨ ᠶᠤᠮ᠃ ᠮᠦᠨ ᠡᠨᠡ ᠰᠠᠭᠤᠷᠢᠨ ᠳᠡᠭᠡᠷ᠎ᠡ ᠮᠣᠩᠭᠤᠯ ᠤᠯᠤᠰ ᠤᠨ ᠪᠠᠷᠢᠮᠵᠢᠶᠠᠵᠢᠭᠤᠯᠬᠤ ᠪᠠᠢᠭᠤᠯᠭ᠎ᠠ ᠯᠤᠭ᠎ᠠ ᠤᠯᠠᠨ ᠤᠳᠠᠭ᠎ᠠ ᠵᠥᠪᠳᠡᠯᠴᠡᠨ ᠰᠠᠨᠠᠯ ᠨᠢᠭᠡᠳᠴᠦ᠂ 2005 ᠣᠨ ᠳ᠋ᠤ᠌ ᠳᠤᠮᠳᠠᠳᠤ ᠮᠣᠩᠭᠤᠯ ᠬᠤᠶᠠᠷ ᠤᠯᠤᠰ ᠤᠨ ᠪᠤᠯᠪᠠᠰᠤᠷᠠᠭᠤᠯᠤᠠᠠᠰᠠᠨ 《ᠮᠣᠩᠭᠤᠯ ᠦᠰᠦᠭ ᠢ ᠯᠠᠲ᠋ᠢᠨᠴᠢᠯᠠᠨ ᠭᠠᠯᠢᠠᠠᠯᠠᠬᠤ ᠲᠥᠰᠦᠯ》 ᠢ ᠬᠤᠶᠠᠷ ᠤᠯᠤᠰ ᠤᠨ ᠨᠡᠷ᠎ᠡ ᠪᠡᠷ ᠤᠯᠠᠨ ᠤᠯᠤᠰ ᠤᠨ ᠪᠠᠷᠢᠮᠵᠢᠶᠠᠵᠢᠭᠤᠯᠬᠤ ᠪᠠᠢᠭᠤᠯᠭ᠎ᠠ ᠳᠤ ᠮᠡᠳᠡᠭᠦᠯᠦᠭᠰᠡᠨ ᠭᠡᠳᠡᠭ ᠪᠢᠯᠡ᠃ ᠡᠨᠡ ᠭᠠᠯᠢᠭ ᠤᠨ ᠭᠣᠣᠯ ᠣᠨᠴᠠᠯᠢᠭ  ᠨᠢ᠄ ① ᠤᠯᠠᠮᠵᠢᠯᠠᠯᠲᠤ ᠯᠠᠲ᠋ᠢᠨ ᠭᠠᠯᠢᠭ ᠲᠤ ᠬᠡᠷᠡᠭᠯᠡᠵᠦ ᠪᠠᠢᠠᠠᠰᠠᠨ ᠯᠠᠲ᠋ᠢᠨ ᠪᠤᠰᠤ ᠲᠡᠮᠳᠡᠭᠲᠦ ᠶ᠋ᠢ ᠬᠡᠷᠡᠭᠯᠡᠭᠰᠡᠨ ᠦᠭᠡᠢ; ② ᠮᠣᠩᠭᠤᠯ ᠪᠢᠴᠢᠭ ᠦ᠋ᠨ ᠨᠢᠭᠡ ᠦᠰᠦᠭ ᠦ᠋ᠨ ᠬᠤᠪᠢᠯᠪᠤᠷᠢ ᠨᠤᠭᠤᠳ (ᠬ᠋᠊᠂ ᠭ᠊᠂ ᠊ᠬ᠂ ᠊ᠠᠠ᠊ ᠊ᠢ᠌ᠠ᠋) ᠢ ᠨᠢᠭᠡ ᠯᠡ g ᠦᠰᠦᠭ ᠢ᠋ᠶ᠋ᠡᠷ ᠭᠠᠯᠢᠠᠠᠯᠠᠵᠤ᠂ ᠬᠡᠷᠡᠭᠴᠡᠭᠡ ᠲᠡᠢ ᠦᠶ᠎ᠡ ᠳ᠋ᠦ᠍ ᠨᠡᠮᠡᠯᠲᠡ ᠲᠡᠮᠳᠡᠭ ᠢ᠋ᠶ᠋ᠡᠷ ᠢᠯᠭᠠᠪᠠ; ③ ucs  ᠤ᠋ᠨ ᠮᠣᠩᠭᠤᠯ ᠺᠤᠳ᠋ ᠯᠤᠭ᠎ᠠ ᠬᠠᠷᠢᠯᠴᠠᠨ ᠪᠠᠭᠤᠯᠭᠠᠵᠤ ᠴᠢᠳᠠᠬᠤ ᠨᠥᠬᠦᠴᠡᠯ ᠢ᠋ ᠬᠠᠩᠭᠠᠭᠰᠠᠨ ᠵᠡᠷᠭᠡ ᠪᠣᠯᠤᠨ᠎ᠠ᠃

ᠡᠨᠡ ᠯᠠᠲ᠋ᠢᠨ ᠭᠠᠯᠢᠭ ᠢ ᠬᠡᠷᠡᠭᠯᠡᠬᠦ ᠪᠡᠷ ᠲᠤᠠᠠᠳᠠᠭᠰᠠᠨ ᠤ ᠳᠠᠷᠠᠭ᠎ᠠ ᠲᠣᠳᠤᠷᠬᠠᠢ ᠦᠭᠡ ᠨᠦ᠍ᠭᠦᠳ ᠦ᠋ᠨ ᠳᠠᠭᠤᠳᠠᠯᠭ᠎ᠠ ᠲᠠᠢ ᠬᠤᠯᠪᠤᠠᠠᠳᠠᠬᠤ ᠦᠨᠳᠦᠰᠦᠨ ᠰᠢᠨᠵᠢᠲᠡᠢ ᠬᠡᠳᠦᠨ ᠴᠢᠬᠤᠯᠠ ᠵᠦᠢᠯ ᠢ ᠬᠡᠷᠬᠢᠨ ᠦᠵᠡᠬᠦ ᠲᠠᠯ᠎ᠠ ᠪᠠᠷ ᠠᠳᠠᠯᠢ ᠪᠤᠰᠤ ᠰᠠᠨᠠᠯ ᠣᠷᠤᠰᠢᠵᠤ ᠪᠠᠢᠠᠠᠰᠠᠨ ᠪᠠ ᠡᠨᠡ ᠪᠠᠢᠳᠠᠯ ᠳᠤ ᠪᠢᠳᠡ ᠳᠠᠷᠠᠭᠠᠬᠢ ᠰᠠᠨᠠᠯ ᠢ ᠪᠠᠷᠢᠮᠲᠠᠯᠠᠪᠠ᠄ ① ᠮᠣᠩᠭᠤᠯ ᠪᠢᠴᠢᠭ ᠲᠦ᠍ 35 ᠦᠨᠳᠦᠰᠦᠨ ᠦᠰᠦᠭ ᠲᠡᠢ; ② ᠮᠣᠩᠭᠤᠯ ᠪᠢᠴᠢᠭ ᠲᠦ᠍ ᠤᠷᠳᠤ᠂ ᠬᠣᠣᠰ ᠡᠭᠡᠰᠢᠭ ᠦᠭᠡᠢ᠂ 11 ᠳᠡᠪᠢᠰᠭᠡᠷ ᠦᠰᠦᠭ ᠲᠡᠢ; ③ ᠦᠭᠡ ᠶᠢᠨ ᠦᠨᠳᠦᠰᠦᠨ ᠦ᠌ ᠡᠬᠢᠨ ᠦ᠌ ᠪᠤᠰᠤ ᠦᠶ᠎ᠡ ᠳ᠋ᠦ᠍ ᠤ᠊ (o)᠂ ᠦ ᠡᠭᠡᠰᠢᠭ ᠣᠷᠤᠵᠤ ᠪᠣᠯᠤᠨ᠎ᠠ; ④ ᠦᠭᠡ ᠬᠤᠪᠢᠯᠭᠠᠬᠤ ᠲᠠᠭᠠᠪᠤᠷᠢ ᠵᠢᠴᠢ ᠬᠣᠯᠪᠤᠬᠤ ᠡᠭᠡᠰᠢᠭ ᠲᠦ᠍ ᠤ (o)᠂ ᠦ ᠡᠭᠡᠰᠢᠭ ᠣᠷᠤᠬᠤ ᠦᠭᠡᠢ᠃

ᠭᠡᠪᠡᠴᠦ ᠲᠣᠯᠢᠨ ᠤ᠋ ᠲᠣᠯᠤᠭᠠᠢ ᠦᠭᠡᠰ ᠦ᠋ᠨ ᠵᠢᠠᠠᠰᠠᠭᠠᠯᠳᠠ ᠶᠢ ᠬᠥᠳᠡᠯᠭᠡᠭᠰᠡᠨ ᠦᠭᠡᠢ᠂ ᠦᠭᠡ ᠡᠷᠢᠬᠦ ᠳ᠋ᠦ᠍ ᠲᠦᠬᠦᠮ ᠢ ᠪᠣᠳᠤᠵᠤ ᠮᠦᠨ ᠠᠩᠬᠠᠳᠠᠬᠢ ᠬᠡᠪᠯᠡᠯ ᠦ᠋ᠨ ᠶᠣᠰᠤ ᠪᠠᠷ ᠪᠣᠯᠭᠠᠪᠠ᠃

2. ᠲᠣᠯᠤᠭᠠᠢ ᠦᠭᠡᠰ ᠲᠦ᠍ ᠤᠯᠠᠨ ᠤᠯᠤᠰ ᠤᠨ ᠭᠠᠯᠢᠭ ᠢᠶᠠᠷ ᠶᠠᠷᠢᠶᠠᠨ ᠤ ᠳᠠᠭᠤᠳᠠᠯᠭ᠎ᠠ ᠶ᠋ᠢ ᠨᠡᠮᠡᠵᠦ ᠬᠠᠲᠠᠪᠠ᠃ ᠲᠣᠯᠢ ᠨᠠᠢᠷᠠᠭᠤᠯᠬᠤ ᠺᠣᠮᠢᠰ ᠤ᠋ᠨ ᠠᠩᠬᠠᠳᠤᠭᠠᠷ ᠬᠤᠷᠠᠯ ᠳᠡᠭᠡᠷ᠎ᠡ ᠶᠠᠷᠢᠶᠠᠨ ᠤ ᠳᠠᠭᠤᠳᠠᠯᠭ᠎ᠠ ᠬᠠᠳᠠᠬᠤ ᠪᠠᠷ ᠲᠤᠠᠠᠳᠠᠭᠰᠠᠨ ᠪᠣᠯᠪᠠᠴᠤ ᠲᠤᠬᠠᠢ ᠶᠢᠨ ᠦᠶ᠎ᠡ ᠶᠢᠨ ᠨᠥᠬᠦᠴᠡᠯ ᠪᠣᠯᠤᠯᠴᠠᠭᠠᠨ ᠤ᠋ ᠬᠢᠵᠠᠭᠠᠷᠯᠠᠯ ᠠᠴᠠ ᠪᠣᠯᠵᠤ ᠪᠡᠶᠡᠯᠡᠭᠳᠡᠵᠦ ᠲᠠᠢᠯᠦᠭᠰᠡᠨ ᠦᠭᠡᠢ ᠪᠢᠯᠡ᠃ ᠡᠨᠡ ᠤᠳᠠᠭ᠎ᠠ ᠳᠠᠭᠤᠳᠠᠯᠭ᠎ᠠ ᠬᠠᠳᠠᠬᠤ ᠠᠵᠢᠯ ᠢ ᠲᠣᠯᠢ ᠨᠠᠢᠷᠠᠭᠤᠯᠬᠤ ᠺᠣᠮᠢᠰ ᠤ᠋ᠨ ᠵᠥᠪᠯᠡᠭᠴᠢ᠂ ᠮᠣᠩᠭᠤᠯ ᠭᠡᠯᠡ ᠰᠢᠨᠵᠢᠯᠡᠭᠡᠨ ᠦ᠌ ᠠᠯᠳᠠᠷᠲᠤ ᠡᠷᠳᠡᠮᠲᠡᠨ ᠫᠷᠣᠹᠧᠰᠰᠣᠷ ᠴᠣᠢᠵᠤᠩᠵᠠᠪ ᠵᠢᠯᠤᠭᠤᠳᠤᠨ ᠡᠷᠴᠢᠮᠲᠡᠢ ᠠᠳᠭᠤᠵᠤ ᠪᠡᠶᠡᠯᠡᠭᠦᠯᠦᠭᠰᠡᠨ ᠶᠤᠮ᠃ ᠲᠡᠭᠦᠨ ᠦ᠌ ᠰᠠᠨᠠᠭᠤᠯᠭ᠎ᠠ ᠪᠠᠷ ᠲᠣᠯᠢ ᠨᠠᠢᠷᠠᠭᠤᠯᠬᠤ ᠺᠣᠮᠢᠰ ᠤ᠋ᠨ ᠡᠷᠬᠢᠯᠡᠭᠴᠢ ᠨᠥᠬᠦᠷ ᠰᠦᠷᠭᠡᠷᠡᠯᠲᠦ ᠬᠡᠯᠡᠨ ᠦ᠌ ᠡᠷᠳᠡᠮᠲᠡᠨ ᠪᠤᠯᠠᠭ ᠭᠤᠸᠠᠢ ᠶᠢ ᠤᠷᠢᠵᠤ 《ᠶᠠᠷᠢᠶᠠᠨ ᠤ ᠬᠡᠯᠡᠨ ᠦ᠌ ᠳᠠᠭᠤᠳᠠᠯᠭ᠎ᠠ ᠬᠠᠳᠠᠬᠤ ᠲᠥᠰᠦᠯ》 ᠪᠢᠴᠢᠭᠦᠯᠦᠨ ᠡᠷᠳᠡᠮᠲᠡᠨ ᠮᠡᠷᠭᠡᠤᠨ ᠢ ᠤᠷᠢᠵᠤ ᠤᠯᠠᠨ ᠲᠠᠬᠢᠨ ᠶᠠᠷᠢᠯᠴᠠᠭᠤᠯᠵᠤ ᠰᠤᠳᠤᠯᠤᠯᠴᠠᠭᠰᠠᠨ ᠤ ᠰᠠᠭᠤᠷᠢᠨ ᠳᠤ ᠶᠠᠷᠢᠶᠠᠨ ᠤ ᠳᠠᠭᠤᠳᠠᠯᠭ᠎ᠠ ᠶ᠋ᠢ ᠬᠢᠨᠠᠨ ᠲᠤᠠᠠᠳᠠᠭᠠᠬᠤ ᠳᠤᠭᠤᠢᠯᠠᠩ ᠢ ᠪᠠᠢᠭᠤᠯᠵᠤ ᠠᠵᠢᠯᠯᠠᠭᠤᠯᠪᠠ᠃ ᠳᠤᠭᠤᠢᠯᠠᠩ ᠤᠨ ᠳᠠᠷᠤᠭ᠎ᠠ ᠰᠦᠷᠭᠡᠷᠡᠯᠲᠦ᠂ ᠳᠤᠭᠤᠢᠯᠠᠩ ᠤᠨ ᠭᠡᠰᠢᠭᠦᠨ ᠢ᠋ᠶ᠋ᠡᠷ ᠴᠣᠢᠵᠤᠩᠵᠠᠪ᠂ ᠨᠣᠷᠵᠢᠨ᠂ ᠭᠠᠷᠤᠳᠢ᠂ ᠮᠠᠨᠳᠤᠬᠤ᠂ ᠪᠤᠯᠠᠭ᠂ ᠨᠠᠷᠠᠨᠪᠠᠲᠤ᠂ ᠬᠡᠰᠢᠭᠳᠦ᠋ᠭᠦᠷᠡᠩ᠂ ᠪᠠᠶᠠᠷᠲᠤ᠂ ᠰᠢᠯᠢᠨᠴᠢᠮᠡᠭ᠂ ᠰᠡᠴᠡᠨᠪᠠᠭᠠᠲᠤᠷ᠂ ᠨᠠᠤᠡᠮᠢᠤᠨ᠂ ᠲᠠᠮᠤᠰᠦ᠋ᠷᠦᠩ᠂ ᠭᠠᠩᠪᠠᠭᠠᠲᠤᠷ᠂ ᠬᠣᠲᠠᠯᠠ᠂ ᠪᠠᠲᠤ ᠨᠠᠷ ᠣᠷᠤᠯᠴᠠᠵᠠᠢ᠃ ᠬᠢᠨᠠᠨ ᠲᠤᠠᠠᠳᠠᠭᠠᠬᠤ ᠳᠤᠭᠤᠢᠯᠠᠩ ᠤᠨ ᠬᠢᠨ ᠭᠤᠷᠪᠠ ᠤᠳᠠᠭ᠎ᠠ ᠶᠠᠷᠢᠯᠴᠠᠬᠤ ᠬᠤᠷᠠᠯ ᠬᠤᠷᠠᠯᠳᠤᠭᠤᠯᠵᠤ᠂ ᠴᠣᠢᠵᠤᠩᠵᠠᠪ᠂ ᠪᠤᠯᠠᠭ ᠬᠤᠶᠠᠷ ᠤᠨ ᠲᠤᠭᠤᠷᠪᠢᠠᠠᠰᠠᠨ 《<ᠮᠣᠩᠭᠤᠯ ᠵᠥᠪ ᠪᠢᠴᠢᠯᠭᠡ ᠶᠢᠨ ᠲᠣᠯᠢ > ᠶᠢᠨ ᠶᠠᠷᠢᠶᠠᠨ ᠤ ᠬᠡᠯᠡᠨ ᠦ᠌ ᠳᠠᠭᠤᠳᠠᠯᠭ᠎ᠠ ᠬᠠᠳᠠᠬᠤ ᠲᠥᠰᠦᠯ》 ᠢ ᠪᠠᠲᠤᠯᠠᠭᠰᠠᠨ ᠪᠦᠭᠡᠤᠨ ᠡᠨᠡ ᠬᠦ ᠲᠥᠰᠦᠯ ᠳ᠋ᠦ᠍ ᠦᠨᠳᠦᠰᠦᠯᠡᠨ 2003 ᠣᠨ ᠤ᠋ 《ᠮᠣᠩᠭᠤᠯ ᠬᠡᠯᠡᠨ ᠦ᠌ ᠪᠠᠷᠢᠮᠵᠢᠶ᠎ᠠ ᠠᠪᠢᠶᠠᠨ ᠤ ᠬᠢᠷᠢ ᠭᠡᠮ ᠢ ᠰᠢᠯᠭᠠᠬᠤ  ᠬᠥᠲᠦᠯᠪᠦᠷᠢ》 ᠳᠤ ᠲᠤᠠᠠᠳᠠᠭᠠᠭᠰᠠᠨ ᠵᠠᠷᠴᠢᠮ (ᠪᠠᠷᠢᠮᠵᠢᠶ᠎ᠠ ᠠᠪᠢᠶᠠᠨ ᠤ ᠠᠪᠢᠶᠠᠯᠠᠪᠤᠷᠢ ᠶᠢᠨ ᠰᠢᠰᠲ᠋ᠧᠮ᠂ ᠡᠭᠡᠰᠢᠭ ᠵᠣᠬᠢᠴᠠᠬᠤ ᠶᠣᠰᠤ᠂ ᠭᠡᠢᠭᠦᠯᠦᠭᠴᠢ ᠤᠶᠠᠯᠳᠤᠬᠤ ᠶᠣᠰᠤ᠂ ᠡᠭᠡᠰᠢᠭ ᠭᠡᠢᠭᠦᠯᠦᠭᠴᠢ ᠶ᠋ᠢᠨ ᠳᠠᠭᠤᠳᠠᠯᠭ᠎ᠠ᠂ ᠭᠠᠯᠢᠭ ᠦᠰᠦᠭ ᠵᠡᠷᠭᠡ) ᠢ ᠪᠠᠷᠢᠮᠲᠠᠯᠠᠵᠤ᠂ ᠫᠷᠣᠹᠧᠰᠰᠣᠷ ᠭᠠᠷᠤᠳᠢ ᠳᠠᠭᠤᠳᠠᠯᠭ᠎ᠠ ᠬᠠᠳᠠᠵᠤ ᠳᠠᠭᠤᠰᠭᠠᠭᠰᠠᠨ ᠶᠤᠮ᠃ ᠡᠭᠦᠨ ᠳ᠋ᠦ᠍ ᠲᠣᠳᠤᠷᠬᠠᠢ ᠦᠭᠡ ᠶᠢᠨ ᠳᠠᠭᠤᠳᠠᠯᠭ᠎ᠠ ᠶ᠋ᠢᠨ ᠲᠠᠯ᠎ᠠ ᠪᠠᠷ᠂ ᠰᠢᠯᠭᠠᠬᠤ ᠬᠥᠲᠦᠯᠪᠦᠷᠢ ᠳ᠋ᠦ᠍ ᠤᠷᠤᠠᠠᠰᠠᠨ ᠦᠭᠡ ᠶᠢ ᠶᠣᠰᠤᠴᠢᠯᠠᠨ ᠪᠠᠷᠢᠮᠲᠠᠯᠠᠵᠤ᠂ ᠬᠥᠲᠦᠯᠪᠦᠷᠢ ᠳ᠋ᠦ᠍ ᠤᠷᠤᠠᠠᠰᠠᠨ ᠦᠭᠡᠢ ᠦᠭᠡ ᠶᠢ ᠦᠨᠳᠦᠰᠦᠨ ᠳ᠋ᠡᠭᠡᠨ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢᠨ 《ᠮᠣᠩᠭᠤᠯ ᠬᠢᠳᠡᠤᠨ ᠲᠣᠯᠢ》 ᠶᠢᠨ ᠬᠣᠶᠠᠳᠤᠭᠠᠷ ᠬᠡᠪᠯᠡᠯ ᠳ᠋ᠦ᠍ ᠬᠠᠳᠠᠭᠰᠠᠨ ᠶᠠᠷᠢᠶᠠᠨ ᠤ ᠬᠡᠯᠡᠨ ᠦ᠌ ᠳᠠᠭᠤᠳᠠᠯᠭ᠎ᠠ ᠶ᠋ᠢ ᠭᠣᠣᠯ ᠪᠠᠷᠢᠮᠲᠠᠯᠠᠵᠤ᠂ ᠲᠡᠷᠡ ᠲᠤᠯᠢ ᠳᠤ ᠤᠷᠤᠠᠠᠰᠠᠨ ᠦᠭᠡᠢ ᠴᠥᠭᠡᠪᠦᠷ ᠦᠭᠡ ᠶᠢᠨ ᠳᠠᠭᠤᠳᠠᠯᠭ᠎ᠠ ᠶ᠋ᠢ ᠭᠠᠳᠠᠭᠠᠳᠤ ᠳᠣᠲᠤᠭᠠᠳᠤ ᠶ᠋ᠢᠨ ᠪᠤᠰᠤᠤᠨ ᠬᠤᠯᠪᠤᠠᠠᠳᠠᠬᠤ ᠲᠣᠯᠢ ᠪᠢᠴᠢᠭ ᠦ᠋ᠳ ᠢ᠋ ᠬᠢᠨᠠᠨ ᠠᠰᠢᠠᠠᠯᠠᠵᠤ ᠳᠠᠭᠤᠳᠠᠯᠭ᠎ᠠ ᠶ᠋ᠢ ᠲᠤᠠᠠᠳᠠᠭᠠᠵᠠᠢ᠃ ᠴᠢᠩᠭᠢᠬᠦ ᠳ᠋ᠡᠭᠡᠨ ᠵᠠᠷᠢᠮ ᠨᠤᠲᠤᠭ ᠤ᠋ᠨ ᠶᠠᠷᠢᠶᠠᠨ ᠳᠤ ᠠᠳᠠᠯᠢ ᠪᠤᠰᠤ ᠪᠠᠷ ᠳᠠᠭᠤᠳᠠᠳᠠᠭ ᠴᠥᠭᠡᠨ ᠦᠭᠡ ᠶᠢ ᠪᠢᠴᠢᠭ ᠦ᠋ᠨ ᠮᠠᠶᠢᠭ ᠢᠶᠠᠷ ᠳᠠᠭᠤᠳᠠᠬᠤ ᠪᠠᠷ ᠰᠢᠢᠳᠪᠦᠷᠢᠯᠡᠪᠡ᠃ ᠦᠭᠡ ᠶᠢᠨ ᠨᠠᠷᠢᠨ ᠤᠤᠠᠬ᠎ᠠ ᠶᠢ ᠢᠯᠭᠠᠬᠤ ᠪᠠ ᠨᠠᠢᠷᠠᠭᠤᠯᠭ᠎ᠠ ᠶᠢᠨ ᠥᠩᠭᠡ ᠦᠵᠡᠭᠦᠯᠬᠦ ᠲᠠᠯ᠎ᠠ ᠪᠠᠷ ᠢᠯᠭᠠᠭ᠎ᠠ ᠲᠠᠢ ᠬᠡᠯᠡᠭᠳᠡᠳᠡᠭ ᠬᠤᠶᠠᠷ ᠳᠠᠭᠤᠳᠠᠯᠭ᠎ᠠ ᠲᠠᠢ ᠦᠭᠡᠨ ᠳ᠋ᠦ᠍ ᠮᠦᠨ ᠬᠤᠶᠠᠷ ᠳᠠᠭᠤᠳᠠᠯᠭ᠎ᠠ ᠬᠠᠳᠠᠵᠠᠢ᠃

3. ᠠᠩᠬᠠᠳᠠᠬᠢ ᠬᠡᠪᠯᠡᠯ ᠳ᠋ᠦ᠍ ᠭᠤᠭᠤᠵᠢᠠᠠᠳᠠᠭᠰᠠᠨ ᠦᠭᠡᠰ ᠢ ᠲᠣᠯᠤᠭᠠᠢ ᠦᠭᠡ ᠪᠡᠷ ᠨᠥᠬᠦᠵᠦ ᠣᠷᠤᠭᠤᠯᠪᠠ᠃ ᠠᠩᠬᠠᠳᠠᠬᠢ ᠬᠡᠪᠯᠡᠯ ᠦ᠋ᠨ ᠦᠭᠡ ᠰᠣᠩᠭᠤᠬᠤ ᠶᠠᠪᠤᠴᠠ ᠳᠤ ᠣᠷᠬᠢᠭᠳᠠᠭᠰᠠᠨ ᠪᠤᠶᠤ ᠭᠤᠭᠤᠵᠢᠠᠠᠳᠠᠭᠰᠠᠨ 《ᠣᠭᠤᠷᠴᠤᠭ᠂ ᠣᠯᠢᠭᠤ᠂ ᠪᠠᠭᠠᠬᠠᠨ᠂ ᠭᠦᠶᠦᠯᠭᠡᠨᠡᠬᠦ᠂ ᠭᠦᠶᠦᠯᠭᠡᠨᠡᠭᠦᠯᠬᠦ》 ᠮᠡᠲᠦ ᠶ᠋ᠢᠨ ᠦᠭᠡᠰ ᠢ ᠨᠥᠬᠦᠵᠦ ᠣᠷᠤᠭᠤᠯᠬᠤ ᠶ᠋ᠢᠨ ᠬᠠᠮᠲᠤ ᠭᠡᠷᠡᠭᠯᠡᠭᠳᠡᠬᠦᠨ ᠪᠣᠯᠭᠠᠨ ᠠᠰᠢᠠᠠᠯᠠᠭᠰᠠᠨ 《ᠮᠣᠩᠭᠤᠯ ᠬᠡᠯᠡᠨ ᠦ᠌ ᠲᠣᠯᠢ》᠂ 《ᠮᠣᠩᠭᠤᠯ ᠭᠢᠳᠡᠤᠨ ᠲᠣᠯᠢ》᠂ 《ᠮᠣᠩᠭᠤᠯ ᠬᠡᠯᠡᠨ ᠦ᠌ ᠲᠣᠪᠴᠢ ᠲᠠᠢᠯᠪᠤᠷᠢ ᠲᠣᠯᠢ》 ᠮᠡᠲᠦ ᠶ᠋ᠢᠨ ᠲᠣᠯᠢ ᠪᠢᠴᠢᠭ ᠦ᠋ᠳ ᠲᠡᠢ ᠬᠠᠷᠭᠤᠭᠤᠯᠤᠨ ᠰᠢᠭᠦᠵᠦ ᠪᠠᠢᠭᠠᠤᠨ 1000 ᠭᠠᠷᠤᠢ ᠦᠭᠡ ᠨᠡᠮᠡᠵᠦ ᠣᠷᠤᠭᠤᠯᠪᠠ᠃

2012 ᠣᠨ ᠤ᠋ 8 ᠰᠠᠷ᠎ᠠ ᠬᠦᠷᠴᠦ ᠲᠣᠯᠢᠨ ᠤ᠋ 10 ᠳᠠᠬᠢ ᠬᠠᠷᠭᠤᠭᠤᠯᠭ᠎ᠠ ᠶᠢᠨ ᠶᠠᠩᠵᠤ ᠶᠢ ᠬᠢᠨᠠᠵᠤ ᠪᠠᠢᠲᠠᠯ᠎ᠠ ᠲᠣᠯᠢ ᠨᠠᠢᠷᠠᠭᠤᠯᠬᠤ ᠺᠣᠮᠢᠰ ᠤ᠋ᠨ ᠵᠥᠪᠯᠡᠭᠴᠢ᠂ ᠡᠷᠬᠢᠯᠡᠭᠴᠢ ᠬᠤᠶᠠᠷ ᠬᠡᠪᠯᠡᠯ ᠦ᠋ᠨ ᠬᠣᠷᠢᠶᠠᠨ ᠤ᠋ ᠬᠠᠷᠢᠭᠤᠴᠠᠭᠰᠠᠨ ᠨᠠᠢᠷᠠᠭᠤᠯᠤᠠᠠᠴᠢ ᠶᠢ ᠳᠠᠭᠤᠳᠠᠵᠤ᠂ ᠲᠣᠯᠢᠨ ᠳ᠋ᠤ᠌ ᠨᠡᠮᠡᠭᠳᠡᠭᠰᠡᠨ ᠦᠭᠡᠰ ᠢ ᠲᠡᠭᠦᠵᠦ ᠭᠠᠷᠭᠠᠨ ᠳᠡᠭᠡᠭᠰᠢ ᠮᠡᠳᠡᠭᠦᠯᠬᠦ ᠬᠡᠷᠡᠭᠲᠡᠢ᠂ ᠮᠠᠨ ᠤ ᠲᠣᠯᠢᠨ ᠳ᠋ᠤ᠌ ᠤᠷᠤᠠᠠᠰᠠᠨ ᠦᠭᠡᠰ ᠢ ᠵᠥᠪ ᠪᠢᠴᠢᠯᠭᠡ ᠶᠢᠨ ᠺᠣᠮᠢᠰ ᠤ᠋ᠨ ᠠᠩᠬᠠᠳᠤᠭᠠᠷ ᠬᠤᠷᠠᠯ ᠳᠡᠭᠡᠷ᠎ᠡ ᠶᠠᠷᠢᠯᠴᠠᠵᠤ ᠪᠠᠲᠤᠯᠠᠭᠰᠠᠨ ᠪᠣᠯᠬᠣᠷ ᠨᠡᠮᠡᠭᠳᠡᠭᠰᠡᠨ ᠦᠭᠡᠰ ᠢ ᠴᠦ ᠳᠡᠭᠡᠭᠰᠢ ᠮᠡᠳᠡᠭᠦᠯᠦᠨ ᠵᠥᠪᠰᠢᠶᠡᠷᠡᠭᠦᠯᠬᠦ ᠬᠡᠷᠡᠭᠲᠡᠢ ᠭᠡᠵᠡᠢ᠃ ᠢᠩᠬᠢᠭᠡᠤᠨ ᠪᠢᠳᠡ ᠲᠣᠯᠢᠨ ᠤ᠋ 10 ᠳᠠᠬᠢ ᠬᠠᠷᠭᠤᠭᠤᠯᠭ᠎ᠠ ᠶᠢᠨ ᠶᠠᠩᠵᠤᠨ ᠠᠴᠠ ᠨᠡᠮᠡᠭᠳᠡᠭᠰᠡᠨ ᠦᠭᠡᠰ ᠢ ᠠᠩᠬᠠᠳᠠᠬᠢ ᠬᠡᠪᠯᠡᠯ ᠲᠡᠢ ᠬᠠᠷᠢᠴᠠᠭᠤᠯᠵᠤ ᠪᠠᠢᠭᠠᠤᠨ 869 ᠶᠢ ᠬᠠᠰᠤᠠᠠᠰᠠᠨ ᠪᠦᠭᠡᠤᠨ ᠨᠠᠷᠢᠨ ᠬᠢᠨᠠᠮᠠᠭᠠᠢ ᠲᠡᠮᠳᠡᠭᠯᠡᠵᠦ 《<ᠮᠣᠩᠭᠤᠯ ᠵᠥᠪ ᠪᠢᠴᠢᠯᠭᠡ ᠶᠢᠨ ᠲᠣᠯᠢ > ᠶᠢᠨ ᠨᠡᠮᠡᠨ ᠵᠠᠰᠠᠭᠰᠠᠨ ᠳᠡᠪᠲᠡᠷ ᠲᠦ᠍ ᠨᠡᠮᠡᠭᠳᠡᠭᠰᠡᠨ ᠦᠭᠡᠰ ᠦ᠋ᠨ ᠡᠮᠬᠢᠳᠭᠡᠯ》 ᠭᠡᠵᠦ ᠭᠠᠷᠴᠠᠭᠯᠠᠭᠠᠤᠨ ᠳᠡᠭᠡᠭᠰᠢ ᠮᠡᠳᠡᠭᠦᠯᠵᠦ ᠪᠢᠯᠡ᠃ 2012 ᠣᠨ ᠤ᠋ 10 ᠰᠠᠷ᠎ᠠ ᠶᠢᠨ 8 ᠳᠤ ᠵᠥᠪ ᠪᠢᠴᠢᠯᠭᠡ ᠶᠢᠨ ᠺᠣᠮᠢᠰ ᠠᠯᠪᠠᠨ ᠪᠢᠴᠢᠭ ᠪᠠᠭᠤᠯᠭᠠᠵᠤ 《800 ᠰᠢᠬᠠᠮ ᠦᠭᠡᠰ ᠦ᠋ᠨ ᠳᠣᠲᠤᠷ᠎ᠠ ᠠ᠋ᠴᠠ 282 ᠦᠭᠡ ᠶᠢ ᠰᠣᠩᠭᠤᠵᠤ ᠠᠪᠤᠪᠠ》 ᠭᠡᠰᠡᠨ ᠪᠠᠢᠯ᠎ᠠ᠃ ᠲᠡᠭᠡᠭᠡᠤᠨ ᠪᠢᠳᠡ ᠵᠠᠰᠠᠭ ᠵᠠᠬᠢᠷᠭᠠᠨ ᠤ ᠵᠢᠭᠠᠪᠤᠷᠢ ᠶᠣᠰᠤ ᠪᠠᠷ 11 ᠳᠠᠬᠢ ᠬᠠᠷᠭᠤᠭᠤᠯᠭ᠎ᠠ ᠶᠢᠨ ᠶᠠᠩᠵᠤᠨ ᠳᠡᠭᠡᠷ᠎ᠡ ᠵᠥᠪᠰᠢᠶᠡᠷᠡᠭᠳᠡᠭᠰᠡᠨ ᠦᠭᠡᠰ ᠢ ᠨᠡᠮᠡᠵᠡᠢ᠃ ᠡᠮᠦᠨ᠎ᠡ ᠬᠣᠢᠨᠠᠬᠢ ᠲᠠᠢ  ᠨᠢ ᠨᠡᠢᠯᠡᠭᠦᠯᠵᠦ ᠪᠣᠳᠤᠪᠠᠯ᠂ ᠬᠣᠶᠠᠳᠠᠬᠢ ᠬᠡᠪᠯᠡᠯ ᠳ᠋ᠦ᠍ 300 ᠭᠠᠷᠤᠢ ᠲᠣᠯᠤᠭᠠᠢ ᠦᠭᠡ ᠨᠡᠮᠡᠭᠳᠡᠭᠰᠡᠨ ᠶᠤᠮ᠃

4. 《ᠮᠣᠩᠭᠤᠯ ᠪᠢᠴᠢᠭ ᠦ᠋ᠨ ᠵᠥᠪ ᠪᠢᠴᠢᠬᠦ ᠲᠣᠪᠴᠢ ᠳᠦᠷᠢᠮ》 ᠢ ᠵᠣᠬᠢᠶᠠᠨ ᠪᠣᠯᠪᠠᠰᠤᠷᠠᠭᠤᠯᠵᠤ᠂ ᠲᠣᠯᠢᠨ ᠤ᠋ ᠠᠷᠤ ᠳᠤ 《ᠬᠠᠪᠰᠤᠷᠤᠯᠲᠠ》 ᠪᠠᠷ ᠣᠷᠤᠭᠤᠯᠤᠨ ᠠᠩᠬᠠᠨ ᠤ ᠵᠣᠷᠢᠯᠲᠠ ᠪᠠᠨ ᠪᠡᠶᠡᠯᠡᠭᠦᠯᠪᠡ᠃ ᠤᠤᠯ ᠨᠢ ᠲᠣᠯᠢ ᠨᠠᠢᠷᠠᠭᠤᠯᠬᠤ ᠺᠣᠮᠢᠰ ᠤ᠋ᠨ ᠠᠩᠬᠠᠳᠤᠭᠠᠷ ᠬᠤᠷᠠᠯ ᠤᠨ ᠨᠠᠢᠳᠠᠯᠭ᠎ᠠ ᠪᠠᠷ ᠡᠨᠡ ᠬᠦ ᠡᠭᠡ ᠪᠢᠴᠢᠭ ᠢ᠋ 1997 ᠣᠨ ᠳ᠋ᠤ᠌ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢᠨ ᠫᠷᠣᠹᠧᠰᠰᠣᠷ ᠬᠦᠭᠵᠢᠯᠳᠤ ᠲᠤᠭᠤᠷᠪᠢᠵᠤ᠂ 1998 ᠣᠨ ᠳ᠋ᠤ᠌ ᠨᠠᠢᠷᠠᠭᠤᠯᠬᠤ ᠺᠣᠮᠢᠰ ᠤ᠋ᠨ ᠠᠯᠪᠠᠨ ᠭᠡᠷ ᠬᠠᠮᠢᠶ᠎ᠠ ᠪᠦᠬᠦᠢ ᠬᠡᠯᠡᠨ ᠦ᠌ ᠡᠷᠳᠡᠮᠳᠡᠤᠨ ᠢ ᠤᠷᠢᠵᠤ᠂ ᠤᠷᠢᠤᠨ ᠬᠤᠵᠢᠤᠨ 5 ᠤᠳᠠᠭ᠎ᠠ ᠶᠠᠷᠢᠯᠴᠠᠨ ᠵᠠᠰᠠᠭᠰᠠᠨ ᠪᠣᠯᠪᠠᠴᠤ ᠲᠤᠬᠠᠢ ᠶᠢᠨ ᠦᠶ᠎ᠡ ᠶᠢᠨ ᠨᠥᠬᠦᠴᠡᠯ ᠰᠢᠯᠲᠠᠭᠠᠨ ᠤ᠋ ᠬᠠᠷᠠᠭ᠎ᠠ ᠪᠠᠷ ᠠᠩᠬᠠᠨ ᠤ ᠬᠡᠪᠯᠡᠯ ᠳ᠋ᠦ᠍ ᠣᠷᠤᠭᠤᠯᠵᠤ ᠡᠰᠡ ᠴᠢᠳᠠᠪᠠ᠃ 21 ᠳ᠋ᠤᠭᠡᠷ ᠵᠠᠭᠤᠨ ᠤ ᠪᠣᠱᠤᠭ᠎ᠠ ᠶ᠋ᠢ ᠠᠯᠬᠤᠵᠤ ᠣᠷᠤᠬᠤ ᠳ᠋ᠠᠭᠠᠨ ᠪᠢᠳᠡ ᠬᠠᠭᠤᠴᠢᠨ ᠠᠵᠢᠯ ᠢᠶᠠᠨ ᠦᠷᠭᠦᠯᠵᠢᠯᠡᠭᠦᠯᠦᠨ ᠰᠢᠨ᠎ᠡ ᠬᠠᠭᠤᠳᠠᠰᠤ ᠶᠢ ᠰᠡᠬᠦᠬᠦ ᠪᠡᠷ ᠴᠢᠷᠮᠠᠢᠠᠠᠰᠠᠨ ᠪᠦᠭᠡᠤᠨ 《ᠵᠥᠪ ᠪᠢᠴᠢᠬᠦ ᠲᠣᠪᠴᠢ ᠳᠦᠷᠢᠮ》 ᠢ ᠡᠷᠳᠡᠮᠲᠡᠨ ᠪᠠᠭᠰᠢ ᠨᠠᠷ ᠤᠨ ᠰᠠᠨᠠᠯ ᠳᠤ ᠦᠨᠳᠦᠰᠦᠯᠡᠨ ᠫᠷᠣᠹᠧᠰᠰᠣᠷ ᠬᠦᠭᠵᠢᠯᠳᠤ ᠲᠡᠬᠢᠵᠤ ᠵᠠᠰᠠᠪᠠ᠃ ᠪᠢᠳᠡ ᠲᠡᠭᠦᠨ ᠢ᠋  ᠨᠢ ᠲᠤᠰᠭᠠᠢ ᠲᠣᠪᠬᠢᠮᠠᠯ ᠪᠣᠯᠭᠠᠵᠤ ᠭᠡᠪᠯᠡᠬᠦᠯᠤᠭᠡᠤᠨ ᠲᠣᠯᠢ ᠨᠠᠢᠷᠠᠭᠤᠯᠬᠤ ᠺᠣᠮᠢᠰ ᠤ᠋ᠨ ᠨᠡᠷ᠎ᠡ ᠪᠡᠷ ᠨᠠᠢᠷᠠᠭᠤᠯᠬᠤ ᠺᠣᠮᠢᠰ ᠤ᠋ᠨ ᠭᠡᠰᠢᠭᠦᠨ ᠵᠢᠴᠢ ᠶᠡᠬᠡ ᠰᠤᠷᠭᠠᠭᠤᠯᠢ᠂ ᠳᠡᠭᠡᠳᠦ ᠰᠤᠷᠭᠠᠭᠤᠯᠢ᠂ ᠳᠤᠮᠳᠠᠳᠤ ᠰᠤᠷᠭᠠᠭᠤᠯᠢ ᠶᠢᠨ ᠬᠡᠯᠡᠨ ᠦ᠌ ᠪᠠᠭᠰᠢ ᠬᠢᠭᠡᠤᠨ ᠬᠡᠪᠯᠡᠯ ᠦ᠋ᠨ ᠬᠣᠷᠢᠶ᠎ᠠ᠂ ᠰᠣᠨᠢᠨ ᠤ᠋ ᠬᠣᠷᠢᠶ᠎ᠠ᠂ ᠷᠠᠳᠢᠣ᠋ ᠲᠧᠯᠸᠢᠰ ᠬᠣᠷᠢᠶᠠᠨ ᠤ᠋ ᠨᠠᠢᠷᠠᠭᠤᠯᠤᠠᠠᠴᠢ ᠰᠤᠷᠪᠤᠯᠵᠢᠯᠠᠭᠴᠢ ᠨᠠᠷ ᠲᠤ ᠬᠦᠷᠭᠡᠵᠦ᠂ ᠥᠷᠭᠡᠨ ᠬᠡᠪᠴᠢᠶ᠎ᠡ ᠪᠡᠷ ᠰᠠᠨᠠᠯ ᠬᠤᠷᠢᠶᠠᠭᠰᠠᠨ ᠤ ᠰᠠᠭᠤᠷᠢᠨ ᠳᠡᠭᠡᠷ᠎ᠡ ᠰᠢᠨ᠎ᠡ ᠪᠡᠷ ᠵᠠᠰᠠᠵᠤ ᠬᠡᠪᠯᠡᠭᠦᠯᠬᠦ 《ᠮᠣᠩᠭᠤᠯ ᠵᠥᠪ ᠪᠢᠴᠢᠯᠭᠡ ᠶᠢᠨ ᠲᠣᠯᠢ》 ᠳᠤ ᠳᠠᠭᠠᠯᠳᠤᠭᠤᠯᠤᠨ ᠣᠷᠤᠭᠤᠯᠬᠤ ᠪᠠᠷ ᠵᠢᠱ᠌ᠢᠵᠦ ᠪᠠᠢᠬᠤ ᠪᠠᠨ ᠮᠡᠳᠡᠭᠳᠡᠭᠰᠡᠨ 《ᠮᠡᠳᠡᠭᠳᠡᠯ》 ᠲᠠᠷᠬᠠᠭᠠᠵᠤ ᠪᠢᠯᠡ᠃ ᠭᠡᠪᠡᠴᠦ ᠲᠣᠯᠢᠨ ᠤ᠋ ᠳᠥᠷᠪᠡᠳᠡᠬᠢ ᠶᠠᠩᠵᠤ ᠶᠢ ᠬᠠᠷᠭᠤᠭᠤᠯᠵᠤ ᠪᠠᠢᠬᠤ ᠶᠠᠪᠤᠴᠠ ᠳᠤ (2004 — 2005 ᠣᠨ ᠳ᠋ᠤ᠌) ᠲᠣᠯᠢ ᠨᠠᠢᠷᠠᠭᠤᠯᠬᠤ ᠺᠣᠮᠢᠰ ᠤ᠋ᠨ ᠤᠳᠤᠷᠢᠳᠤᠯᠭ᠎ᠠ ᠭᠡᠨᠡᠳᠲᠡ ᠫᠷᠣᠹᠧᠰᠰᠣᠷ ᠨᠠ᠊ · ᠭᠤᠨᠴᠤᠠᠠᠰᠦ᠋ᠷᠤᠩ ᠢ ᠤᠷᠢᠵᠤ ᠠᠪᠴᠢᠷᠠᠨ ᠬᠠᠷᠭᠤᠭᠤᠯᠬᠤ ᠠᠵᠢᠯ ᠳᠤ ᠬᠠᠪᠰᠤᠷᠤᠭᠤᠯᠬᠤ ᠶᠢᠨ ᠬᠠᠮᠲᠤ 《ᠮᠣᠩᠭᠤᠯ ᠪᠢᠴᠢᠭ ᠦ᠋ᠨ ᠵᠥᠪ ᠪᠢᠴᠢᠬᠦ ᠳᠦᠷᠢᠮ》 ᠢ ᠲᠡᠬᠢᠵᠤ ᠪᠢᠴᠢᠭᠦᠯᠵᠡᠢ᠃ ᠮᠦᠨ ᠶᠣᠰᠤ ᠪᠠᠷ ᠠᠬᠢᠨ ᠲᠠᠬᠢᠨ ᠬᠤᠷᠠᠯ ᠬᠤᠢ ᠬᠢᠵᠦ ᠶᠠᠷᠢᠯᠴᠠᠨ ᠰᠤᠳᠤᠯᠤᠯᠴᠠᠭᠰᠠᠭᠠᠷ 2008 ᠣᠨ ᠤ᠋ 8 ᠰᠠᠷ᠎ᠠ ᠳᠤ ᠥᠪᠦᠷ ᠮᠣᠩᠭᠤᠯ ᠤ᠋ᠨ ᠶᠡᠬᠡ ᠰᠤᠷᠭᠠᠭᠤᠯᠢ ᠳᠤ ᠬᠤᠷᠠᠯᠳᠤᠠᠠᠰᠠᠨ ᠮᠣᠩᠭᠤᠯ ᠪᠢᠴᠢᠭ ᠦ᠋ᠨ ᠵᠥᠪ ᠪᠢᠴᠢᠬᠦ ᠳᠦᠷᠢᠮ ᠦ᠋ᠨ ᠲᠤᠬᠠᠢ ᠡᠷᠳᠡᠮ ᠰᠢᠨᠵᠢᠯᠡᠭᠡᠨ ᠦ᠌ ᠶᠠᠷᠢᠯᠴᠠᠬᠤ ᠬᠤᠷᠠᠯ ᠤᠨ ᠳᠠᠷᠠᠭ᠎ᠠ ᠲᠦᠩᠭᠡᠭᠡᠤᠨ ᠨᠢᠭᠡ ᠵᠦᠭ ᠭᠠᠷᠴᠤ᠂ 《ᠲᠣᠪᠴᠢ ᠳᠦᠷᠢᠮ》 ᠭᠡᠵᠦ ᠨᠡᠷᠡᠯᠡᠭᠡᠤᠨ ᠲᠣᠯᠢᠨ ᠤ᠋ ᠠᠷᠤ ᠳᠤ 《ᠬᠠᠪᠰᠤᠷᠤᠯᠲᠠ》 ᠪᠣᠯᠭᠠᠨ ᠣᠷᠤᠭᠤᠯᠬᠤ ᠪᠠᠷ ᠲᠤᠠᠠᠳᠠᠵᠤ ᠪᠢᠯᠡ᠃ ᠲᠤᠰ ᠳᠦᠷᠢᠮ ᠢ᠋ ᠨᠠᠢᠷᠠᠭᠤᠯᠤᠨ ᠪᠢᠴᠢᠬᠦ ᠠᠵᠢᠯ ᠳᠤ ᠤᠷᠢᠤᠨ ᠬᠤᠵᠢᠤᠨ ᠣᠷᠤᠯᠴᠠᠭᠰᠠᠨ ᠫᠷᠣᠹᠧᠰᠰᠣᠷ ᠬᠦᠭᠵᠢᠯᠳᠤ᠂ ᠫᠷᠣᠹᠧᠰᠰᠣᠷ ᠨᠠ᠊ · ᠭᠤᠨᠴᠤᠠᠠᠰᠦ᠋ᠷᠤᠩ ᠪᠣᠯᠤᠨ 1995 ᠣᠨ ᠠ᠋ᠴᠠ ᠨᠠᠭᠠᠰᠢ ᠪᠤᠯᠤᠠᠠᠰᠠᠨ ᠤᠯᠠᠨ ᠤᠳᠠᠭᠠᠨ ᠤ ᠶᠠᠷᠢᠯᠴᠠᠬᠤ ᠬᠤᠷᠠᠯ ᠳᠤ ᠣᠷᠤᠯᠴᠠᠨ ᠦᠨ᠎ᠡ ᠴᠠᠨ᠎ᠠ ᠲᠠᠢ ᠰᠠᠨᠠᠯ ᠵᠥᠪᠯᠡᠯᠭᠡ ᠥᠭᠴᠦ᠂ ᠲᠤᠰ ᠳᠦᠷᠢᠮ ᠢ᠋ ᠪᠣᠯᠪᠠᠰᠤᠷᠠᠭᠤᠯᠤᠨ ᠲᠡᠭᠦᠯᠳᠡᠷᠵᠢᠭᠦᠯᠬᠦ ᠳ᠋ᠦ᠍ ᠵᠢᠳᠭᠦᠯ ᠦᠵᠡᠭᠦᠯᠦᠭᠰᠡᠨ ᠡᠷᠳᠡᠮᠲᠡᠨ ᠰᠤᠳᠤᠯᠭᠠᠳᠠᠤᠨ ᠵᠢᠴᠢ ᠠᠷᠪᠠᠨ ᠬᠡᠳᠦᠨ ᠵᠢᠯ ᠦ᠋ᠨ ᠲᠤᠷᠰᠢ ᠪᠡᠶ᠎ᠡ ᠰᠡᠳᠭᠢᠯ ᠢ᠋ᠶ᠋ᠡᠨ ᠵᠦᠳᠡᠭᠡᠨ ᠪᠦᠬᠦ ᠲᠠᠯ᠎ᠠ ᠪᠠᠷ ᠵᠢᠭᠠᠨ ᠵᠢᠯᠤᠭᠤᠳᠤᠠᠠᠰᠠᠨ ᠠᠯᠳᠠᠷᠲᠤ ᠡᠷᠳᠡᠮᠲᠡᠨ ᠫᠷᠣᠹᠧᠰᠰᠣᠷ ᠴᠡᠩᠭᠡᠯᠲᠡᠢ᠂ ᠫᠷᠣᠹᠧᠰᠰᠣᠷ ᠴᠣᠢᠵᠤᠩᠵᠠᠪ ᠤ᠋ᠨ ᠠᠴᠢ ᠭᠠᠪᠢᠶ᠎ᠠ ᠶᠢ ᠡᠭᠦᠷᠢᠳᠡ ᠲᠡᠮᠳᠡᠭᠯᠡᠨ ᠳᠤᠷᠠᠰᠭᠠᠬᠤ ᠶᠤᠰᠤᠳᠠᠢ᠃

5. ᠲᠣᠯᠢᠨ ᠤ᠋ ᠠᠷᠤ ᠳᠤ ᠲᠤᠯᠤᠭᠠᠨ ᠵᠦᠢᠯ ᠦ᠋ᠨ 《ᠬᠠᠪᠰᠤᠷᠤᠯᠲᠠ》 ᠨᠠᠢᠷᠠᠭᠤᠯᠵᠤ ᠳᠠᠭᠠᠯᠳᠤᠭᠤᠯᠪᠠ᠃

ᠬᠠᠪᠰᠤᠷᠤᠯᠲᠠ ᠨᠢᠭᠡ᠄ 《ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ ᠮᠣᠩᠭᠤᠯ ᠦᠭᠡ ᠭᠡᠯᠡ ᠦᠰᠦᠭ ᠪᠢᠴᠢᠭ ᠦ᠋ᠨ ᠠᠵᠢᠯ ᠤᠨ ᠳᠦᠷᠢᠮ》;

ᠬᠠᠪᠰᠤᠷᠤᠯᠲᠠ ᠬᠤᠶᠠᠷ᠄ 《ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ ᠠᠷᠠᠤᠨ ᠤᠨ ᠵᠠᠰᠠᠭ ᠤᠨ ᠣᠷᠳᠤᠨ ᠤ᠋ ᠠᠯᠪᠠᠨ ᠲᠢᠩᠬᠢᠮ ᠦ᠋ᠨ ᠠᠯᠪᠠᠨ ᠪᠢᠴᠢᠭ(ᠥᠪᠦᠷ ᠵᠠᠰᠠᠭ ᠲᠢᠩᠬᠢᠮ ᠦᠰᠦᠭ [2001] 29 ᠳ᠋ᠤᠭᠡᠷ ᠲᠣᠭᠠᠲᠤ);

ᠬᠠᠪᠰᠤᠷᠤᠯᠲᠠ ᠭᠤᠷᠪᠠ᠄ 《ᠮᠣᠩᠭᠤᠯ ᠪᠢᠴᠢᠭ ᠦ᠋ᠨ ᠵᠥᠪ ᠪᠢᠴᠢᠬᠦ ᠲᠣᠪᠴᠢ ᠳᠦᠷᠢᠮ》;

ᠬᠠᠪᠰᠤᠷᠤᠯᠲᠠ ᠳᠥᠷᠪᠡ᠄ 《ᠳᠤᠮᠳᠠᠳᠤ ᠤᠯᠤᠰ ᠤᠨ ᠮᠣᠩᠭᠤᠯ ᠬᠡᠯᠡᠨ ᠦ᠌ ᠪᠠᠷᠢᠮᠵᠢᠶ᠎ᠠ ᠠᠪᠢᠶ᠎ᠠ》 (ᠰᠣᠩᠭᠤᠨ ᠬᠡᠷᠡᠭᠯᠡᠪᠡ);

ᠬᠠᠪᠰᠤᠷᠤᠯᠲᠠ ᠲᠠᠪᠤ᠄ ᠮᠣᠩᠭᠤᠯ ᠤ᠋ᠨ ᠲᠡᠦᠬᠡᠨ ᠳᠡᠭᠡᠷᠡᠬᠢ ᠬᠠᠭᠠᠤᠨ;

ᠬᠠᠪᠰᠤᠷᠤᠯᠲᠠ ᠵᠢᠷᠭᠤᠭ᠎ᠠ᠄ ᠳᠡᠯᠡᠬᠡᠢ ᠶ᠋ᠢᠨ ᠡᠯ᠎ᠡ ᠤᠯᠤᠰ ᠪᠠ ᠭᠠᠵᠠᠷ ᠣᠷᠤᠨ ᠵᠢᠴᠢ ᠲᠡᠭᠦᠨ ᠦ᠌ ᠨᠡᠢᠰᠯᠡᠯ (ᠪᠤᠶᠤ ᠲᠥᠪ) ᠤᠨ ᠲᠣᠪᠴᠢ ᠬᠦᠰᠦᠨᠦᠭᠲᠦ;

ᠬᠠᠪᠰᠤᠷᠤᠯᠲᠠ ᠳᠣᠯᠤᠭ᠎ᠠ᠄ 《ᠮᠣᠩᠭᠤᠯ ᠵᠥᠪ ᠪᠢᠴᠢᠯᠭᠡ ᠶᠢᠨ ᠲᠣᠯᠢ》 ᠳᠤ ᠨᠢᠭᠡᠳᠭᠡᠨ ᠳᠦᠷᠢᠮᠵᠢᠭᠦᠯᠦᠭᠰᠡᠨ ᠦᠭᠡᠰ ᠭᠡᠬᠦ ᠮᠡᠲᠦ᠃

ᠲᠤᠰ ᠲᠣᠯᠢ ᠬᠤᠶᠠᠷᠳᠠ ᠬᠡᠪᠯᠡᠭᠳᠡᠬᠦ ᠪᠦᠬᠦ ᠶᠠᠪᠤᠴᠠ ᠳᠤ ᠥᠪᠡᠷᠲᠡᠭᠡᠨ ᠵᠠᠰᠠᠬᠤ ᠣᠷᠤᠨ ᠤ ᠠᠷᠠᠤᠨ ᠤᠨ ᠵᠠᠰᠠᠭ ᠤᠨ ᠣᠷᠳᠤᠨ ᠬᠢᠭᠡᠤᠨ ᠲᠡᠭᠦᠨ ᠦ᠌ ᠬᠠᠷᠢᠶᠠᠨ ᠤ ᠵᠠᠰᠠᠭ ᠵᠠᠬᠢᠷᠭᠠᠨ ᠤ ᠬᠠᠮᠢᠶ᠎ᠠ ᠪᠦᠬᠦᠢ ᠪᠠᠢᠭᠤᠯᠭ᠎ᠠ ᠠᠷᠪᠠᠨ ᠬᠡᠳᠦᠨ ᠵᠢᠯ ᠦ᠋ᠨ ᠲᠤᠷᠰᠢ ᠬᠠᠢᠷ᠎ᠠ ᠬᠠᠯᠠᠮᠵᠢ ᠬᠦᠷᠲᠡᠭᠡᠭᠰᠡᠭᠡᠷ ᠢᠷᠡᠭᠰᠡᠨ ᠪᠥᠭᠡᠳ ᠥᠪᠦᠷ ᠮᠣᠩᠭᠤᠯ ᠤ᠋ᠨ ᠠᠷᠠᠤᠨ ᠤᠨ ᠬᠡᠪᠯᠡᠯ ᠦ᠋ᠨ ᠬᠣᠷᠢᠶᠠᠨ ᠤ᠋ ᠬᠡᠳᠦᠨ ᠬᠤᠭᠤᠴᠠᠭᠠᠨ ᠤ ᠤᠳᠤᠷᠢᠳᠤᠯᠭ᠎ᠠ ᠬᠦᠴᠦᠲᠡᠢ ᠳᠡᠮᠵᠢᠯᠭᠡ ᠦᠵᠡᠭᠦᠯᠦᠭᠰᠡᠨ ᠶᠤᠮ᠃ ᠦᠨᠳᠦᠰᠦᠲᠡᠨ ᠦ᠌ ᠪᠡᠨ ᠭᠡᠯᠡ ᠰᠣᠶᠤᠯ ᠤ᠋ᠨ ᠥᠷᠨᠢᠩᠭᠦᠢ ᠬᠥᠭᠵᠢᠯᠲᠡ ᠶ᠋ᠢᠨ ᠲᠥᠯᠦᠭᠡ ᠴᠢᠩ ᠰᠡᠳᠭᠢᠯ ᠢ᠋ᠶ᠋ᠡᠷ ᠵᠢᠳᠭᠦᠭᠰᠡᠨ ᠡᠳᠡᠭᠡᠷ ᠪᠠᠢᠭᠤᠯᠭ᠎ᠠ ᠶᠢᠨ ᠤᠳᠤᠷᠢᠳᠤᠯᠭ᠎ᠠ ᠪᠣᠯᠤᠨ ᠲᠣᠯᠢ ᠨᠠᠢᠷᠠᠭᠤᠯᠬᠤ ᠠᠵᠢᠯ ᠳᠤ ᠬᠠᠯᠠᠰᠢᠷᠠᠯ ᠦᠭᠡᠢ ᠣᠷᠤᠯᠴᠠᠭᠰᠠᠨ ᠣᠨᠴᠠ ᠤᠷᠢᠠᠠᠰᠠᠨ ᠵᠥᠪᠯᠡᠭᠴᠢ ᠲᠦᠷᠦᠭᠦᠲᠡᠢ ᠡᠷᠳᠡᠮᠲᠡᠨ ᠮᠡᠷᠭᠡᠤᠨ ᠤᠨ ᠭᠠᠪᠢᠶ᠎ᠠ ᠵᠢᠳᠭᠦᠯ  ᠨᠢ 《ᠮᠣᠩᠭᠤᠯ ᠵᠥᠪ ᠪᠢᠴᠢᠯᠭᠡ ᠶᠢᠨ ᠲᠣᠯᠢ》 ᠶᠢᠨ ᠢᠶᠠᠨ ᠬᠠᠮᠲᠤ ᠦᠨᠢᠳᠡ ᠲᠡᠮᠳᠡᠭᠯᠡᠭᠳᠡᠨ ᠳᠤᠷᠠᠰᠭᠠᠭᠳᠠᠬᠤ ᠪᠣᠯᠤᠨ᠎ᠠ᠃

ᠥᠪᠡᠷᠲᠡᠭᠡᠨ ᠵᠠᠰᠠᠬᠤ ᠣᠷᠤᠨ ᠤ ᠵᠠᠰᠠᠭ ᠤᠨ ᠣᠷᠳᠤᠨ ᠤ᠋ ᠳᠡᠳ᠋ ᠲᠡᠷᠢᠭᠦᠯᠡᠭᠴᠢ ᠪᠠᠢᠠᠠᠰᠠᠨ ᠪᠤᠶᠠᠨᠳᠡᠯᠭᠡᠷ ᠭᠤᠸᠠᠢ ᠲᠤᠰ ᠲᠣᠯᠢᠨ ᠤ᠋ ᠠᠩᠬᠠᠳᠠᠬᠢ ᠬᠡᠪᠯᠡᠯ ᠳ᠋ᠦ᠍ ᠪᠢᠴᠢᠭᠰᠡᠨ 《ᠣᠷᠤᠰᠢᠯ》 ᠳᠠᠭᠠᠨ᠄ 《ᠲᠤᠰ ᠲᠤᠯᠢ ᠪᠠᠷ ᠮᠣᠩᠭᠤᠯ ᠦᠭᠡᠰ ᠦ᠋ᠨ ᠵᠥᠪ ᠪᠢᠴᠢᠯᠭᠡ ᠶᠢᠨ ᠳᠦᠷᠢᠮᠵᠢᠯ ᠦ᠋ᠨ ᠲᠣᠯᠢ ᠪᠣᠯᠭᠠᠵᠤ᠂ ᠪᠦᠬᠦ ᠣᠷᠤᠨ ᠤ ᠬᠡᠪᠴᠢᠶᠡᠨ ᠳ᠋ᠦ᠍ ᠵᠢᠷᠤᠮᠯᠠᠨ ᠬᠡᠷᠡᠭᠵᠢᠭᠦᠯᠬᠦ ᠶ᠋ᠢᠨ ᠬᠠᠮᠲᠤ ᠮᠣᠩᠭᠤᠯ ᠭᠡᠯᠡ ᠪᠢᠴᠢᠭ ᠦ᠋ᠨ ᠠᠵᠢᠯ ᠤᠨ ᠬᠠᠮᠵᠢᠯᠴᠠᠭᠠᠨ ᠤ ᠮᠤᠵᠢ ᠥᠪᠡᠷᠲᠡᠭᠡᠨ ᠵᠠᠰᠠᠬᠤ ᠣᠷᠤᠨ ᠳᠠᠶᠠᠭᠠᠷ ᠲᠤ᠌ ᠤᠬᠠᠭᠤᠯᠤᠨ ᠳᠡᠯᠭᠡᠷᠡᠭᠦᠯᠵᠦ᠂ ᠮᠣᠩᠭᠤᠯ ᠬᠡᠯᠡᠨ ᠦ᠌ ᠴᠥᠭᠡᠨ ᠪᠤᠰᠤ ᠲᠠᠩ ᠦᠭᠡ ᠶᠢ ᠵᠠᠮᠪᠠᠷᠠᠭ᠎ᠠ ᠦᠭᠡᠢ ᠪᠢᠴᠢᠵᠦ ᠪᠠᠢᠭ᠎ᠠ ᠣᠳᠣᠬᠢ ᠪᠠᠢᠳᠠᠯ ᠢ ᠳᠠᠷᠤᠢ ᠲᠦᠷᠭᠡᠨ ᠵᠠᠯᠠᠷᠠᠭᠤᠯᠳᠤᠭᠠᠢ ᠭᠡᠵᠦ ᠰᠠᠨᠠᠭᠠᠴᠢᠯᠠᠶ᠎ᠠ᠃ ᠶᠠᠷᠢᠶᠠᠨ ᠦᠭᠡᠢ᠂ ᠦᠭᠡᠰ ᠦ᠋ᠨ ᠪᠢᠴᠢᠯᠭᠡ ᠶᠢ ᠳᠦᠷᠢᠮᠵᠢᠭᠦᠯᠬᠦ ᠠᠵᠢᠯ ᠭᠡᠭᠴᠢ ᠬᠦᠡᠳᠤ ᠪᠡᠷᠬᠡᠰᠢᠶᠡᠯᠲᠡᠢ ᠨᠡᠢᠭᠡᠮ ᠦ᠋ᠨ ᠢᠨᠵᠧᠨᠧᠷᠢᠩ ᠤᠴᠢᠷ ᠠᠴᠠ ᠪᠤᠢ ᠪᠦᠬᠦᠢ ᠠᠰᠠᠭᠤᠳᠠᠯ ᠢ ᠭᠠᠭᠴᠠ ᠲᠤᠯᠢ ᠪᠠᠷ ᠰᠢᠢᠳᠪᠦᠷᠢᠯᠡᠬᠦ ᠪᠣᠯᠤᠮᠵᠢ ᠠᠯᠠᠭ᠎ᠠ᠃ ᠲᠡᠭᠡᠭᠡᠤᠨ ᠲᠤᠰ ᠲᠤᠯᠢ ᠳᠤ ᠮᠦᠨ ᠬᠦ ᠠᠯᠳᠠᠭ᠎ᠠ ᠲᠠᠢ ᠲᠠᠯ᠎ᠠ᠂ ᠬᠦᠢᠴᠡᠤᠨ ᠦᠭᠡᠢ ᠵᠦᠢᠯ ᠣᠷᠤᠰᠢᠵᠤ ᠪᠠᠢᠭ᠎ᠠ ᠶᠢ ᠬᠡᠯᠡᠬᠦ ᠶᠠᠭᠤ ᠪᠠᠢᠬᠤ ᠪᠤᠢ᠃ ᠭᠡᠪᠡᠴᠦ ᠡᠷᠳᠡᠮᠲᠡᠨ ᠮᠡᠷᠭᠡᠤᠨ ᠬᠢᠭᠡᠤᠨ ᠡᠯ᠎ᠡ ᠡᠳᠡᠭᠡᠤᠨ ᠤᠨ ᠬᠢᠨ ᠲᠡᠭᠦᠨ ᠢ᠋ ᠠᠰᠢᠠᠠᠯᠠᠵᠤ ᠬᠡᠷᠡᠭᠯᠡᠬᠦ ᠶᠠᠪᠤᠴᠠ ᠳᠠᠭᠠᠨ ᠡᠷᠬᠢᠮ ᠨᠠᠨᠳᠢᠨ ᠰᠠᠨᠠᠯ ᠵᠥᠪᠯᠡᠯᠭᠡ ᠪᠡᠨ ᠪᠠᠢᠩᠭᠤ ᠬᠠᠨᠳᠢᠪᠯᠠᠵᠤ᠂ ᠬᠠᠷᠠᠮ ᠦᠭᠡᠢ ᠬᠠᠪᠰᠤᠷᠴᠤ ᠲᠡᠮᠵᠢᠨ ᠵᠠᠰᠠᠵᠤ ᠰᠠᠢᠵᠢᠷᠠᠭᠤᠯᠪᠠᠯ ᠡᠨᠡ  ᠬᠦ ᠲᠤᠯᠢ ᠶᠢᠨ ᠶᠠᠰᠤ ᠴᠢᠨᠠᠷ ᠢ ᠬᠡᠨ ᠴᠦ ᠡᠰᠡ ᠰᠡᠵᠢᠭᠯᠡᠬᠦ ᠳ᠋ᠦ᠍ ᠬᠦᠷᠭᠡᠵᠦ ᠪᠣᠯᠬᠤ ᠶᠤᠮ》 ᠭᠡᠵᠦ ᠴᠢᠩ ᠰᠡᠳᠭᠢᠯᠭᠡ ᠪᠡᠷ ᠬᠦᠰᠡᠵᠦ ᠱᠠᠭᠠᠷᠳᠠᠭᠰᠠᠨ ᠪᠢᠯᠡ᠃ ᠡᠨᠡ ᠶᠣᠰᠤ ᠪᠠᠷ ᠬᠥᠮᠦᠰ ᠦ᠋ᠨ ᠰᠠᠨᠠᠯ ᠵᠥᠪᠯᠡᠯᠭᠡ ᠶ᠋ᠢ ᠪᠢᠳᠡ ᠳᠠᠷᠤᠤ ᠬᠢᠴᠢᠶᠡᠩᠭᠦᠢ ᠣᠪᠤᠷ ᠢ᠋ᠶ᠋ᠠᠷ ᠰᠤᠨᠤᠰᠤᠠᠠᠰᠠᠭᠠᠷ ᠪᠠᠢᠨ᠎ᠠ᠃

 

ᠸᠢᠴᠠᠲ ᠲᠤ ᠪᠠᠨ ᠬᠤᠪᠢᠶᠠᠯᠴᠠᠬᠤ