ᠡᠷᠳᠡᠮ ᠱᠢᠨᠵᠢᠯᠡᠭᠡᠨ ᠦ᠌ ᠠᠵᠢᠯ ᠢ᠋ ᠥᠷᠭᠡᠨ ᠭᠦᠨᠵᠡᠭᠡᠢ ᠥᠷᠨᠢᠭᠦᠯᠵᠦ᠂ ᠮᠣᠩᠭᠤᠯ ᠬᠡᠯᠡ ᠪᠢᠴᠢᠭ ᠦ᠋ᠨ ᠳᠦᠷᠢᠮᠵᠢᠯ ᠪᠠᠷᠢᠮᠵᠢᠶᠠᠵᠢᠯ ᠢ᠋ ᠲᠦᠷᠭᠡᠨ ᠠᠬᠢᠭᠤᠯᠤᠶ᠎ᠠ

2018.09.12

             ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ᠌ ᠵᠥᠪᠯᠡᠯ ᠦ᠋ᠨ ᠳᠡᠳ᠋ ᠡᠷᠬᠢᠯᠡᠭᠴᠢ  ᠰᠠᠴᠤᠷᠠᠯᠲᠤ    

 

 

ᠮᠣᠩᠭᠤᠯᠴᠤᠳ ᠪᠣᠯ ᠣᠯᠠᠨ ᠵᠠᠭᠤᠨ ᠵᠢᠯ ᠦ᠋ᠨ ᠦᠰᠦᠭ ᠪᠢᠴᠢᠭ ᠦ᠋ᠨ ᠲᠡᠦᠬᠡ ᠲᠡᠢ ᠰᠣᠶᠤᠯᠲᠤ ᠦᠨᠳᠦᠰᠦᠲᠡᠨ ᠶᠤᠮ᠃ ᠮᠣᠩᠭᠤᠯᠴᠤᠳ ᠴᠤᠬᠤᠮ ᠬᠡᠵᠢᠶᠡᠨ ᠡᠴᠡ ᠦᠰᠦᠭ ᠪᠢᠴᠢᠭ ᠲᠡᠢ ᠪᠣᠯᠤᠭᠰᠠᠨ ᠲᠤᠬᠠᠢ ᠨᠠᠢᠳᠠᠪᠤᠷᠢᠲᠠᠢ ᠪᠠᠷᠢᠮᠲᠠ ᠣᠯᠳᠠᠭ᠎ᠠ ᠦᠭᠡᠢ ᠪᠣᠯᠪᠠᠴᠤ ᠡᠷᠳᠡᠮᠲᠡᠳ ᠣᠳᠤ ᠪᠣᠯᠲᠠᠯ᠎ᠠ ᠣᠯᠳᠠᠭᠰᠠᠨ ᠪᠢᠴᠢᠭ ᠦ᠋ᠨ ᠳᠤᠷᠠᠰᠭᠠᠯ ᠪᠣᠯᠤᠨ ᠮᠣᠩᠭᠤᠯ ᠦᠰᠦᠭ ᠦ᠋ᠨ ᠪᠢᠴᠢᠯᠭᠡ ᠶ᠋ᠢᠨ ᠬᠡᠪᠱᠢᠯ ᠵᠡᠷᠭᠡ ᠳ᠋ᠦ᠍ ᠦᠨᠳᠦᠰᠦᠯᠡᠵᠦ ᠮᠢᠩᠭᠠᠭᠠᠳ ᠵᠢᠯ ᠦ᠋ᠨ ᠲᠡᠦᠬᠡ ᠲᠡᠢ ᠭᠡᠵᠦ ᠦᠵᠡᠳᠡᠭ᠃ ᠡᠨᠡ ᠬᠦ᠌ ᠮᠢᠩᠭᠠᠭᠠᠳ ᠵᠢᠯ ᠦ᠋ᠨ ᠲᠤᠷᠱᠢᠳᠠ ᠮᠣᠩᠭᠤᠯ ᠪᠢᠴᠢᠭ ᠨᠢ ᠠᠳᠠᠯᠢ ᠪᠤᠰᠤ ᠬᠥᠭᠵᠢᠯ ᠦ᠋ᠨ ᠱᠠᠲᠤ ᠦᠶ᠎ᠡ ᠶ᠋ᠢ ᠳᠠᠮᠵᠢᠨ ᠢᠳᠡᠭ ᠢᠳᠡᠭ ᠢ᠋ᠶ᠋ᠡᠷ ᠪᠣᠯᠪᠠᠰᠤᠷᠠᠨ ᠲᠡᠭᠦᠯᠳᠡᠷᠵᠢᠵᠦ᠂ ᠥᠪᠡᠷ ᠦ᠋ᠨ ᠭᠡᠬᠦ ᠵᠥᠪ ᠪᠢᠴᠢᠬᠦ ᠵᠦᠢ ᠶ᠋ᠢᠨ ᠲᠣᠭᠲᠠᠯᠴᠠᠭ᠎ᠠ ᠲᠠᠢ ᠪᠣᠯᠵᠤ ᠲᠥᠯᠦᠪᠱᠢᠨ ᠲᠣᠭᠲᠠᠭᠰᠠᠨ ᠶᠤᠮ᠃ ᠭᠡᠪᠡᠴᠦ ᠮᠣᠩᠭᠤᠯ ᠪᠢᠴᠢᠭ ᠦ᠋ᠨ ᠲᠤᠰ ᠪᠡᠶ᠎ᠡ ᠶ᠋ᠢᠨ ᠬᠢᠨᠢ ᠥᠪᠡᠷᠮᠢᠴᠡ ᠣᠨᠴᠠᠯᠢᠭ᠂ ᠮᠣᠩᠭᠤᠯ ᠬᠡᠯᠡ ᠪᠢᠴᠢᠭ ᠦ᠋ᠨ ᠲᠡᠦᠬᠡᠨ ᠬᠥᠭᠵᠢᠯ ᠦ᠋ᠨ ᠪᠤᠳᠤᠯᠢᠶᠠᠨᠲᠤ ᠶᠠᠪᠤᠴᠠ᠂ ᠪᠢᠴᠢᠭ ᠦ᠋ᠨ ᠬᠡᠯᠡ ᠪᠠ ᠶᠠᠷᠢᠶᠠᠨ ᠤ᠋ ᠬᠡᠯᠡᠨ ᠦ᠌ ᠵᠠᠢᠳᠠᠭᠰᠠᠨ ᠵᠡᠷᠭᠡ ᠣᠯᠠᠨ ᠲᠠᠯ᠎ᠠ ᠶ᠋ᠢᠨ ᠱᠢᠯᠲᠠᠭᠠᠨ ᠠ᠋ᠴᠠ ᠪᠣᠯᠵᠤ᠂ ᠮᠣᠩᠭᠤᠯ ᠪᠢᠴᠢᠭ ᠦ᠋ᠨ ᠪᠦᠬᠦᠢ ᠯᠡ ᠲᠡᠦᠬᠡᠨ ᠶᠠᠪᠤᠴᠠ ᠳ᠋ᠤ᠌ ᠥᠭᠡᠷᠡᠴᠢᠯᠡᠯᠲᠡ᠂ ᠰᠠᠢᠵᠢᠷᠠᠭᠤᠯᠤᠯᠲᠠ᠂ ᠳᠦᠷᠢᠮᠵᠢᠭᠦᠯᠦᠯᠲᠡ ᠶ᠋ᠢᠨ ᠠᠵᠢᠯ ᠠᠯᠢ ᠴᠤ᠌ ᠦᠶ᠎ᠡ ᠳ᠋ᠦ᠍ ᠵᠣᠭᠰᠤᠯ ᠦᠭᠡᠢ ᠦᠷᠭᠦᠯᠵᠢᠯᠡᠭᠰᠡᠭᠡᠷ ᠢᠷᠡᠵᠡᠢ᠃ ᠲᠤᠬᠠᠢᠯᠠᠪᠠᠯ᠂ ᠭᠦᠩᠭᠠᠵᠠᠯᠰᠠᠨ᠂ ᠴᠣᠢᠵᠢᠣ᠋ᠳᠰᠠᠷ᠂ ᠠᠶᠤᠱᠢ ᠭᠦᠦᠱᠢ᠂ ᠳᠠᠨᠽᠠᠨᠳᠠᠭᠪᠠ᠂ ᠵᠢᠩ ᠵᠠᠢ ᠭᠦᠩ᠂ ᠠᠭᠸᠠᠩᠳᠠᠨᠳᠠᠷ᠂ ᠲᠦᠮᠡᠳ ᠦ᠋ᠨ ᠭᠠᠯᠰᠠᠩ᠂ ᠷᠤᠯᠭᠠᠷᠵᠠᠪ᠂ ᠬᠡᠰᠢᠩᠭᠡ ᠲᠦᠷᠦᠭᠦᠲᠡᠢ ᠳᠡᠭᠡᠷ᠎ᠡ ᠦᠶ᠎ᠡ ᠶ᠋ᠢᠨ ᠡᠷᠳᠡᠮᠲᠡᠳ ᠪᠠ ᠡᠷᠳᠡᠨᠢᠲᠤᠭᠲᠠᠬᠤ᠂ ᠱᠠᠭᠵᠠ᠂ ᠪᠦᠬᠡᠵᠢᠷᠭᠠᠯ᠂ ᠱᠢᠨᠡᠳᠬᠡ᠂ ᠼ‍·ᠨᠣᠷᠵᠢᠨ᠂ ᠼ‍·ᠫᠦᠷᠪᠦ᠂ ᠨᠠ᠊·ᠭᠣᠨᠴᠤᠭᠰᠦ᠋ᠷᠦᠩ ᠲᠦᠷᠦᠭᠦᠲᠡᠢ ᠣᠳᠤ ᠦᠶ᠎ᠡ ᠶ᠋ᠢᠨ ᠡᠷᠳᠡᠮᠲᠡᠳ ᠮᠣᠩᠭᠤᠯ ᠪᠢᠴᠢᠭ ᠦ᠋ᠨ ᠡᠭᠦᠰᠦᠯ ᠭᠠᠷᠤᠯ᠂ ᠲᠡᠦᠬᠡᠨ ᠬᠥᠭᠵᠢᠯ᠂ ᠦᠰᠦᠭ ᠦ᠋ᠨ ᠳᠦᠷᠢᠮ᠂ ᠵᠥᠪ ᠪᠢᠴᠢᠬᠦ ᠵᠦᠢ ᠵᠢᠴᠢ ᠮᠣᠩᠭᠤᠯ ᠬᠡᠯᠡᠨ ᠦ᠌ ᠵᠥᠪ ᠪᠢᠴᠢᠬᠦ ᠵᠦᠢ ᠶ᠋ᠢᠨ ᠠᠭᠤᠯᠭ᠎ᠠ᠂ ᠱᠢᠰᠲ᠋ᠧᠮ ᠢ᠋ ᠬᠤᠷᠢᠶᠠᠩᠭᠤᠢᠯᠠᠨ ᠳ᠋ᠦᠩᠨᠡᠬᠦ᠂ ᠲᠥᠷᠦᠯ ᠪᠦᠷᠢ ᠶ᠋ᠢᠨ ᠲᠣᠯᠢ ᠪᠢᠴᠢᠭ ᠢ᠋ ᠨᠠᠢᠷᠠᠭᠤᠯᠤᠨ ᠬᠡᠪᠯᠡᠭᠦᠯᠬᠦ᠂ ᠦᠭᠡ ᠶ᠋ᠢᠨ ᠪᠢᠴᠢᠯᠭᠡ ᠶ᠋ᠢᠨ ᠲᠠᠯ᠎ᠠ ᠪᠠᠷ ᠨᠢᠭᠡᠳᠬᠡᠨ ᠳᠦᠷᠢᠮᠵᠢᠭᠦᠯᠬᠦ᠂ ᠣᠷᠤᠱᠢᠵᠤ ᠪᠠᠢᠭ᠎ᠠ ᠠᠰᠠᠭᠤᠳᠠᠯ ᠢ᠋ ᠴᠡᠭᠴᠡᠯᠡᠨ ᠰᠠᠢᠵᠢᠷᠠᠭᠤᠯᠬᠤ ᠵᠡᠷᠭᠡ ᠥᠷᠭᠡᠨ ᠬᠡᠪᠴᠢᠶᠡᠨ ᠦ᠌ ᠰᠤᠳᠤᠯᠭᠠᠨ ᠢ᠋ ᠥᠷᠨᠢᠭᠦᠯᠦᠭᠰᠡᠭᠡᠷ ᠢᠷᠡᠭᠰᠡᠨ ᠶᠤᠮ᠃ ᠡᠭᠦᠨ ᠳ᠋ᠦ᠍ ᠠᠶᠤᠱᠢ ᠭᠦᠦᠱᠢ ᠶ᠋ᠢᠨ《ᠠᠯᠢ ᠭᠠᠯᠢ》ᠦᠰᠦᠭ᠂ ᠳᠠᠨᠽᠠᠨᠳᠠᠭᠪᠠ  ᠶ᠋ᠢᠨ《ᠣᠭᠲᠠᠷᠭᠤᠢ ᠶ᠋ᠢᠨ ᠮᠠᠨᠢ》᠂ ᠵᠢᠩ ᠵᠠᠢ ᠭᠦᠩ ᠦ᠋ᠨ《ᠮᠣᠩᠭᠤᠯ ᠪᠢᠴᠢᠭ ᠦ᠋ᠨ ᠴᠢᠬᠤᠯᠠ ᠵᠢᠭᠠᠯᠲᠠ》᠂ ᠠᠭᠸᠠᠩᠳᠠᠨᠳᠠᠷ ᠤ᠋ᠨ《ᠬᠡᠯᠡᠨ ᠦ᠌ ᠴᠢᠮᠡᠭ》᠂ ᠲᠦᠮᠡᠳ ᠦ᠋ᠨ ᠭᠠᠯᠰᠠᠩ ᠤ᠋ᠨ《ᠮᠣᠩᠭᠤᠯ ᠦᠰᠦᠭ ᠦ᠋ᠨ ᠪᠦᠭᠦᠳᠡ ᠲᠠᠢᠯᠪᠤᠷᠢ ᠪᠢᠴᠢᠭ》᠂ ᠷᠤᠯᠭᠠᠷᠵᠠᠪ᠂ ᠬᠡᠰᠢᠩᠭᠡ ᠨᠠᠷ ᠦ᠋ᠨ《ᠠᠩᠬᠠᠨ ᠰᠤᠷᠭᠠᠬᠤ ᠤᠯᠤᠰ ᠤ᠋ᠨ ᠤᠳᠭ᠎ᠠ》᠂ ᠱᠠᠭᠵᠠ ᠶ᠋ᠢᠨ《ᠮᠣᠩᠭᠤᠯ ᠦᠰᠦᠭ ᠦ᠋ᠨ ᠳᠦᠷᠢᠮ ᠦ᠋ᠨ ᠲᠣᠯᠢ ᠪᠢᠴᠢᠭ》᠂ ᠡᠷᠳᠡᠨᠢᠲᠤᠭᠲᠠᠬᠤ ᠶ᠋ᠢᠨ《ᠮᠣᠩᠭᠤᠯ ᠦᠰᠦᠭ ᠦ᠋ᠨ ᠱᠢᠨ᠎ᠡ ᠲᠣᠯᠢ》ᠬᠢᠭᠡᠳ ᠱᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ ᠠ᠋ᠴᠠ ᠨᠠᠭᠠᠱᠢᠬᠢ ᠡᠯ᠎ᠡ ᠲᠥᠷᠦᠯ ᠦ᠋ᠨ ᠰᠤᠷᠭᠠᠭᠤᠯᠢ ᠶ᠋ᠢᠨ ᠮᠣᠩᠭᠤᠯ ᠬᠡᠯᠡ ᠪᠢᠴᠢᠭ᠂ ᠣᠷᠴᠢᠨ ᠴᠠᠭ ᠤ᠋ᠨ ᠮᠣᠩᠭᠤᠯ ᠬᠡᠯᠡᠨ ᠦ᠌ ᠰᠤᠷᠬᠤ ᠪᠢᠴᠢᠭ᠂ ᠰᠤᠳᠤᠯᠭᠠᠨ ᠤ᠋ ᠵᠣᠬᠢᠶᠠᠯ ᠥᠭᠦᠯᠡᠯ᠂ ᠲᠥᠷᠦᠯ ᠪᠦᠷᠢ ᠶ᠋ᠢᠨ ᠲᠣᠯᠢ ᠪᠢᠴᠢᠭ ᠵᠡᠷᠭᠡ ᠶ᠋ᠢ ᠳᠤᠷᠠᠳᠴᠤ ᠪᠣᠯᠤᠨ᠎ᠠ᠃ ᠡᠳᠡᠭᠡᠷ ᠰᠤᠳᠤᠯᠭᠠᠨ ᠨᠢ ᠮᠣᠩᠭᠤᠯ ᠪᠢᠴᠢᠭ ᠦ᠋ᠨ ᠳᠦᠷᠢᠮᠵᠢᠵᠦ ᠪᠣᠯᠪᠠᠰᠤᠷᠠᠬᠤ᠂ ᠮᠣᠩᠭᠤᠯ ᠪᠢᠴᠢᠭ ᠦ᠋ᠨ ᠵᠥᠪ ᠪᠢᠴᠢᠯᠭᠡ ᠶ᠋ᠢᠨ ᠰᠤᠳᠤᠯᠭᠠᠨ ᠤ᠋ ᠨᠠᠷᠢᠰᠴᠤ ᠭᠦᠨᠵᠡᠭᠡᠢᠷᠡᠬᠦ᠂ ᠰᠣᠩᠭᠤᠳᠠᠭ ᠮᠣᠩᠭᠤᠯ ᠪᠢᠴᠢᠭ ᠦ᠋ᠨ ᠬᠡᠯᠡ ᠪᠤᠶᠤ ᠮᠣᠩᠭᠤᠯ ᠤᠳᠭ᠎ᠠ ᠵᠣᠬᠢᠶᠠᠯ ᠤ᠋ᠨ ᠬᠡᠯᠡᠨ ᠦ᠌ ᠪᠦᠷᠢᠯᠳᠦᠵᠦ ᠬᠥᠭᠵᠢᠬᠦ᠂ ᠮᠣᠩᠭᠤᠯᠴᠤᠳ ᠤ᠋ᠨ ᠱᠢᠨᠵᠢᠯᠡᠬᠦ ᠤᠬᠠᠭᠠᠨ ᠰᠣᠶᠤᠯ ᠪᠣᠯᠪᠠᠰᠤᠷᠠᠯ ᠤ᠋ᠨ ᠰᠠᠢᠵᠢᠷᠠᠵᠤ ᠳᠡᠭᠡᠭᠱᠢᠯᠡᠬᠦ᠂ ᠥᠪᠡᠷᠲᠡᠭᠡᠨ ᠵᠠᠰᠠᠬᠤ ᠣᠷᠤᠨ ᠤ᠋ ᠪᠦᠬᠦ ᠲᠠᠯ᠎ᠠ ᠪᠠᠷ ᠡᠶ᠎ᠡ ᠵᠣᠬᠢᠴᠠᠩᠭᠤᠢ ᠬᠥᠭᠵᠢᠬᠦ ᠳ᠋ᠦ᠍ ᠴᠢᠬᠤᠯᠠ ᠦᠢᠯᠡᠳᠦᠯ ᠦᠵᠡᠭᠦᠯᠦᠭᠰᠡᠨ ᠨᠢ ᠭᠠᠷᠴᠠᠭ᠎ᠠ ᠦᠭᠡᠢ ᠶᠤᠮ᠃

ᠮᠣᠩᠭᠤᠯ ᠦᠰᠦᠭ ᠪᠢᠴᠢᠭ ᠦ᠋ᠨ ᠰᠤᠳᠤᠯᠭᠠᠨ ᠳ᠋ᠤ᠌ ᠮᠣᠩᠭᠤᠯ ᠪᠢᠴᠢᠭ ᠦ᠋ᠨ ᠵᠥᠪ ᠪᠢᠴᠢᠬᠦ ᠳᠦᠷᠢᠮ ᠢ᠋ ᠰᠠᠢᠵᠢᠷᠠᠭᠤᠯᠬᠤ᠂ ᠳᠠᠩ ᠦᠭᠡ ᠶ᠋ᠢᠨ ᠪᠢᠴᠢᠯᠭᠡ ᠶ᠋ᠢ ᠳᠦᠷᠢᠮᠵᠢᠭᠦᠯᠬᠦ ᠠᠰᠠᠭᠤᠳᠠᠯ ᠴᠢᠬᠤᠯᠠ ᠠᠭᠤᠯᠭ᠎ᠠ ᠪᠣᠯᠬᠤ ᠶᠣᠰᠤᠲᠠᠢ᠃ ᠡᠢᠮᠦ ᠡᠴᠡ 20 ᠳ᠋ᠤᠭᠠᠷ ᠵᠠᠭᠤᠨ ᠤ᠋ ᠲᠠᠪᠢᠭᠠᠳ ᠣᠨ ᠤ᠋ ᠡᠬᠢᠨ ᠡᠴᠡ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡ ᠪᠢᠴᠢᠭ ᠦ᠋ᠨ ᠠᠵᠢᠯ ᠤ᠋ᠨ ᠵᠥᠪᠯᠡᠯ ᠡᠳᠡᠭᠡᠷ ᠠᠰᠠᠭᠤᠳᠠᠯ ᠢ᠋ ᠬᠦᠨᠳᠦᠳᠬᠡᠨ ᠦᠵᠡᠭᠰᠡᠨ ᠢ᠋ᠶ᠋ᠡᠷ ᠪᠠᠷᠠᠬᠤ ᠦᠭᠡᠢ ᠤᠯᠤᠰ ᠤ᠋ᠨ ᠳᠣᠲᠤᠭᠠᠳᠤ ᠭᠠᠳᠠᠭᠠᠳᠤ ᠶ᠋ᠢᠨ ᠨᠡᠯᠢᠶᠡᠳ ᠣᠯᠠᠨ ᠡᠷᠳᠡᠮᠲᠡᠨ ᠮᠣᠩᠭᠤᠯ ᠪᠢᠴᠢᠭ ᠦ᠋ᠨ ᠵᠥᠪ ᠪᠢᠴᠢᠬᠦ ᠳᠦᠷᠢᠮ ᠦ᠋ᠨ ᠰᠠᠢᠵᠢᠷᠠᠭᠤᠯᠤᠯᠲᠠ᠂ ᠳᠠᠩ ᠦᠭᠡ ᠶ᠋ᠢᠨ ᠪᠢᠴᠢᠯᠭᠡ ᠶ᠋ᠢᠨ ᠳᠦᠷᠢᠮᠵᠢᠯ ᠦ᠋ᠨ ᠠᠰᠠᠭᠤᠳᠠᠯ ᠢ᠋ ᠠᠩᠬᠠᠷᠤᠨ ᠰᠤᠳᠤᠯᠵᠤ᠂ ᠡᠳᠦᠢ ᠲᠡᠳᠦᠢ ᠡᠷᠳᠡᠮ ᠱᠢᠨᠵᠢᠯᠡᠭᠡᠨ ᠦ᠌ ᠵᠣᠬᠢᠶᠠᠯ ᠥᠭᠦᠯᠡᠯ ᠨᠡᠢᠲᠡᠯᠡᠭᠦᠯᠦᠭᠰᠡᠭᠡᠷ ᠢᠷᠡᠵᠡᠢ᠃ ᠪᠣᠳᠠᠲᠠᠢ ᠪᠠᠷ ᠳᠤᠷᠠᠳᠪᠠᠯ ᠳᠣᠣᠷᠠᠬᠢ ᠮᠡᠲᠦ᠄

ᠨᠢᠭᠡ᠂ ᠱᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ ᠠ᠋ᠴᠠ ᠨᠠᠭᠠᠱᠢ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠵᠠᠰᠠᠭ ᠤ᠋ᠨ ᠣᠷᠳᠤᠨ《ᠦᠨᠳᠦᠰᠦᠲᠡᠨ ᠦ᠌ ᠬᠡᠯᠡ ᠪᠢᠴᠢᠭ ᠢ᠋ ᠣᠮᠲᠤᠭᠠᠢᠯᠠᠬᠤ ᠬᠡᠯᠪᠡᠷᠢᠯ ᠢ᠋ ᠡᠰᠡᠷᠭᠦᠴᠡᠵᠦ ᠦᠨᠳᠦᠰᠦᠲᠡᠨ ᠦ᠌ ᠬᠡᠯᠡ ᠪᠢᠴᠢᠭ ᠦ᠋ᠨ ᠠᠵᠢᠯ ᠢ᠋ ᠴᠢᠩᠭᠠᠳᠭᠠᠬᠤ ᠲᠤᠬᠠᠢ ᠵᠢᠭᠠᠪᠤᠷᠢ》 (1953)᠂ 《ᠮᠣᠩᠭᠤᠯ ᠬᠡᠯᠡ ᠪᠢᠴᠢᠭ ᠢ᠋ ᠰᠤᠷᠴᠤ ᠬᠡᠷᠡᠭᠯᠡᠬᠦ ᠲᠤᠬᠠᠢ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠬᠥᠬᠢᠭᠦᠯᠬᠦ ᠠᠷᠭ᠎ᠠ》 (1962)᠂ 《ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡ ᠪᠢᠴᠢᠭ ᠦ᠋ᠨ ᠠᠵᠢᠯ ᠤ᠋ᠨ ᠲᠦᠷ ᠬᠡᠷᠡᠭᠵᠢᠭᠦᠯᠬᠦ ᠳᠦᠷᠢᠮ (ᠲᠥᠰᠦᠯ)》 (1962)᠂ 《ᠮᠣᠩᠭᠤᠯ ᠪᠢᠴᠢᠭ ᠦ᠋ᠨ ᠴᠡᠭ ᠲᠡᠮᠳᠡᠭ ᠦ᠋ᠨ ᠲᠤᠬᠠᠢ ᠲᠣᠭᠲᠠᠭᠠᠯ》(1978)᠂ 《ᠮᠣᠩᠭᠤᠯ ᠪᠢᠴᠢᠭ ᠦ᠋ᠨ ᠬᠤᠷᠢᠶᠠᠵᠤ ᠪᠢᠴᠢᠬᠦ ᠪᠠ ᠲᠣᠪᠴᠢᠯᠠᠵᠤ ᠪᠢᠴᠢᠬᠦ ᠠᠷᠭ᠎ᠠ ᠶ᠋ᠢᠨ ᠲᠤᠬᠠᠢ ᠲᠣᠭᠲᠠᠭᠠᠯ》(1990)᠂《ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠨᠡᠢᠭᠡᠮ ᠦ᠋ᠨ ᠥᠩᠭᠡᠨ ᠬᠡᠷᠡᠭᠯᠡᠭᠡᠨ ᠳ᠋ᠦ᠍   ᠮᠣᠩᠭᠤᠯ ᠬᠢᠲᠠᠳ ᠦᠰᠦᠭ ᠢ᠋ ᠵᠡᠷᠭᠡᠴᠡᠭᠦᠯᠦᠨ ᠬᠡᠷᠡᠭᠯᠡᠬᠦ ᠶ᠋ᠢ ᠬᠠᠮᠢᠶᠠᠷᠬᠤ ᠠᠷᠭ᠎ᠠ》(1996)᠂《ᠮᠣᠩᠭᠤᠯ ᠦᠰᠦᠭ ᠦ᠋ᠨ ᠴᠠᠭᠠᠨ ᠲᠣᠯᠤᠭᠠᠢ ᠶ᠋ᠢᠨ ᠳᠡᠰ ᠳᠠᠷᠠᠭᠠᠯᠠᠯ ᠢ᠋ ᠳᠦᠷᠢᠮᠵᠢᠭᠦᠯᠬᠦ ᠲᠤᠬᠠᠢ ᠮᠡᠳᠡᠭᠳᠡᠯ》(1996)᠂《ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡ ᠪᠢᠴᠢᠭ ᠰᠤᠷᠴᠤ ᠬᠡᠷᠡᠭᠯᠡᠭᠰᠡᠳ ᠢ᠋ ᠱᠠᠩᠨᠠᠬᠤ ᠠᠷᠭ᠎ᠠ》(2001)᠂《ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠦᠭᠡ ᠬᠡᠯᠡ ᠦᠰᠦᠭ ᠪᠢᠴᠢᠭ ᠦ᠋ᠨ ᠠᠵᠢᠯ ᠤ᠋ᠨ ᠳᠦᠷᠢᠮ》(2004) ᠵᠡᠷᠭᠡ ᠠᠯᠢ ᠣᠯᠠᠨ ᠵᠢᠭᠠᠪᠤᠷᠢ ᠲᠣᠭᠲᠠᠭᠠᠯ᠂ ᠬᠠᠤᠯᠢ ᠳᠦᠷᠢᠮ ᠢ᠋ ᠤᠷᠢᠳ ᠬᠣᠵᠢᠳ ᠨᠡᠢᠲᠡᠯᠡᠨ ᠬᠡᠷᠡᠭᠵᠢᠭᠦᠯᠦᠭᠰᠡᠨ ᠢ᠋ᠶ᠋ᠡᠷ ᠪᠠᠷᠠᠬᠤ ᠦᠭᠡᠢ 1997 ᠣᠨ ᠳ᠋ᠤ᠌ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠪᠢᠴᠢᠭ ᠦ᠋ᠨ ᠵᠥᠪ ᠪᠢᠴᠢᠯᠭᠡ ᠶ᠋ᠢᠨ ᠺᠣᠮᠢᠰ ᠢ᠋   ᠪᠠᠢᠭᠤᠯᠵᠤ᠂ ᠮᠣᠩᠭᠤᠯ ᠪᠢᠴᠢᠭ ᠦ᠋ᠨ ᠳᠦᠷᠢᠮᠵᠢᠯ ᠪᠠᠷᠢᠮᠵᠢᠶᠠᠵᠢᠯ ᠤ᠋ᠨ ᠠᠵᠢᠯ ᠢ᠋ ᠵᠣᠬᠢᠶᠠᠨ ᠪᠠᠢᠭᠤᠯᠤᠯᠲᠠ ᠲᠠᠢ᠂ ᠲᠥᠯᠦᠪᠯᠡᠭᠡ ᠲᠡᠢ ᠪᠡᠷ ᠬᠥᠭᠵᠢᠭᠦᠯᠦᠭᠰᠡᠭᠡᠷ ᠢᠷᠡᠵᠡᠢ᠃ ᠡᠭᠦᠨ ᠳ᠋ᠦ᠍ 1985 ᠣᠨ ᠤ᠋ 10 ᠰᠠᠷ᠎ᠠ ᠶ᠋ᠢᠨ 21—27 ᠳᠤ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡ ᠪᠢᠴᠢᠭ ᠦ᠋ᠨ ᠠᠵᠢᠯ ᠤ᠋ᠨ ᠵᠥᠪᠯᠡᠯ ᠪᠣᠯᠤᠨ ᠥᠪᠦᠷ ᠮᠣᠩᠭᠤᠯ ᠤ᠋ᠨ ᠨᠡᠢᠭᠡᠮ ᠦ᠋ᠨ ᠱᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠮᠣᠩᠭᠤᠯ ᠬᠡᠯᠡ ᠪᠢᠴᠢᠭ ᠰᠤᠳᠤᠯᠬᠤ ᠭᠠᠵᠠᠷ ᠬᠠᠮᠲᠤᠷᠠᠵᠤ᠂ ᠬᠥᠬᠡᠬᠤᠲᠠ ᠳ᠋ᠤ᠌ 《ᠮᠣᠩᠭᠤᠯ ᠬᠡᠯᠡᠨ ᠦ᠌ ᠦᠭᠡᠰ ᠦ᠋ᠨ ᠪᠢᠴᠢᠯᠭᠡ ᠶ᠋ᠢ ᠳᠦᠷᠢᠮᠵᠢᠭᠦᠯᠬᠦ ᠲᠤᠬᠠᠢ ᠶᠠᠷᠢᠯᠴᠠᠬᠤ ᠬᠤᠷᠠᠯ 》 ᠢ᠋ ᠬᠤᠷᠠᠯᠳᠤᠭᠤᠯᠵᠤ᠂ ᠨᠢᠭᠡᠳᠦᠯ ᠦᠭᠡᠢ ᠪᠠᠢᠭᠰᠠᠨ 315 ᠳᠠᠩ ᠦᠭᠡ ᠶ᠋ᠢᠨ ᠪᠢᠴᠢᠯᠭᠡ ᠶ᠋ᠢ ᠨᠢᠭᠡᠳᠬᠡᠨ ᠳᠦᠷᠢᠮᠵᠢᠭᠦᠯᠬᠦ ᠪᠡᠷ ᠶᠠᠷᠢᠯᠴᠠᠨ ᠲᠣᠭᠲᠠᠭᠰᠠᠨ ᠪᠥᠭᠡᠳ ᠡᠨᠡ ᠬᠦ᠌ ᠲᠣᠭᠲᠠᠭᠠᠯ ᠢ᠋ 1986 ᠣᠨ ᠳ᠋ᠤ᠌ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡ ᠪᠢᠴᠢᠭ ᠦ᠋ᠨ ᠠᠵᠢᠯ ᠤ᠋ᠨ ᠵᠥᠪᠯᠡᠯ《<ᠮᠣᠩᠭᠤᠯ ᠬᠡᠯᠡᠨ ᠦ᠌ ᠦᠭᠡᠰ ᠦ᠋ᠨ ᠪᠢᠴᠢᠯᠭᠡ ᠶ᠋ᠢ ᠳᠦᠷᠢᠮᠵᠢᠭᠦᠯᠬᠦ ᠲᠤᠬᠠᠢ ᠶᠠᠷᠢᠯᠴᠠᠬᠤ ᠬᠤᠷᠠᠯ ᠤ᠋ᠨ ᠪᠠᠢᠳᠠᠯ ᠤ᠋ᠨ ᠮᠡᠳᠡᠭᠦᠯᠦᠯᠲᠡ>ᠶ᠋ᠢ ᠤᠯᠠᠮᠵᠢᠯᠠᠨ ᠶᠠᠪᠤᠭᠤᠯᠬᠤ ᠮᠡᠳᠡᠭᠳᠡᠯ》([1986] 4 ᠳ᠋ᠦ᠍ᠭᠡᠷ ᠲᠣᠭᠠᠲᠤ ᠪᠢᠴᠢᠭ ᠮᠠᠲ᠋ᠧᠷᠢᠶᠠᠯ) ᠪᠠᠭᠤᠯᠭᠠᠵᠤ ᠬᠡᠷᠡᠭᠵᠢᠭᠦᠯᠦᠭᠰᠡᠨ ᠪᠠ ᠡᠭᠦᠨ ᠦ᠌ ᠰᠠᠭᠤᠷᠢᠨ ᠳᠡᠭᠡᠷ᠎ᠡ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡ ᠪᠢᠴᠢᠭ ᠦ᠋ᠨ ᠠᠵᠢᠯ ᠤ᠋ᠨ ᠵᠥᠪᠯᠡᠯ ᠪᠣᠯᠤᠨ ᠥᠪᠡᠷᠲᠡᠭᠡᠨ ᠵᠠᠰᠠᠬᠤ ᠣᠷᠤᠨ ᠤ᠋ ᠰᠣᠨᠢᠨ ᠮᠡᠳᠡᠭᠡ ᠬᠡᠪᠯᠡᠯ ᠦ᠋ᠨ ᠲᠣᠪᠴᠢᠶ᠎ᠠ 1995 ᠣᠨ ᠳ᠋ᠤ᠌《ᠮᠣᠩᠭᠤᠯ ᠵᠥᠪ ᠪᠢᠴᠢᠯᠭᠡ ᠶ᠋ᠢᠨ ᠲᠣᠯᠢ》 ᠨᠠᠢᠷᠠᠭᠤᠯᠬᠤ ᠺᠣᠮᠢᠰ ᠢ᠋ ᠵᠣᠬᠢᠶᠠᠨ ᠪᠠᠢᠭᠤᠯᠵᠤ᠂ ᠣᠷᠤᠨ ᠤ᠋ ᠳᠣᠲᠤᠨ᠎ᠠ ᠭᠠᠳᠠᠨᠠᠬᠢ ᠶᠡᠬᠡ ᠳᠡᠭᠡᠳᠦ ᠰᠤᠷᠭᠠᠭᠤᠯᠢ᠂ ᠡᠷᠳᠡᠮ ᠱᠢᠨᠵᠢᠯᠡᠭᠡᠨ ᠦ᠌ ᠪᠠᠢᠭᠤᠯᠭ᠎ᠠ᠂ ᠬᠡᠪᠯᠡᠯ ᠦ᠋ᠨ ᠨᠢᠭᠡᠴᠢ ᠶ᠋ᠢᠨ 50 ᠭᠠᠷᠤᠢ ᠡᠷᠳᠡᠮᠲᠡᠨ ᠦ᠌ ᠣᠷᠤᠯᠴᠠᠭ᠎ᠠ ᠲᠠᠢ ᠪᠠᠷ《ᠮᠣᠩᠭᠤᠯ ᠵᠥᠪ ᠪᠢᠴᠢᠯᠭᠡ ᠶ᠋ᠢᠨ ᠲᠣᠯᠢ》ᠶ᠋ᠢ ᠨᠠᠢᠷᠠᠭᠤᠯᠵᠤ᠂ 1999 ᠣᠨ ᠳ᠋ᠤ᠌ ᠬᠡᠪᠯᠡᠭᠦᠯᠦᠭᠰᠡᠨ ᠶᠠᠪᠤᠳᠠᠯ ᠢ᠋ ᠣᠨᠴᠠᠭᠠᠢᠯᠠᠨ ᠳᠤᠷᠠᠳᠤᠭᠤᠱᠢᠲᠠᠢ ᠶᠤᠮ᠃ ᠤᠭ ᠲᠣᠯᠢ ᠳ᠋ᠤ᠌ 2300 ᠣᠷᠴᠢᠮ ᠳᠠᠩ ᠦᠭᠡ ᠶ᠋ᠢᠨ ᠪᠢᠴᠢᠯᠭᠡ ᠶ᠋ᠢ ᠳᠦᠷᠢᠮᠵᠢᠭᠦᠯᠦᠭᠰᠡᠨ ᠪᠠᠢᠨ᠎ᠠ᠃ 

ᠬᠣᠶᠠᠷ᠂ 1949 ᠣᠨ ᠳ᠋ᠤ᠌ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭᠳᠠᠵᠤ᠂ ᠮᠣᠩᠭᠤᠯ ᠬᠡᠯᠡ ᠦᠰᠦᠭ ᠪᠢᠴᠢᠭ ᠦ᠋ᠨ ᠰᠤᠳᠤᠯᠭᠠᠨ ᠤ᠋ ᠠᠵᠢᠯ ᠦᠳᠲᠡᠷ ᠲᠦᠷᠭᠡᠨ ᠰᠡᠷᠭᠦᠨ ᠬᠥᠭᠵᠢᠵᠡᠢ᠃ ᠡᠭᠦᠨ ᠢ᠋ ᠳᠠᠭᠠᠯᠳᠤᠨ ᠤᠯᠤᠰ ᠤ᠋ᠨ ᠳᠣᠲᠤᠭᠠᠳᠤ ᠳ᠋ᠠᠬᠢ ᠵᠠᠷᠢᠮ ᠪᠠᠢᠭᠤᠯᠭ᠎ᠠ ᠨᠢᠭᠡᠴᠢ ᠪᠠ ᠨᠡᠯᠢᠶᠡᠳ ᠣᠯᠠᠨ ᠡᠷᠳᠡᠮᠲᠡᠨ ᠮᠣᠩᠭᠤᠯ ᠪᠢᠴᠢᠭ ᠦ᠋ᠨ ᠵᠥᠪ ᠪᠢᠴᠢᠬᠦ ᠵᠠᠷᠴᠢᠮ ᠪᠣᠯᠤᠨ ᠳᠦᠷᠢᠮ᠂ ᠳᠠᠩ ᠦᠭᠡ ᠶ᠋ᠢᠨ ᠪᠢᠴᠢᠯᠭᠡ ᠶ᠋ᠢ ᠳᠦᠷᠢᠮᠵᠢᠭᠦᠯᠬᠦ ᠠᠰᠠᠭᠤᠳᠠᠯ ᠢ᠋ ᠨᠤᠬᠤᠴᠢᠳᠠᠢ ᠰᠤᠳᠤᠯᠵᠤ᠂ ᠴᠥᠭᠡᠨ ᠪᠤᠰᠤ ᠰᠤᠷᠬᠤ ᠪᠢᠴᠢᠭ᠂ ᠡᠷᠳᠡᠮ ᠱᠢᠨᠵᠢᠯᠡᠭᠡᠨ ᠦ᠌ ᠥᠭᠦᠯᠡᠯ᠂ ᠲᠤᠰᠭᠠᠢ ᠵᠣᠬᠢᠶᠠᠯ᠂ ᠲᠣᠯᠢ ᠪᠢᠴᠢᠭ ᠲᠡᠷᠢᠭᠦᠲᠡᠨ ᠢ᠋ ᠨᠠᠢᠷᠠᠭᠤᠯᠤᠨ ᠬᠡᠪᠯᠡᠭᠦᠯᠦᠭᠰᠡᠨ ᠶᠤᠮ᠃ 

1.ᠰᠤᠷᠬᠤ ᠪᠢᠴᠢᠭ ᠪᠤᠶᠤ ᠲᠤᠰᠭᠠᠢ ᠵᠣᠬᠢᠶᠠᠯ ᠳ᠋ᠤ᠌ ᠰ᠊· ᠳ᠋ᠠᠮᠪᠠᠷᠢᠨᠴᠢᠨ ᠤ《ᠮᠣᠩᠭᠤᠯ ᠦᠰᠦᠭ ᠦ᠋ᠨ ᠵᠥᠪ ᠪᠢᠴᠢᠬᠦ ᠶ᠋ᠢᠨ ᠲᠤᠰᠠᠯᠠᠮᠵᠢ》(1958)᠂ ᠥᠪᠦᠷ ᠮᠣᠩᠭᠤᠯ ᠤ᠋ᠨ ᠶᠡᠬᠡ ᠰᠤᠷᠭᠠᠭᠤᠯᠢ ᠶ᠋ᠢᠨ 《ᠣᠳᠤ ᠦᠶ᠎ᠡ ᠶ᠋ᠢᠨ ᠮᠣᠩᠭᠤᠯ ᠬᠡᠯᠡ》 (1964)᠂ ᠪᠦᠬᠡᠵᠢᠷᠭᠠᠯ ᠤᠨ 《ᠵᠥᠪ ᠪᠢᠴᠢᠯᠭᠡ ᠶ᠋ᠢᠨ ᠲᠤᠰᠠᠯᠠᠮᠵᠢ》 (1975)᠂ ᠹᠦᠯᠢᠩᠭ᠎ᠠ ᠶ᠋ᠢᠨ《ᠵᠥᠪ ᠪᠢᠴᠢᠯᠭᠡ ᠶ᠋ᠢᠨ ᠮᠡᠳᠡᠯᠭᠡ》(1979)᠂ ᠼ‍· ᠫᠦᠷᠪᠦ ᠶ᠋ᠢᠨ《ᠮᠣᠩᠭᠤᠯ ᠦᠰᠦᠭ ᠦ᠋ᠨ ᠵᠥᠪ ᠪᠢᠴᠢᠬᠦ ᠳᠦᠷᠢᠮ》 (1980)᠂ ᠴᠡᠩᠭᠡᠯᠲᠡᠢ ᠶ᠋ᠢᠨ 《ᠣᠳᠤ ᠦᠶ᠎ᠡ ᠶ᠋ᠢᠨ ᠮᠣᠩᠭᠤᠯ ᠬᠡᠯᠡᠨ ᠦ᠌ ᠵᠦᠢ》(1979)᠂ ᠨᠠᠰᠤᠨᠪᠠᠶᠠᠷ ᠨᠠᠷ ᠤ᠋ᠨ《ᠣᠷᠴᠢᠨ ᠴᠠᠭ ᠤ᠋ᠨ ᠮᠣᠩᠭᠤᠯ ᠬᠡᠯᠡ》(1982)᠂ ᠼ‍·ᠨᠣᠷᠵᠢᠨ ᠤ 《ᠮᠣᠩᠭᠤᠯ ᠪᠢᠴᠢᠭ ᠦ᠋ᠨ ᠭᠣᠣᠯ ᠶᠣᠰᠤ》(1987)᠂ ᠬᠠᠰᠡᠷᠳᠡᠨᠢ ᠨᠡᠷ ᠦ᠋ᠨ《ᠣᠷᠴᠢᠨ ᠴᠠᠭ ᠤ᠋ᠨ ᠮᠣᠩᠭᠤᠯ ᠬᠡᠯᠡ》(1996)᠂ ᠨᠠ᠊·ᠭᠣᠨᠴᠤᠭᠰᠦ᠋ᠷᠦᠩ ᠤᠨ 《ᠮᠣᠩᠭᠤᠯ ᠪᠢᠴᠢᠭ ᠦ᠋ᠨ ᠬᠡᠯᠡᠨ ᠦ᠌ ᠵᠥᠪ ᠪᠢᠴᠢᠬᠦ ᠵᠦᠢ》(1996)᠂ ᠹᠦᠯᠢᠩᠭ᠎ᠠ ᠶ᠋ᠢᠨ《ᠵᠥᠪ ᠪᠢᠴᠢᠯᠭᠡ ᠶ᠋ᠢᠨ ᠤᠬᠠᠭᠠᠨ》(1999) ᠵᠡᠷᠭᠡ ᠶ᠋ᠢ ᠳᠤᠷᠠᠳᠴᠤ ᠪᠣᠯᠤᠨ᠎ᠠ᠃ 

2.ᠡᠷᠳᠡᠮ ᠱᠢᠨᠵᠢᠯᠡᠭᠡᠨ ᠦ᠌ ᠥᠭᠦᠯᠡᠯ ᠳ᠋ᠦ᠍ ᠮᠡᠨᠳᠦ ᠶ᠋ᠢᠨ《ᠮᠣᠩᠭᠤᠯ ᠬᠡᠯᠡᠨ ᠦ᠌ ᠬᠣᠯᠪᠤᠬᠤ ᠡᠭᠡᠱᠢᠭ ᠦ᠋ᠨ ᠳᠦᠷᠢᠮ ᠦ᠋ᠨ ᠲᠤᠬᠠᠢ》(1962)᠂ ‍ᠪ᠊· ᠳᠠᠮᠳᠢᠨ ᠤ᠋ 《ᠵᠥᠪ ᠪᠢᠴᠢᠯᠭᠡ ᠶ᠋ᠢᠨ ᠲᠤᠰᠠᠯᠠᠮᠵᠢ》(1963)᠂ ᠲᠡᠭᠰᠢᠳᠦᠭᠦᠷᠡᠩ ᠤᠨ《ᠮᠣᠩᠭᠤᠯ ᠪᠢᠴᠢᠭ ᠦ᠋ᠨ ᠦᠰᠦᠭ ᠦ᠋ᠨ ᠳᠦᠷᠢᠮ ᠡᠴᠡ ᠲᠤᠷᠱᠢᠨ ᠥᠭᠦᠯᠡᠬᠦ ᠨᠢ》 (1965)᠂ ᠱᠢᠨᠡᠳᠬᠡ ᠶ᠋ᠢᠨ《ᠮᠣᠩᠭᠤᠯ ᠪᠢᠴᠢᠭ ᠦ᠋ᠨ ᠵᠥᠪ ᠪᠢᠴᠢᠯᠭᠡ ᠶ᠋ᠢᠨ ᠳᠦᠷᠢᠮ ᠦ᠋ᠨ ᠴᠣᠭᠴᠠᠰ ᠤ᠋ᠨ ᠲᠤᠬᠠᠢ ᠱᠢᠰᠲ᠋ᠧᠮᠴᠢᠯᠡᠭᠰᠡᠨ ᠰᠦᠪᠡᠭᠴᠢᠯᠡᠯ ᠦ᠋ᠳ ᠦ᠋ᠨ ᠲᠣᠯᠲᠤ ᠲᠣᠪᠴᠢᠶ᠎ᠠ》(1982)᠂《ᠵᠥᠪ ᠪᠢᠴᠢᠯᠭᠡ ᠶ᠋ᠢᠨ ᠳᠦᠷᠢᠮ ᠬᠢᠭᠡᠳ ᠱᠢᠰᠲ᠋ᠧᠮ ᠢ᠋ ᠰᠠᠢᠵᠢᠷᠠᠭᠤᠯᠬᠤ ᠲᠤᠬᠠᠢ》 (1983)᠂ 《ᠮᠣᠩᠭᠤᠯ ᠪᠢᠴᠢᠭ ᠦ᠋ᠨ ᠪᠦᠬᠦᠯᠢ ᠪᠦᠲᠦᠨ ᠦᠭᠡᠨ ᠳ᠋ᠡᠬᠢ ᠵᠦᠢ ᠪᠤᠰᠤ ᠪᠢᠴᠢᠯᠭᠡ ᠶ᠋ᠢ ᠵᠥᠪᠲᠦᠭᠡᠨ ᠳᠦᠷᠢᠮᠵᠢᠭᠦᠯᠬᠦ ᠠᠰᠠᠭᠤᠳᠠᠯ ᠳ᠋ᠤ᠌》(1984) ᠵᠡᠷᠭᠡ ᠥᠭᠦᠯᠡᠯ᠂ ᠪᠦᠬᠡᠵᠢᠷᠭᠠᠯ ᠤᠨ《ᠤᠢᠭᠤᠷᠵᠢᠨ ᠮᠣᠩᠭᠤᠯ ᠦᠰᠦᠭ ᠪᠠ ᠲᠡᠭᠦᠨ ᠦ᠌ ᠵᠥᠪ ᠪᠢᠴᠢᠯᠭᠡ ᠶ᠋ᠢᠨ ᠲᠤᠬᠠᠢ》(1980)᠂ 《ᠦᠰᠦᠭ ᠦ᠋ᠨ ᠳᠦᠷᠢᠮ ᠢ᠋ ᠰᠠᠢᠵᠢᠷᠠᠭᠤᠯᠵᠤ ᠪᠢᠴᠢᠯᠭᠡ ᠶ᠋ᠢ ᠳᠦᠷᠢᠮᠵᠢᠭᠦᠯᠦᠶ᠎ᠡ》 (1983)᠂《ᠪᠢᠴᠢᠯᠭᠡ ᠶ᠋ᠢ ᠳᠦᠷᠢᠮᠵᠢᠭᠦᠯᠬᠦ ᠲᠤᠬᠠᠢ ᠥᠭᠦᠯᠡᠬᠦ ᠨᠢ》(1992) ᠵᠡᠷᠭᠡ ᠥᠭᠦᠯᠡᠯ᠂ ᠼ‍·ᠨᠣᠷᠵᠢᠨ ᠤ《ᠮᠣᠩᠭᠤᠯ ᠪᠢᠴᠢᠭ ᠦ᠋ᠨ ᠦᠰᠦᠭ ᠦ᠋ᠨ ᠳᠦᠷᠢᠮ ᠦ᠋ᠨ ᠲᠥᠯᠦᠪᠱᠢᠷᠡᠭᠰᠡᠨ ᠲᠣᠢᠮᠤ》(1979)᠂《ᠦᠰᠦᠭ ᠦ᠋ᠨ ᠳᠦᠷᠢᠮ ᠢ᠋ ᠪᠣᠯᠪᠠᠰᠤᠷᠠᠭᠤᠯᠵᠤ ᠪᠢᠴᠢᠯᠭᠡ ᠶ᠋ᠢ ᠳᠦᠷᠢᠮᠵᠢᠭᠦᠯᠬᠦ ᠲᠤᠬᠠᠢ》(1980)᠂《ᠮᠣᠩᠭᠤᠯ ᠪᠢᠴᠢᠭ ᠦ᠋ᠨ ᠦᠰᠦᠭ ᠦ᠋ᠨ ᠳᠦᠷᠢᠮ ᠦ᠋ᠨ ᠲᠤᠬᠠᠢ ᠣᠳᠤ ᠬᠦᠷᠲᠡᠯᠡᠬᠢ ᠰᠤᠳᠤᠯᠭᠠᠨ ᠤ᠋ ᠶᠡᠷᠦᠩᠬᠡᠢ ᠳ᠋ᠦᠩ》(1982) ᠵᠡᠷᠭᠡ ᠥᠭᠦᠯᠡᠯ᠂ ᠨᠠ᠊·ᠭᠣᠨᠴᠤᠭᠰᠦ᠋ᠷᠦᠩ ᠤᠨ《ᠮᠣᠩᠭᠤᠯ ᠬᠡᠯᠡᠨ ᠦ᠌ ᠵᠥᠪ ᠪᠢᠴᠢᠯᠭᠡ ᠶ᠋ᠢᠨ ᠵᠠᠷᠢᠮ ᠠᠰᠠᠭᠤᠳᠠᠯ ᠤ᠋ᠨ ᠲᠤᠬᠠᠢ ᠥᠭᠦᠯᠡᠬᠦ ᠨᠢ》(1977)᠂ 《ᠮᠣᠩᠭᠤᠯ ᠬᠡᠯᠡᠨ ᠦ᠌ ᠬᠡᠰᠡᠭ ᠦᠭᠡ ᠶ᠋ᠢᠨ ᠪᠢᠴᠢᠯᠭᠡ ᠶ᠋ᠢ ᠰᠠᠢᠵᠢᠷᠠᠭᠤᠯᠬᠤ ᠲᠤᠬᠠᠢ ᠠᠰᠠᠭᠤᠳᠠᠯ ᠳ᠋ᠤ᠌》(1992) ᠵᠡᠷᠭᠡ ᠠᠯᠢ ᠣᠯᠠᠨ ᠥᠭᠦᠯᠡᠯ ᠦ᠋ᠳ ᠢ᠋ ᠳᠤᠷᠠᠳᠴᠤ ᠪᠣᠯᠤᠨ᠎ᠠ᠃ 

3.ᠲᠣᠯᠢ ᠪᠢᠴᠢᠭ ᠦ᠋ᠳ ᠲᠦ᠍ ᠥᠪᠦᠷ ᠮᠣᠩᠭᠤᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶᠠᠨ ᠤ᠋《ᠮᠣᠩᠭᠤᠯ ᠬᠢᠲᠠᠳ ᠲᠣᠯᠢ ᠪᠢᠴᠢᠭ》(1975)᠂ ᠥᠪᠦᠷ ᠮᠣᠩᠭᠤᠯ ᠤ᠋ᠨ ᠶᠡᠬᠡ ᠰᠤᠷᠭᠠᠭᠤᠯᠢ ᠶ᠋ᠢᠨ《ᠮᠣᠩᠭᠤᠯ ᠬᠢᠲᠠᠳ ᠲᠣᠯᠢ》(1976)᠂ ᠪᠥᠷᠢᠨᠲᠡᠭᠦᠰ ᠦ᠋ᠨ《ᠮᠣᠩᠭᠤᠯ ᠬᠡᠯᠡᠨ ᠦ᠌ ᠵᠥᠪ ᠳᠠᠭᠤᠳᠠᠯᠭ᠎ᠠ ᠵᠥᠪ ᠪᠢᠴᠢᠯᠭᠡ ᠶ᠋ᠢᠨ ᠲᠣᠯᠢ》(1977)᠂ ᠼ‍·ᠨᠣᠷᠵᠢᠨ ᠨᠠᠷ ᠦ᠋ᠨ 《ᠮᠣᠩᠭᠤᠯ ᠬᠡᠯᠡᠨ ᠦ᠌ ᠲᠣᠯᠢ》 (1997) ᠵᠡᠷᠭᠡ ᠶ᠋ᠢ ᠳᠤᠷᠠᠳᠴᠤ ᠪᠣᠯᠤᠨ᠎ᠠ᠃ ᠡᠳᠡᠭᠡᠷ ᠲᠣᠯᠢ ᠪᠢᠴᠢᠭ ᠲᠦ᠍ ᠰᠣᠩᠭᠤᠵᠤ ᠣᠷᠤᠭᠤᠯᠤᠭᠰᠠᠨ ᠲᠣᠯᠤᠭᠠᠢ ᠦᠭᠡ ᠶ᠋ᠢᠨ ᠢ᠋ᠶ᠋ᠡᠨ ᠪᠢᠴᠢᠯᠭᠡ ᠶ᠋ᠢ ᠨᠢᠭᠡᠳᠬᠡᠨ ᠳᠦᠷᠢᠮᠵᠢᠭᠦᠯᠬᠦ ᠠᠵᠢᠯ ᠢ᠋ ᠠᠳᠠᠯᠢ ᠪᠤᠰᠤ ᠬᠡᠮᠵᠢᠶ᠎ᠡ ᠪᠡᠷ ᠬᠢᠵᠡᠢ᠃ ᠢᠯᠠᠩᠭᠤᠶ᠎ᠠ ᠥᠪᠦᠷ ᠮᠣᠩᠭᠤᠯ ᠤ᠋ᠨ ᠶᠡᠬᠡ ᠰᠤᠷᠭᠠᠭᠤᠯᠢ ᠶ᠋ᠢᠨ《ᠮᠣᠩᠭᠤᠯ ᠬᠢᠲᠠᠳ ᠲᠣᠯᠢ》ᠪᠣᠯᠤᠨ ᠼ‍· ᠨᠣᠷᠵᠢᠨ ᠨᠠᠷ ᠦ᠋ᠨ ᠨᠠᠢᠷᠠᠭᠤᠯᠤᠭᠰᠠᠨ 《ᠮᠣᠩᠭᠤᠯ ᠬᠡᠯᠡᠨ ᠦ᠌ ᠲᠣᠯᠢ》 ᠳ᠋ᠤ᠌ ᠲᠡᠦᠬᠡᠨ ᠡᠴᠡ ᠤᠯᠠᠮᠵᠢᠯᠠᠭᠳᠠᠭᠰᠠᠭᠠᠷ ᠢᠷᠡᠭᠰᠡᠨ ᠠᠳᠠᠯᠢᠬᠠᠨ ᠨᠢᠭᠡ ᠦᠭᠡ ᠶ᠋ᠢ ᠬᠡᠳᠦ ᠬᠡᠳᠦᠨ ᠶᠠᠩᠵᠤ ᠪᠠᠷ ᠪᠢᠴᠢᠬᠦ ᠪᠤᠶᠤ ᠦᠭᠡ ᠶ᠋ᠢᠨ ᠢᠵᠠᠭᠤᠷ᠂ ᠳᠠᠭᠠᠪᠤᠷᠢ᠂ ᠨᠥᠬᠦᠴᠡᠯ ᠢ᠋ ᠨᠢᠭᠡᠳᠦᠯ ᠦᠭᠡᠢ ᠪᠢᠴᠢᠬᠦ᠂ ᠨᠡᠢᠯᠡᠩᠬᠢ ᠪᠠ ᠰᠠᠯᠤᠩᠭᠢ ᠪᠢᠴᠢᠬᠦ᠂ ᠬᠠᠷᠢ ᠭᠠᠷᠤᠯᠲᠠᠢ ᠦᠭᠡ ᠶ᠋ᠢ ᠨᠢᠭᠡᠳᠦᠯ ᠦᠭᠡᠢ ᠪᠢᠴᠢᠬᠦ ᠵᠡᠷᠭᠡ ᠲᠠᠯ᠎ᠠ ᠪᠠᠷ ᠣᠷᠤᠱᠢᠵᠤ ᠪᠠᠢᠭᠰᠠᠨ ᠳᠦᠷᠢᠮᠵᠢᠯ ᠪᠠᠭᠠᠲᠠᠢ ᠪᠢᠴᠢᠯᠭᠡ ᠶ᠋ᠢᠨ ᠠᠰᠠᠭᠤᠳᠠᠯ ᠢ᠋ ᠨᠡᠯᠢᠶᠡᠳ ᠲᠣᠬᠢᠷᠠᠮᠵᠢᠲᠠᠢ ᠱᠢᠢᠳᠪᠦᠷᠢᠯᠡᠭᠰᠡᠨ ᠶᠤᠮ᠃ ᠡᠭᠦᠨ ᠳ᠋ᠦ᠍ ᠼ‍·ᠨᠣᠷᠵᠢᠨ ᠨᠠᠷ ᠦ᠋ᠨ《ᠮᠣᠩᠭᠤᠯ ᠬᠡᠯᠡᠨ ᠦ᠌ ᠲᠣᠯᠢ》ᠳ᠋ᠤ᠌ 800 ᠭᠠᠷᠤᠢ ᠦᠭᠡ ᠶ᠋ᠢᠨ ᠪᠢᠴᠢᠯᠭᠡ ᠶ᠋ᠢ ᠨᠢᠭᠡᠳᠬᠡᠨ ᠳᠦᠷᠢᠮᠵᠢᠭᠦᠯᠵᠦ᠂ 《ᠮᠣᠩᠭᠤᠯ ᠵᠥᠪ ᠪᠢᠴᠢᠯᠭᠡ ᠶ᠋ᠢᠨ ᠲᠣᠯᠢ》ᠶ᠋ᠢ ᠨᠠᠢᠷᠠᠭᠤᠯᠵᠤ ᠬᠡᠪᠯᠡᠭᠦᠯᠬᠦ ᠠᠵᠢᠯ ᠳ᠋ᠤ᠌ ᠴᠢᠬᠤᠯᠠ ᠰᠠᠭᠤᠷᠢ ᠶ᠋ᠢ ᠲᠠᠯᠪᠢᠵᠤ ᠥᠭᠴᠡᠢ᠃ 

ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ ᠠ᠋ᠴᠠ ᠨᠠᠭᠠᠱᠢᠬᠢ 70 ᠭᠠᠷᠤᠢ ᠵᠢᠯ ᠦ᠋ᠨ ᠮᠣᠩᠭᠤᠯ ᠬᠡᠯᠡ ᠪᠢᠴᠢᠭ ᠦ᠋ᠨ ᠠᠵᠢᠯ ᠢ᠋ ᠡᠷᠭᠢᠴᠡᠭᠦᠯᠵᠦ ᠦᠵᠡᠪᠡᠯ᠂ ᠮᠠᠨ ᠤ᠋ ᠣᠷᠤᠨ ᠤ᠋ ᠮᠣᠩᠭᠤᠯ ᠪᠢᠴᠢᠭ ᠦ᠋ᠨ ᠵᠥᠪ ᠪᠢᠴᠢᠯᠭᠡ ᠶ᠋ᠢᠨ ᠰᠤᠳᠤᠯᠭ᠎ᠠ᠂ ᠳᠦᠷᠢᠮᠵᠢᠯ ᠦ᠋ᠨ ᠠᠵᠢᠯ ᠡᠮᠦᠨ᠎ᠡ ᠶᠠᠷᠢᠭᠰᠠᠨ ᠱᠢᠭ᠋ ᠵᠣᠬᠢᠶᠠᠨ ᠪᠠᠢᠭᠤᠯᠤᠯᠲᠠ ᠲᠠᠢ᠂ ᠲᠥᠯᠦᠪᠯᠡᠭᠡ ᠲᠡᠢ᠂ ᠡᠮᠬᠢ ᠴᠡᠭᠴᠡ ᠲᠡᠢ ᠬᠥᠭᠵᠢᠵᠦ ᠢᠷᠡᠭᠰᠡᠨ ᠪᠥᠭᠡᠳ ᠬᠣᠯᠪᠤᠭᠳᠠᠭᠰᠠᠨ ᠪᠠᠢᠭᠤᠯᠭ᠎ᠠ ᠨᠢᠭᠡᠴᠢ᠂ ᠡᠷᠳᠡᠮᠲᠡᠨ ᠮᠡᠷᠭᠡᠳ ᠦᠨ᠎ᠡ ᠴᠡᠨ᠎ᠡ ᠲᠠᠢ ᠠᠯᠢ ᠣᠯᠠᠨ ᠰᠤᠷᠬᠤ ᠪᠢᠴᠢᠭ᠂ ᠡᠷᠳᠡᠮ ᠱᠢᠨᠵᠢᠯᠡᠭᠡᠨ ᠦ᠌ ᠥᠭᠦᠯᠡᠯ ᠵᠣᠬᠢᠶᠠᠯ᠂ ᠲᠣᠯᠢ ᠪᠢᠴᠢᠭ ᠵᠡᠷᠭᠡ ᠶ᠋ᠢ ᠬᠡᠪᠯᠡᠭᠦᠯᠦᠨ ᠨᠡᠢᠲᠡᠯᠡᠭᠦᠯᠦᠭᠰᠡᠭᠡᠷ ᠢᠷᠡᠵᠡᠢ᠃ ᠶᠡᠷᠦ ᠨᠢ ᠮᠣᠩᠭᠤᠯ ᠪᠢᠴᠢᠭ ᠢ᠋ᠶ᠋ᠡᠨ ᠨᠢᠭᠡᠳᠦᠯᠲᠡᠢ᠂ ᠳᠦᠷᠢᠮᠵᠢᠯᠲᠡᠢ ᠬᠡᠷᠡᠭᠯᠡᠬᠦ ᠶᠠᠪᠤᠳᠠᠯ ᠪᠣᠯ ᠮᠠᠨ ᠤ᠋ ᠦᠨᠳᠦᠰᠦᠲᠡᠨ ᠦ᠌ ᠬᠥᠭᠵᠢᠯᠲᠡ ᠳᠠᠪᠱᠢᠯᠲᠠ᠂ ᠰᠣᠨᠢᠨ ᠰᠡᠳᠬᠦᠯ᠂ ᠨᠣᠮ ᠵᠣᠬᠢᠶᠠᠯ᠂ ᠲᠣᠯᠢ ᠪᠢᠴᠢᠭ ᠲᠡᠷᠢᠭᠦᠲᠡᠨ ᠢ᠋ ᠨᠠᠢᠷᠠᠭᠤᠯᠵᠤ ᠬᠡᠪᠯᠡᠭᠦᠯᠬᠦ ᠪᠠ ᠬᠢᠨᠠᠵᠤ ᠱᠢᠭᠦᠬᠦ ᠵᠢᠴᠢ ᠮᠣᠩᠭᠤᠯ ᠦᠨᠳᠦᠰᠦᠲᠡᠨ ᠦ᠌ ᠨᠡᠢᠲᠡ ᠶ᠋ᠢᠨ ᠬᠡᠯᠡᠨ ᠦ᠌ ᠪᠦᠷᠢᠯᠳᠦᠵᠦ ᠬᠥᠭᠵᠢᠬᠦ ᠵᠡᠷᠭᠡ ᠣᠯᠠᠨ ᠲᠠᠯ᠎ᠠ ᠲᠠᠢ ᠬᠣᠯᠪᠤᠭᠳᠠᠵᠤ ᠪᠠᠢᠭ᠎ᠠ ᠮᠠᠱᠢ ᠴᠢᠬᠤᠯᠠ ᠠᠵᠢᠯ ᠶᠤᠮ᠃ ᠡᠢᠮᠦ ᠡᠴᠡ ᠪᠢᠳᠡ ᠮᠣᠩᠭᠤᠯ ᠪᠢᠴᠢᠭ ᠢ᠋ ᠳᠦᠷᠢᠮᠵᠢᠭᠦᠯᠬᠦ᠂ ᠪᠠᠷᠢᠮᠵᠢᠶᠠᠵᠢᠭᠤᠯᠬᠤ᠂ ᠰᠤᠷᠴᠤ ᠬᠡᠷᠡᠭᠯᠡᠬᠦ ᠳ᠋ᠦ᠍ ᠨᠢᠭᠡ ᠬᠡᠮᠵᠢᠶᠡᠨ ᠦ᠌ ᠵᠢᠯᠤᠭᠤᠳᠤᠯᠭ᠎ᠠ ᠪᠤᠶᠤ ᠲᠤᠰᠠ ᠳᠡᠮ ᠪᠣᠯᠭᠠᠬᠤ ᠵᠣᠷᠢᠯᠭ᠎ᠠ ᠪᠠᠷ ᠮᠣᠩᠭᠤᠯ ᠪᠢᠴᠢᠭ ᠦ᠋ᠨ ᠵᠥᠪ ᠪᠢᠴᠢᠬᠦ ᠳᠦᠷᠢᠮ ᠲᠡᠢ ᠬᠣᠯᠪᠤᠭᠳᠠᠭᠰᠠᠨ ᠠᠯᠢ ᠣᠯᠠᠨ ᠥᠭᠦᠯᠡᠯ ᠦ᠋ᠨ ᠳᠣᠲᠤᠷ᠎ᠠ ᠠ᠋ᠴᠠ ᠵᠥᠪ ᠪᠢᠴᠢᠬᠦ ᠵᠠᠷᠴᠢᠮ ᠪᠠ ᠳᠦᠷᠢᠮ᠂ ᠳᠠᠩ ᠦᠭᠡ ᠶ᠋ᠢᠨ ᠪᠢᠴᠢᠯᠭᠡ ᠶ᠋ᠢᠨ ᠳᠦᠷᠢᠮᠵᠢᠯ ᠲᠡᠢ ᠬᠣᠯᠪᠤᠭᠳᠠᠭᠰᠠᠨ 35 ᠥᠭᠦᠯᠡᠯ ᠢ᠋ ᠰᠣᠩᠭᠤᠵᠤ 《ᠮᠣᠩᠭᠤᠯ ᠪᠢᠴᠢᠭ ᠦ᠋ᠨ ᠵᠥᠪ ᠪᠢᠴᠢᠯᠭᠡ ᠶ᠋ᠢᠨ ᠰᠤᠳᠤᠯᠭᠠᠨ ᠤ᠋ ᠥᠭᠦᠯᠡᠯ ᠦ᠋ᠳ》ᠭᠡᠬᠦ ᠨᠣᠮ ᠪᠣᠯᠭᠠᠨ ᠬᠡᠪᠯᠡᠭᠦᠯᠬᠦ ᠪᠡᠷ ᠪᠣᠯᠤᠯ᠎ᠠ᠃ ᠡᠳᠡᠭᠡᠷ ᠥᠭᠦᠯᠡᠯ ᠨᠢ ᠮᠠᠨ ᠤ᠋ ᠣᠷᠤᠨ ᠤ᠋ ᠬᠣᠢᠱᠢᠳᠠ ᠶ᠋ᠢᠨ ᠮᠣᠩᠭᠤᠯ ᠪᠢᠴᠢᠭ ᠦ᠋ᠨ ᠰᠠᠢᠵᠢᠷᠠᠭᠤᠯᠤᠯᠲᠠ᠂ ᠳᠦᠷᠢᠮᠵᠢᠭᠦᠯᠦᠯᠲᠡ᠂ ᠪᠠᠷᠢᠮᠵᠢᠶᠠᠵᠢᠭᠤᠯᠤᠯᠲᠠ᠂ ᠰᠤᠷᠠᠭ ᠵᠠᠩᠭᠢᠵᠢᠭᠤᠯᠤᠯᠲᠠ ᠶ᠋ᠢᠨ ᠠᠵᠢᠯ ᠤ᠋ᠨ ᠤᠯᠠᠮ ᠡᠷᠴᠢᠮᠲᠡᠢ ᠶᠠᠪᠤᠭᠳᠠᠬᠤ ᠵᠢᠴᠢ ᠱᠢᠨᠵᠢᠯᠡᠬᠦ ᠤᠬᠠᠭᠠᠨ᠂ ᠰᠣᠶᠤᠯ ᠪᠣᠯᠪᠠᠰᠤᠷᠠᠯ ᠤ᠋ᠨ ᠬᠥᠭᠵᠢᠵᠦ ᠳᠠᠪᠱᠢᠬᠤ ᠳ᠋ᠤ᠌ ᠨᠡᠩ ᠶᠡᠬᠡ ᠨᠥᠯᠦᠭᠡ ᠲᠤᠰᠭᠠᠯ ᠭᠠᠷᠭᠠᠬᠤ ᠨᠢ ᠳᠠᠮᠵᠢᠭ ᠦᠭᠡᠢ ᠶᠤᠮ᠃

(ᠡᠨᠡ ᠪᠣᠯ ᠵᠣᠬᠢᠶᠠᠭᠴᠢ ᠶ᠋ᠢᠨ《ᠮᠣᠩᠭᠤᠯ ᠪᠢᠴᠢᠭ ᠦ᠋ᠨ ᠵᠥᠪ ᠪᠢᠴᠢᠯᠭᠡ ᠶ᠋ᠢᠨ ᠰᠤᠳᠤᠯᠭᠠᠨ ᠤ᠋ ᠥᠭᠦᠯᠡᠯ ᠦ᠋ᠳ》 ᠲᠦ᠍ ᠪᠢᠴᠢᠭᠰᠡᠨ ᠡᠮᠦᠨᠡᠬᠢ ᠦᠭᠡ ᠮᠥᠨ᠂ ᠰᠡᠳᠦᠪ ᠢ᠋ ᠨᠠᠢᠷᠠᠭᠤᠯᠤᠭᠴᠢ ᠬᠠᠳᠠᠪᠠ᠃) 《ᠮᠣᠩᠭᠤᠯ ᠬᠡᠯᠡ ᠪᠢᠴᠢᠭ》ᠰᠡᠳᠬᠦᠯ     2018 ᠣᠨ ᠤ᠋ ᠶᠢᠰᠦᠳᠦᠭᠡᠷ ᠬᠤᠭᠤᠴᠠᠭ᠎ᠠ

(ᠭᠠᠷᠳᠠᠭᠰᠠᠨ ᠨᠠᠢᠷᠠᠭᠤᠯᠤᠭᠴᠢ᠄ ᠪ‌᠊· ᠯᠤᠪᠰᠠᠩᠳᠤᠩᠷᠤᠪ )

 

ᠬᠠᠷᠢᠭᠤᠴᠠᠭᠰᠠᠨ ᠨᠠᠢᠷᠠᠭᠤᠯᠤᠭᠴᠢ᠄ ᠨᠠᠷᠠᠩᠭᠤᠸ᠎ᠠ

 

ᠸᠢᠴᠠᠲ ᠲᠤ ᠪᠠᠨ ᠬᠤᠪᠢᠶᠠᠯᠴᠠᠬᠤ