ᠥᠪᠦᠷ ᠮᠣᠩᠭᠤᠯ ᠤ᠋ᠨ ᠶᠡᠬᠡ ᠰᠤᠷᠭᠠᠭᠤᠯᠢ ᠶ᠋ᠢᠨ ᠠᠩᠬᠠᠳᠤᠭᠠᠷ ᠤᠳᠠᠭᠠᠨ ᠤ᠋《 ᠮᠣᠩᠭᠤᠯ ᠤ᠋ᠨ ᠨᠢᠭᠤᠴᠠ ᠲᠣᠪᠴᠢᠶᠠᠨ》ᠤ᠋ ᠣᠯᠠᠨ ᠤᠯᠤᠰ ᠤ᠋ᠨ ᠰᠤᠳᠤᠯᠤᠨ ᠶᠠᠷᠢᠯᠴᠠᠬᠤ ᠬᠤᠷᠠᠯ ᠤᠯᠠᠭᠠᠨᠬᠠᠳᠠ ᠬᠣᠲᠠ ᠶ᠋ᠢᠨ ᠪᠠᠭᠠᠷᠢᠨ ᠵᠡᠭᠦᠨ ᠬᠣᠱᠢᠭᠤᠨ ᠳ᠋ᠤ᠌ ᠪᠣᠯᠪᠠ
ᠢᠷᠡᠯᠲᠡ᠄ ᠡᠷᠳᠡᠮ ᠰᠢᠨᠵᠢᠯᠡᠭᠡᠨ ᠦ᠌ ᠬᠠᠮᠢᠶᠠᠷᠤᠯᠲᠠ ᠶ᠋ᠢᠨ ᠭᠠᠵᠠᠷ
2018.09.18

 

9 ᠰᠠᠷ᠎ᠠ ᠶ᠋ᠢᠨ15 ᠤ᠋ ᠡᠳᠦᠷ ᠡᠴᠡ17 ᠤ᠋ ᠡᠳᠦᠷ ᠤᠯᠠᠭᠠᠨᠬᠠᠳᠠ ᠬᠣᠲᠠ ᠶ᠋ᠢᠨ ᠪᠠᠭᠠᠷᠢᠨ ᠵᠡᠭᠦᠨ ᠬᠣᠱᠢᠭᠤᠨ ᠤ᠋ ᠠᠷᠠᠳ ᠤ᠋ᠨ ᠵᠠᠰᠠᠭ ᠤ᠋ᠨ ᠣᠷᠳᠤᠨ ᠤ᠋ ᠡᠷᠬᠢᠯᠡᠭᠰᠡᠨ ᠥᠪᠦᠷ ᠮᠣᠩᠭᠤᠯ ᠤ᠋ᠨ ᠶᠡᠬᠡ ᠰᠤᠷᠭᠠᠭᠤᠯᠢ  ᠶ᠋ᠢᠨ ᠠᠩᠬᠠᠳᠤᠭᠠᠷ ᠤᠳᠠᠭᠠᠨ ᠤ᠋《 ᠮᠣᠩᠭᠤᠯ ᠤ᠋ᠨ ᠨᠢᠭᠤᠴᠠ ᠲᠣᠪᠴᠢᠶᠠᠨ》ᠤ᠋ ᠣᠯᠠᠨ ᠤᠯᠤᠰ ᠤ᠋ᠨ ᠰᠤᠳᠤᠯᠤᠨ ᠶᠠᠷᠢᠯᠴᠠᠬᠤ ᠬᠤᠷᠠᠯ ᠢ᠋ ᠤᠯᠠᠭᠠᠨᠬᠠᠳᠠ ᠶ᠋ᠢᠨ ᠪᠠᠭᠠᠷᠢᠨ ᠵᠡᠭᠦᠨ ᠬᠣᠱᠢᠭᠤᠨ ᠳ᠋ᠤ᠌ ᠬᠤᠷᠠᠯᠳᠤᠭᠤᠯᠪᠠ᠃ ᠳᠤᠮᠳᠠᠳᠤ ᠤᠯᠤᠰ᠂ ᠮᠣᠩᠭᠤᠯ ᠤᠯᠤᠰ᠂ ᠣᠷᠤᠰ᠂ ᠠᠮᠧᠷᠢᠺᠠ᠂ ᠺᠣᠷᠢᠶᠠ᠂ ᠶᠠᠫᠤᠨ ᠵᠡᠷᠭᠡ ᠤᠯᠤᠰ ᠤ᠋ᠨ ᠵᠠᠭᠤ ᠭᠠᠷᠤᠢ ᠡᠷᠳᠡᠮᠲᠡᠨ ᠮᠡᠷᠭᠡᠵᠢᠯᠲᠡᠨ ᠬᠤᠷᠠᠯ ᠳ᠋ᠤ᠌ ᠣᠷᠤᠯᠴᠠᠵᠠᠢ᠃

《ᠮᠣᠩᠭᠤᠯ ᠤ᠋ᠨ ᠨᠢᠭᠤᠴᠠ ᠲᠣᠪᠴᠢᠶᠠᠨ》ᠪᠣᠯ ᠮᠣᠩᠭᠤᠯ ᠦᠨᠳᠦᠰᠦᠲᠡᠨ ᠦ᠌ ᠬᠠᠮᠤᠭ ᠤ᠋ᠨ ᠠᠩᠬᠠᠨ ᠤ᠋ ᠲᠡᠦᠬᠡᠨ ᠲᠤᠯᠭᠤᠷ ᠪᠢᠴᠢᠭ ᠮᠥᠨ᠃ ᠬᠢᠲᠠᠳ《 ᠰᠤᠳᠤᠷ ᠤ᠋ᠨ ᠴᠢᠭᠤᠯᠭᠠᠨ》᠂《 ᠪᠠᠢᠯᠳᠤᠭᠠᠨᠲᠤ ᠤᠯᠤᠰ ᠤ᠋ᠨ ᠪᠣᠳᠤᠯᠭ᠎ᠠ》ᠵᠡᠷᠭᠡ ᠰᠣᠩᠭᠤᠳᠠᠭ ᠪᠦᠲᠦᠭᠡᠯ ᠲᠡᠢ ᠵᠡᠷᠭᠡᠳᠡ ᠳᠡᠯᠡᠬᠡᠢ ᠶ᠋ᠢᠨ ᠰᠣᠶᠤᠯ ᠤ᠋ᠨ ᠡᠷᠳᠡᠨᠢᠰ ᠦ᠋ᠨ ᠰᠠᠩ ᠳ᠋ᠤ᠌ ᠭᠢᠯᠠᠯᠵᠠᠭᠰᠠᠨ ᠭᠡᠷᠡᠯᠲᠦ ᠰᠤᠪᠤᠳ ᠤ᠋ᠨ ᠨᠢᠭᠡ ᠪᠡᠷ ᠣᠯᠠᠨ ᠤᠯᠤᠰ ᠤ᠋ᠨ ᠡᠷᠳᠡᠮ ᠱᠢᠨᠵᠢᠯᠡᠭᠡᠨ ᠦ᠌ ᠬᠢᠨ ᠦ᠌ ᠠᠩᠬᠠᠷᠤᠯ ᠢ᠋ ᠲᠠᠲᠠᠭᠰᠠᠭᠠᠷ ᠢᠷᠡᠵᠡᠢ᠃

ᠬᠤᠷᠠᠯ ᠳᠡᠭᠡᠷ᠎ᠡ ᠡᠷᠳᠡᠮᠲᠡᠨ ᠮᠡᠷᠭᠡᠵᠢᠯᠲᠡᠳ ᠮᠣᠩᠭᠤᠯ ᠬᠡᠯᠡ᠂ ᠬᠢᠲᠠᠳ ᠬᠡᠯᠡ᠂ ᠠᠩᠭᠯᠢ ᠬᠡᠯᠡ ᠪᠡᠷ《 ᠮᠣᠩᠭᠤᠯ ᠤ᠋ᠨ ᠨᠢᠭᠤᠴᠠ ᠲᠣᠪᠴᠢᠶᠠᠨ》ᠤ᠋ ᠬᠡᠯᠡ ᠤᠷᠠᠨ ᠵᠣᠬᠢᠶᠠᠯ ᠤ᠋ᠨ ᠰᠤᠳᠤᠯᠭᠠᠨ᠂《 ᠮᠣᠩᠭᠤᠯ ᠤ᠋ᠨ ᠨᠢᠭᠤᠴᠠ ᠲᠣᠪᠴᠢᠶᠠᠨ》ᠤ᠋ ᠲᠡᠦᠬᠡ ᠰᠣᠶᠤᠯ ᠤ᠋ᠨ ᠰᠤᠳᠤᠯᠭᠠᠨ᠂《 ᠮᠣᠩᠭᠤᠯ ᠤ᠋ᠨ ᠨᠢᠭᠤᠴᠠ ᠲᠣᠪᠴᠢᠶᠠᠨ》 ᠤ᠋ ᠰᠤᠷᠪᠤᠯᠵᠢ ᠪᠠᠷ ᠬᠡᠪᠯᠡᠯ ᠦ᠋ᠨ ᠰᠤᠳᠤᠯᠭᠠᠨ᠂《 ᠮᠣᠩᠭᠤᠯ ᠤ᠋ᠨ ᠨᠢᠭᠤᠴᠠ ᠲᠣᠪᠴᠢᠶᠠᠨ》ᠠᠳᠠᠯᠢ ᠴᠠᠭ ᠦᠶ᠎ᠡ ᠶ᠋ᠢᠨ ᠪᠤᠰᠤᠳ ᠰᠤᠷᠪᠤᠯᠵᠢ ᠪᠢᠴᠢᠭ ᠦ᠋ᠨ ᠰᠤᠳᠤᠯᠭᠠᠨ ᠵᠡᠷᠭᠡ 4 ᠭᠣᠣᠯ ᠰᠡᠳᠦᠪ ᠦ᠋ᠨ ᠲᠣᠭᠤᠷᠢᠨ ᠳ᠋ᠤ᠌ ᠥᠪᠡᠷᠰᠡᠳ ᠦ᠋ᠨ ᠬᠠᠮᠤᠭ ᠤ᠋ᠨ ᠱᠢᠨ᠎ᠡ ᠰᠤᠳᠤᠯᠭᠠᠨ ᠤ᠋ ᠦᠷ᠎ᠡ ᠪᠦᠲᠦᠭᠡᠯ ᠪᠠ ᠦᠵᠡᠯᠲᠡ ᠲᠠᠨᠢᠯᠲᠠ ᠪᠠᠨ ᠶᠠᠷᠢᠯᠴᠠᠨ ᠰᠣᠯᠢᠯᠴᠠᠵᠤ᠂ ᠣᠯᠠᠨ ᠤᠯᠤᠰ ᠤ᠋ᠨ《 ᠮᠣᠩᠭᠤᠯ ᠤ᠋ᠨ ᠨᠢᠭᠤᠴᠠ ᠲᠣᠪᠴᠢᠶᠠᠨ》ᠤ᠋ ᠰᠤᠳᠤᠯᠭᠠᠨ ᠢ᠋ ᠱᠢᠨ᠎ᠡ ᠨᠢᠭᠡᠨ ᠳᠡᠭᠲᠡᠷ ᠲᠦ᠍ ᠠᠬᠢᠭᠤᠯᠪᠠ᠃

 

 

ᠣᠷᠴᠢᠭᠤᠯᠤᠭᠴᠢ᠄ ᠮᠸᠩ ᠵᠢᠶᠠᠩ

ᠬᠢᠨᠠᠭᠴᠢ᠄ ᠪᠤᠶᠠᠨ᠌ᠦ᠌ᠯᠵᠡᠢ

ᠬᠠᠷᠢᠭᠤᠴᠠᠭᠰᠠᠨ ᠨᠠᠢᠷᠠᠭᠤᠯᠤᠭᠴᠢ᠄ ᠮᠸᠩ ᠵᠢᠶᠠᠩ

 

ᠸᠢᠴᠠᠲ ᠲᠤ ᠪᠠᠨ ᠬᠤᠪᠢᠶᠠᠯᠴᠠᠬᠤ