《ᠪᠡᠭᠡᠵᠢᠩ ᠦ᠋ᠨ ᠬᠡᠯᠡ ᠰᠣᠶᠤᠯ ᠤ᠋ᠨ ᠲᠣᠭᠠᠴᠠᠯᠠᠭᠰᠠᠨ ᠮᠦᠽᠧᠢ》 ᠰᠦᠯᠵᠢᠶᠡᠨ ᠳ᠋ᠦ᠍ ᠭᠠᠷᠭᠠᠵᠤ᠂ ᠪᠡᠭᠡᠵᠢᠩ ᠦ᠋ᠨ ᠰᠣᠶᠤᠯ ᠤ᠋ᠨ ᠰᠣᠨᠢᠷᠬᠠᠯᠲᠤ ᠠᠶᠠᠨ  ᠢ᠋ ᠡᠬᠢᠯᠡᠭᠦᠯᠬᠦ ᠪᠡᠷ ᠪᠠᠢᠨ᠎ᠠ
ᠢᠷᠡᠯᠲᠡ᠄ ᠤᠯᠤᠰ ᠤᠨ ᠦᠭᠡ ᠬᠡᠯᠡ ᠦᠰᠦᠭ ᠪᠢᠴᠢᠭ ᠤᠨ ᠰᠦᠯᠵᠢᠶ᠎ᠡ
2017.12.26

 

12 ᠰᠠᠷ᠎ᠠ ᠵᠢᠨ 19 ᠤ᠋ ᠡᠳᠦᠷ ᠦ᠋ᠨ ᠦᠳᠡ ᠵᠢᠨ ᠡᠮᠦᠨ᠎ᠡ᠂ ᠮᠠᠨ ᠤ᠋ ᠤᠯᠤᠰ ᠤ᠋ᠨ  ᠠᠩᠬᠠᠳᠠᠭᠴᠢ ᠬᠡᠯᠡ ᠰᠣᠶᠤᠯ ᠤ᠋ᠨ ᠲᠣᠭᠠᠴᠠᠯᠠᠭᠰᠠᠨ ᠮᠦᠽᠧᠢ 《 ᠪᠡᠭᠡᠵᠢᠩ ᠦ᠋ᠨ ᠬᠡᠯᠡ ᠰᠣᠶᠤᠯ ᠤ᠋ᠨ ᠲᠣᠭᠠᠴᠠᠯᠠᠭᠰᠠᠨ ᠮᠦᠽᠧᠢ》 ᠵᠢᠨ ᠲᠥᠰᠦᠪ ᠲᠤᠰᠭᠠᠢ ᠮᠡᠷᠭᠡᠵᠢᠯ ᠦ᠋ᠨ   ᠬᠢᠨᠠᠨ ᠲᠣᠭᠲᠠᠭᠠᠯᠲᠠ ᠪᠠᠷ ᠪᠠᠲᠤᠯᠠᠭᠳᠠᠪᠠ᠃ ᠰᠤᠷᠭᠠᠨ ᠬᠥᠮᠦᠵᠢᠯ ᠦ᠋ᠨ ᠶᠠᠮᠤᠨ ᠤ᠋ ᠬᠡᠯᠡ ᠦᠰᠦᠭ ᠪᠢᠴᠢᠭ ᠦ᠋ᠨ ᠬᠡᠷᠡᠭᠯᠡᠯᠲᠡ ᠵᠢ ᠰᠤᠳᠤᠯᠬᠤ ᠭᠠᠵᠠᠷ᠂ ᠪᠡᠭᠡᠵᠢᠩ ᠦ᠋ᠨ ᠬᠡᠯᠡᠨ ᠦ᠌ ᠶᠡᠬᠡ ᠰᠤᠷᠭᠠᠭᠤᠯᠢ᠂ ᠲᠥᠪ ᠦ᠋ᠨ ᠪᠠᠭᠰᠢ ᠵᠢᠨ ᠶᠡᠬᠡ ᠰᠤᠷᠭᠠᠭᠤᠯᠢ᠂ ᠪᠡᠭᠡᠵᠢᠩ ᠦ᠋ᠨ ᠬᠡᠪᠯᠡᠯ ᠳᠠᠷᠤᠮᠠᠯᠯᠠᠯ ᠤ᠋ᠨ ᠳᠡᠭᠡᠳᠦ ᠰᠤᠷᠭᠠᠭᠤᠯᠢ ᠵᠢᠨ 5 ᠲᠤᠰᠭᠠᠢ ᠮᠡᠷᠭᠡᠵᠢᠯᠲᠡᠨ ᠢ᠋ᠶ᠋ᠡᠷ ᠪᠦᠷᠢᠯᠳᠦᠭᠰᠡᠨ  ᠬᠢᠨᠠᠨ ᠲᠣᠭᠲᠠᠭᠠᠬᠤ ᠳᠤᠭᠤᠢᠯᠠᠩ ᠲᠥᠰᠦᠪ ᠤ᠋ᠨ ᠦᠷ᠎ᠡ ᠪᠦᠲᠦᠮᠵᠢ  ᠶᠢ ᠵᠥᠪᠯᠡᠨ ᠲᠣᠭᠲᠠᠭᠠᠵᠤ᠂《 ᠪᠡᠭᠡᠵᠢᠩ ᠦ᠋ᠨ ᠬᠡᠯᠡ ᠰᠣᠶᠤᠯ ᠤ᠋ᠨ ᠲᠣᠭᠠᠴᠠᠯᠠᠭᠰᠠᠨ ᠮᠦᠽᠧᠢ》  ᠪᠣᠯ ᠴᠢᠬᠤᠯᠠ ᠶᠡᠬᠡ ᠰᠣᠶᠤᠯ ᠤ᠋ᠨ ᠦᠨ᠎ᠡ ᠥᠷᠲᠡᠭ ᠪᠠ  ᠪᠣᠳᠠᠲᠤ ᠠᠴᠢ  ᠬᠣᠯᠪᠤᠭᠳᠠᠯ ᠲᠠᠢ᠂  ᠲᠥᠰᠦᠪ ᠦ᠋ᠨ ᠤᠷᠢᠳᠴᠢᠯᠠᠨ ᠲᠣᠭᠲᠠᠭᠠᠭᠰᠠᠨ ᠬᠠᠷᠠᠯᠲᠠ ᠳ᠋ᠠᠭᠠᠨ ᠪᠦᠷᠢᠮᠦᠰᠦᠨ ᠬᠦᠷᠴᠦ ᠳᠡᠢᠯᠵᠡᠢ ᠭᠡᠵᠦ ᠦᠵᠡᠵᠡᠭᠡᠵᠡᠢ᠃

《ᠪᠡᠭᠡᠵᠢᠩ ᠦ᠋ᠨ ᠬᠡᠯᠡ ᠰᠣᠶᠤᠯ ᠤ᠋ᠨ ᠲᠣᠭᠠᠴᠠᠯᠠᠭᠰᠠᠨ ᠮᠦᠽᠧᠢ》  ᠲᠥᠰᠦᠪ ᠪᠣᠯ ᠪᠡᠭᠡᠵᠢᠩ ᠬᠣᠲᠠ ᠵᠢᠨ ᠬᠡᠯᠡ ᠪᠢᠴᠢᠭ ᠦ᠋ᠨ ᠵᠥᠪᠯᠡᠯ ᠦ᠋ᠨ  ᠲᠣᠮᠤ  ᠲᠥᠰᠦᠪ ᠶᠤᠮ᠃ 2012 ᠣᠨ ᠤ᠋ 5 ᠰᠠᠷ᠎ᠠ ᠳ᠋ᠤ᠌  ᠡᠬᠢᠯᠡᠭᠦᠯᠵᠦ᠂ 2017 ᠣᠨ ᠤ᠋ 11 ᠰᠠᠷ᠎ᠠ ᠳ᠋ᠤ᠌ ᠳᠠᠭᠤᠰᠭᠠᠵᠠᠢ᠃ 5 ᠵᠢᠯ ᠦ᠋ᠨ ᠲᠤᠷᠰᠢ᠂ ᠪᠡᠭᠡᠵᠢᠩ ᠦ᠋ᠨ ᠬᠡᠯᠡ ᠪᠢᠴᠢᠭ ᠦ᠋ᠨ ᠵᠥᠪᠯᠡᠯ ᠦ᠋ᠨ ᠠᠯᠪᠠᠨ ᠭᠡᠷ ᠦ᠋ᠨ ᠡᠷᠬᠢᠯᠡᠯ   ᠢ᠋ᠶ᠋ᠡᠷ ᠲᠥᠰᠦᠪ ᠨᠢ ᠪᠡᠭᠡᠵᠢᠩ ᠬᠣᠲᠠ ᠵᠢᠨ ᠰᠣᠶᠤᠯ᠂ ᠲᠡᠦᠬᠡ  ᠶᠢᠨ ᠳᠤᠷᠠᠰᠭᠠᠯᠲᠤ  ᠵᠦᠢᠯ᠂ ᠭᠠᠵᠠᠷ ᠣᠷᠤᠨ ᠤ᠋ ᠣᠢᠯᠠᠯᠭ᠎ᠠ ᠵᠢᠨ ᠰᠠᠯᠠᠭ᠎ᠠ ᠮᠥᠴᠢᠷ ᠪᠣᠯᠤᠨ ᠡᠯ᠎ᠡ  ᠲᠣᠭᠤᠷᠢᠭ ᠤ᠋ᠨ ᠬᠡᠯᠡ ᠪᠢᠴᠢᠭ ᠦ᠋ᠨ ᠵᠥᠪᠯᠡᠯ᠂ ᠰᠣᠶᠤᠯ ᠤ᠋ᠨ ᠵᠥᠪᠯᠡᠯ ᠦ᠋ᠨ ᠬᠦᠴᠦᠲᠡᠢ ᠳᠡᠮᠵᠢᠯᠭᠡ ᠵᠢ ᠣᠯᠵᠠᠢ᠃ ᠲᠤᠰ ᠮᠦᠽᠧᠢ ᠪᠣᠯ ᠤᠯᠤᠰ ᠤ᠋ᠨ ᠳᠣᠲᠤᠭᠠᠳᠤᠬᠢ ᠠᠩᠬᠠᠳᠠᠭᠴᠢ ᠬᠡᠯᠡ ᠰᠣᠶᠤᠯ ᠳ᠋ᠤ᠌ ᠬᠠᠨᠳᠤᠭᠤᠯᠵᠤ ᠰᠤᠳᠤᠯᠤᠨ ᠬᠢᠭᠰᠡᠨ ᠨᠡᠭᠡᠭᠡᠯᠲᠡᠲᠦ ᠮᠦᠽᠧᠢ  ᠮᠥᠨ᠃ ᠨᠡᠢᠭᠡᠮ ᠦ᠋ᠨ ᠤᠯᠠᠨ ᠨᠡᠢᠲᠡ ᠵᠢᠨ ᠰᠣᠶᠤᠯ ᠤ᠋ᠨ ᠡᠬᠢ ᠪᠠᠶᠠᠯᠢᠭ ᠪᠣᠯᠤᠭᠰᠠᠨ ᠢ᠋ᠶ᠋ᠠᠷ ᠪᠡᠭᠡᠵᠢᠩ ᠦ᠋ᠨ ᠠᠮᠠᠨ ᠠᠶᠠᠯᠭᠤ᠂ ᠪᠡᠭᠡᠵᠢᠩ ᠦ᠋ᠨ ᠠᠮᠠᠨ ᠤᠯᠠᠮᠵᠢᠯᠠᠯ ᠤ᠋ᠨ ᠰᠣᠶᠤᠯ᠂ ᠪᠡᠭᠡᠵᠢᠩ  ᠶᠠᠷᠢᠶᠠᠨ ᠤ᠋ ᠠᠮᠠᠨ ᠠᠶᠠᠯᠭᠤᠨ ᠤ᠋ ᠵᠢᠷᠤᠭᠲᠤ ᠲᠣᠯᠢ᠂ ᠪᠡᠭᠡᠵᠢᠩ ᠦᠭᠡ  ᠪᠡᠷ  ᠰᠢᠯᠦᠭᠯᠡᠨ ᠤᠶᠠᠩᠭᠠᠯᠠᠬᠤ᠂ ᠪᠡᠭᠡᠵᠢᠩ ᠦ᠋ᠨ ᠭᠠᠵᠠᠷ ᠤ᠋ᠨ ᠨᠡᠷ᠎ᠡ ᠵᠢᠨ ᠰᠣᠶᠤᠯ᠂ ᠪᠡᠭᠡᠵᠢᠩ ᠦ᠋ᠨ ᠨᠡᠷᠡᠲᠦ ᠬᠦᠷᠢᠶᠡᠯᠡᠩ ᠦ᠋ᠨ ᠪᠠᠭᠠᠨ᠎ᠠ ᠳᠡᠭᠡᠷᠡᠬᠢ ᠬᠣᠣᠰ ᠤᠶᠠᠩᠭ᠎ᠠ ᠪᠠ ᠢᠯᠡᠷᠬᠡᠢᠯᠡᠯ᠂ ᠪᠡᠭᠡᠵᠢᠩ ᠦ᠋ᠨ ᠭᠤᠷᠪᠠᠨ ᠠᠭᠤᠯᠠ ᠲᠠᠪᠤᠨ ᠬᠦᠷᠢᠶᠡᠯᠡᠩ  ᠳ᠋ᠦ᠍ ᠬᠠᠭᠠᠨ ᠤ᠋ ᠪᠢᠴᠢᠵᠦ ᠥᠭᠭᠦᠭᠰᠡᠨ ᠰᠢᠯᠦᠭ᠂ ᠪᠡᠭᠡᠵᠢᠩ  ᠶᠠᠷᠢᠶᠠᠨ ᠤ᠋  ᠰᠤᠳᠤᠯᠭᠠᠨ ᠤ᠋ ᠰᠤᠷᠪᠤᠯᠵᠢ ᠪᠢᠴᠢᠭ ᠢ᠋ ᠰᠤᠳᠤᠯᠤᠭᠰᠠᠨ ᠵᠡᠷᠭᠡ ᠪᠡᠭᠡᠵᠢᠩ ᠦ᠋ᠨ  ᠬᠡᠯᠡᠨ ᠦ᠌ ᠰᠣᠶᠤᠯ  ᠤ᠋ᠨ ᠡᠬᠢ ᠪᠠᠶᠠᠯᠢᠭ  ᠵᠡᠷᠭᠡ ᠠᠭᠤᠯᠭ᠎ᠠ ᠶᠢ ᠬᠠᠮᠤᠷᠴᠤ᠂ ᠬᠥᠮᠦᠰ ᠦ᠋ᠨ ᠪᠡᠭᠡᠵᠢᠩ ᠦ᠋ᠨ ᠬᠡᠯᠡᠨ ᠦ᠌ ᠰᠣᠶᠤᠯ ᠢ᠋ ᠣᠢᠯᠠᠭᠠᠬᠤ ᠴᠢᠬᠤᠯᠠ ᠴᠣᠩᠬᠤᠪᠴᠢ ᠪᠣᠯᠬᠤ ᠪᠠᠷ ᠪᠠᠷᠠᠬᠤ ᠦᠭᠡᠢ ᠲᠤᠩ ᠲᠦᠷᠭᠡᠨ ᠬᠤᠪᠢᠷᠠᠵᠤ ᠪᠠᠢᠭ᠎ᠠ ᠪᠡᠭᠡᠵᠢᠩ ᠦ᠋ᠨ ᠬᠡᠯᠡᠨ ᠦ᠌ ᠲᠥᠷᠦᠯ ᠦ᠋ᠨ ᠡᠳ᠋ ᠦ᠋ᠨ ᠪᠤᠰᠤ ᠰᠣᠶᠤᠯ ᠤ᠋ᠨ  ᠥᠪ ᠢ᠋ ᠠᠪᠤᠷᠠᠬᠤ᠂ ᠡᠮᠬᠢᠳᠭᠡᠬᠦ᠂ ᠬᠠᠮᠠᠭᠠᠯᠠᠬᠤ ᠴᠢᠬᠤᠯᠠ ᠲᠠᠪᠴᠠᠩ ᠪᠣᠯᠵᠤ᠂ ᠡᠳ᠋ ᠦ᠋ᠨ ᠪᠤᠰᠤ ᠥᠪ ᠢ᠋ ᠬᠠᠮᠠᠭᠠᠯᠠᠬᠤ᠂ ᠰᠣᠶᠤᠯ ᠢ᠋ ᠤᠬᠠᠭᠤᠯᠬᠤ᠂ ᠨᠡᠢᠭᠡᠮ ᠦ᠋ᠨ ᠰᠤᠷᠭᠠᠨ ᠬᠥᠮᠦᠵᠢᠯ᠂ ᠡᠷᠳᠡᠮ ᠰᠢᠨᠵᠢᠯᠡᠭᠡᠨ  ᠵᠡᠷᠭᠡ ᠲᠠᠯ᠎ᠠ ᠪᠠᠷ ᠴᠢᠬᠤᠯᠠ ᠦᠢᠯᠡᠳᠦᠯ ᠲᠠᠢ ᠶᠤᠮ᠃

ᠲᠥᠰᠦᠪ ᠦ᠋ᠨ ᠳᠤᠭᠤᠢᠯᠠᠩ ᠨᠢ ᠤᠯᠠᠨ ᠵᠢᠯ ᠦ᠋ᠨ ᠠᠵᠢᠯ ᠢ᠋ᠶ᠋ᠠᠷ ᠳᠠᠮᠵᠢᠭᠠᠳ ᠬᠡᠯᠡᠨ ᠦ᠌ ᠡᠬᠢ ᠪᠠᠶᠠᠯᠢᠭ ᠢ᠋ ᠴᠤᠭᠯᠠᠭᠤᠯᠬᠤ᠂ ᠬᠤᠷᠠᠮᠲᠤᠭᠤᠯᠬᠤ ᠪᠠ ᠨᠡᠭᠡᠭᠡᠬᠦ ᠲᠠᠯ᠎ᠠ ᠪᠠᠷ ᠮᠠᠰᠢ ᠤᠯᠠᠨ ᠠᠵᠢᠯ ᠬᠢᠵᠡᠢ᠃ 《 ᠪᠡᠭᠡᠵᠢᠩ ᠦ᠋ᠨ ᠬᠡᠯᠡ ᠰᠣᠶᠤᠯ ᠤ᠋ᠨ ᠲᠣᠭᠠᠴᠠᠯᠠᠭᠰᠠᠨ ᠮᠦᠽᠧᠢ》 ᠨᠢ 2017 ᠣᠨ ᠤ᠋ 9 ᠰᠠᠷ᠎ᠠ ᠳ᠋ᠤ᠌  ᠠᠩᠬᠠᠳᠤᠭᠠᠷ ᠤᠳᠠᠭᠠᠨ ᠤ᠋ ᠳᠤᠮᠳᠠᠳᠤ ᠤᠯᠤᠰ ᠤ᠋ᠨ ᠪᠡᠭᠡᠵᠢᠩ ᠦ᠋ᠨ ᠤᠯᠠᠨ ᠤᠯᠤᠰ ᠤ᠋ᠨ ᠬᠡᠯᠡ ᠰᠣᠶᠤᠯ ᠤ᠋ᠨ ᠦᠵᠡᠰᠭᠦᠯᠡᠩ ᠳᠡᠭᠡᠷ᠎ᠡ ᠭᠠᠳᠠᠭᠰᠢ ᠨᠡᠭᠡᠭᠡᠨ ᠦᠵᠡᠭᠦᠯᠵᠡᠢ᠃ ᠰᠤᠳᠤᠯᠤᠨ ᠬᠢᠬᠦ ᠶᠠᠪᠤᠴᠠ  ᠳ᠋ᠦ᠍ ᠤᠯᠠᠨ ᠳᠡᠪᠲᠡᠷ ᠪᠡᠭᠡᠵᠢᠩ ᠦ᠋ᠨ ᠬᠡᠯᠡ ᠰᠣᠶᠤᠯ ᠤ᠋ᠨ ᠤᠩᠰᠢᠬᠤ ᠪᠢᠴᠢᠭ ᠵᠣᠬᠢᠶᠠᠭᠳᠠᠵᠠᠢ᠃ ᠵᠢᠱ᠌ᠢᠶᠡᠯᠡᠪᠡᠯ᠂ 《 ᠪᠡᠭᠡᠵᠢᠩ  ᠠᠶᠠᠯᠭᠤ | ᠪᠡᠭᠡᠵᠢᠩ  ᠶᠠᠷᠢᠶ᠎ᠠ ᠪᠠᠷ ᠵᠢᠱ᠌ᠢᠶᠡᠯᠡᠨ  ᠥᠭᠦᠯᠡᠬᠦ ᠨᠢ》《 ᠳᠤᠷᠠᠰᠤᠮᠵᠢ | ᠬᠠᠭᠤᠴᠢᠨ ᠪᠡᠭᠡᠵᠢᠩ ᠦ᠋ᠨ ᠭᠠᠵᠠᠷ ᠤ᠋ᠨ ᠨᠡᠷ᠎ᠡ ᠵᠢᠨ ᠰᠣᠶᠤᠯ ᠢ᠋ ᠮᠥᠷᠳᠡᠬᠦ ᠨᠢ》᠂ 《 ᠪᠡᠭᠡᠵᠢᠩ ᠠᠶᠠᠰ ᠴᠤᠤᠷᠢᠶᠠᠲᠤᠨ᠎ᠠ | ᠪᠡᠭᠡᠵᠢᠩ ᠦ᠋ᠨ ᠠᠷᠠᠳ ᠤ᠋ᠨ ᠳᠠᠭᠤᠤᠷᠢᠯᠢᠭ ᠤ᠋ᠨ ᠰᠣᠩᠭᠤᠮᠠᠯ ᠲᠠᠨᠢᠯᠴᠠᠭᠤᠯᠭ᠎ᠠ》 《ᠡᠷᠲᠡᠨ ᠦ᠌ ᠨᠡᠢᠰᠯᠡᠯ ᠦ᠋ᠨ ᠤᠶᠠᠩᠭ᠎ᠠ | ᠪᠡᠭᠡᠵᠢᠩ ᠦ᠋ᠨ ᠨᠡᠷᠡᠲᠦ ᠬᠦᠷᠢᠶᠡᠯᠡᠩ ᠦ᠋ᠨ ᠪᠠᠭᠠᠨ᠎ᠠ  ᠳᠡᠭᠡᠷᠡᠬᠢ  ᠬᠣᠣᠰ ᠤᠶᠠᠩᠭ᠎ᠠ ᠪᠣᠯᠤᠨ ᠨᠡᠷᠡᠢᠳᠦᠯ ᠤ᠋ᠨ ᠰᠣᠨᠢᠷᠬᠠᠮᠵᠢ》᠂ 《 ᠳᠠᠭᠤᠷᠢᠰᠭᠠᠯ | ᠬᠠᠭᠤᠴᠢᠨ ᠪᠡᠭᠡᠵᠢᠩ ᠬᠣᠲᠠ ᠵᠢᠨ ᠬᠠᠷ᠎ᠠ ᠶᠠᠷᠢᠶ᠎ᠠ ᠠᠷᠠᠳ ᠤ᠋ᠨ ᠳᠠᠭᠤᠤ  ᠶᠢᠨ ᠲᠣᠭᠠᠴᠠᠯ ᠰᠣᠨᠢᠷᠬᠠᠯ》《 ᠠᠯᠳᠠᠷ ᠨᠡᠷ᠎ᠡ ᠨᠢ ᠳᠠᠭᠤᠷᠢᠰᠤᠨ᠎ᠠ | ᠪᠡᠭᠡᠵᠢᠩ ᠵᠢᠨ ᠬᠠᠭᠤᠴᠢᠨ ᠤᠯᠠᠮᠵᠢᠯᠠᠯᠲᠤ ᠬᠡᠯᠡ ᠪᠠ ᠰᠣᠶᠤᠯ》 ᠵᠡᠷᠭᠡ ᠨᠣᠮ ᠤᠳ ᠢ᠋ ᠱᠠᠩ ᠡᠦ ᠬᠡᠪᠯᠡᠯ ᠦ᠋ᠨ ᠬᠣᠷᠢᠶ᠎ᠠ  ᠬᠡᠪᠯᠡᠭᠦᠯᠦᠨ ᠲᠠᠷᠬᠠᠭᠠᠵᠤ᠂ ᠪᠡᠭᠡᠵᠢᠩ ᠦ᠋ᠨ ᠬᠡᠯᠡ ᠰᠣᠶᠤᠯ ᠤ᠋ᠨ ᠰᠤᠳᠤᠯᠭᠠᠨ ᠪᠠ ᠤᠯᠠᠮᠵᠢᠯᠠᠭᠠᠨ ᠤ᠋ ᠠᠭᠤᠯᠭ᠎ᠠ ᠵᠢ ᠪᠠᠶᠠᠯᠢᠭᠵᠢᠭᠤᠯᠵᠠᠢ᠃

ᠲᠤᠰ ᠲᠣᠭᠠᠴᠠᠯᠠᠭᠰᠠᠨ ᠮᠦᠽᠧᠢ ᠶ᠋ᠢᠨ ᠰᠤᠳᠤᠯᠤᠨ ᠨᠡᠭᠡᠭᠡᠬᠦ ᠳ᠋ᠦ᠍᠂ ᠡᠯ᠎ᠡ ᠴᠠᠷᠠᠭ᠎ᠠ ᠬᠦᠷᠢᠶᠡᠨ ᠦ᠌ 260 ᠭᠠᠷᠤᠢ ᠲᠣᠭᠠᠴᠠᠯᠠᠭᠰᠠᠨ ᠮᠦᠽᠧᠢ ᠳ᠋ᠦ᠍ ᠪᠠᠢᠴᠠᠭᠠᠯᠲᠠ ᠬᠢᠭᠰᠡᠨ ᠦ᠌ ᠰᠠᠭᠤᠷᠢᠨ ᠳᠡᠭᠡᠷ᠎ᠡ ᠠᠳᠠᠯᠢ ᠪᠤᠰᠤ ᠳᠠᠪᠬᠤᠷᠭᠠᠨ ᠤ᠋ ᠤᠯᠠᠨ ᠵᠦᠢᠯ ᠦ᠋ᠨ ᠱᠠᠭᠠᠷᠳᠠᠯᠭ᠎ᠠ ᠶᠢ ᠬᠠᠩᠭᠠᠬᠤ ᠳ᠋ᠤ᠌ ᠵᠣᠷᠢᠭᠤᠯᠵᠤ᠂ ᠲᠥᠷᠦᠯ ᠬᠤᠪᠢᠶᠠᠨ ᠳᠡᠯᠭᠡᠨ ᠦᠵᠡᠭᠦᠯᠬᠦ ᠪᠠ ᠵᠣᠬᠢᠶᠠᠮᠠᠯ  ᠪᠠ ᠪᠣᠳᠠᠲᠠᠢ ᠵᠢ ᠤᠶᠠᠯᠳᠤᠭᠤᠯᠤᠨ ᠳᠡᠯᠭᠡᠨ ᠦᠵᠡᠭᠦᠯᠵᠦ᠂ ᠤᠯᠠᠨ ᠬᠡᠯᠪᠡᠷᠢ ᠮᠠᠶᠢᠭ ᠤ᠋ᠨ ᠬᠡᠯᠡ ᠰᠣᠶᠤᠯ ᠤ᠋ᠨ ᠡᠬᠢ ᠪᠠᠶᠠᠯᠢᠭ ᠪᠣᠯᠤᠨ ᠦᠵᠡᠭᠴᠢ ᠵᠢᠨ ᠰᠦᠯᠵᠢᠶᠡᠨ ᠳᠡᠭᠡᠷ᠎ᠡ ᠡᠷᠢᠵᠦ ᠬᠠᠢᠬᠤ ᠪᠠ ᠦᠵᠡᠬᠦ ᠳᠠᠳᠭᠠᠯ ᠢ᠋ ᠣᠷᠭᠠᠨᠢᠭ ᠢ᠋ᠶ᠋ᠠᠷ ᠨᠢᠭᠡᠳᠭᠡᠵᠦ᠂ ᠳᠡᠯᠭᠡᠨ ᠦᠵᠡᠭᠦᠯᠬᠦ ᠰᠢᠨᠵᠢ᠂ ᠰᠣᠨᠢᠷᠬᠠᠯᠲᠤ ᠰᠢᠨᠵᠢ᠂ ᠠᠮᠠᠷᠬᠠᠨ ᠤᠩᠰᠢᠬᠤ ᠰᠢᠨᠵᠢ ᠪᠠ ᠲᠣᠬᠢᠷᠠᠮᠵᠢᠲᠤ ᠰᠢᠨᠵᠢ ᠵᠡᠷᠭᠡ ᠣᠨᠴᠠᠯᠢᠭ ᠢ᠋ ᠰᠠᠢᠲᠤᠷ ᠢᠯᠡᠷᠡᠭᠦᠯᠵᠡᠢ  ᠭᠡᠵᠦ  ᠲᠤᠰᠭᠠᠢ ᠮᠡᠷᠭᠡᠵᠢᠯᠲᠡᠳ  ᠦᠵᠡᠵᠡᠢ᠃ ᠲᠤᠰᠭᠠᠢ ᠮᠡᠷᠭᠡᠵᠢᠯᠲᠡᠳ 《 ᠬᠠᠭᠤᠴᠢᠨ ᠪᠡᠭᠡᠵᠢᠩ ᠬᠣᠲᠠ》 ᠵᠢᠨ ᠡᠯᠧᠮᠧᠨ᠋ᠲ ᠢ᠋ ᠢᠯᠡᠷᠡᠭᠦᠯᠬᠦ ᠵᠢ ᠴᠢᠩᠭᠠᠳᠭᠠᠬᠤ; ᠪᠦᠬᠦ ᠤᠯᠤᠰ ᠤ᠋ᠨ ᠠᠳᠠᠯᠢ ᠴᠠᠷᠠᠭ᠎ᠠ ᠬᠦᠷᠢᠶᠡᠨ ᠦ᠌ ᠬᠥᠭᠵᠢᠯᠲᠡ ᠵᠢ ᠳᠠᠭᠠᠭᠤᠯᠬᠤ ᠵᠣᠭᠰᠤᠴᠠ ᠠ᠋ᠴᠠ ᠡᠬᠢ ᠪᠠᠶᠠᠯᠢᠭ ᠢ᠋ᠶ᠋ᠠᠨ ᠤᠯᠠᠮ ᠪᠠᠶᠠᠯᠢᠭᠵᠢᠭᠤᠯᠵᠤ᠂ ᠴᠢᠳᠠᠮᠵᠢ ᠪᠠᠨ ᠲᠡᠭᠦᠯᠳᠡᠷᠵᠢᠭᠦᠯᠬᠦ; ᠬᠣᠲᠠ ᠵᠢᠨ ᠠᠷᠠᠳ  ᠢ᠋ ᠣᠷᠤᠯᠴᠠᠭᠤᠯᠬᠤ  ᠬᠠᠷᠠᠭᠠᠰᠤ ᠡᠴᠡ ᠬᠡᠯᠡ ᠰᠣᠶᠤᠯ ᠤ᠋ᠨ ᠡᠬᠢ ᠪᠠᠶᠠᠯᠢᠭ ᠢ᠋ ᠨᠥᠬᠦᠪᠦᠷᠢᠯᠡᠬᠦ ᠠᠷᠭ᠎ᠠ ᠵᠡᠮ  ᠢ᠋ ᠣᠯᠠᠰᠢᠷᠠᠭᠤᠯᠬᠤ;ᠪᠤᠰᠤᠳ ᠤᠯᠤᠰ ᠤ᠋ᠨ ᠬᠥᠮᠦᠰ ᠦ᠋ᠨ ᠳᠤᠮᠳᠠᠳᠤ ᠵᠢᠨ ᠰᠣᠶᠤᠯ᠂ ᠪᠡᠭᠡᠵᠢᠩ ᠰᠣᠶᠤᠯ ᠢ᠋ ᠣᠢᠯᠠᠭᠠᠬᠤ ᠳ᠋ᠤ᠌ ᠳᠥᠭᠦᠮ ᠦᠵᠡᠭᠦᠯᠬᠦ ᠲᠤᠬᠠᠢ ᠵᠥᠪᠯᠡᠯᠭᠡ ᠥᠭᠴᠡᠢ᠃

《 ᠪᠡᠭᠡᠵᠢᠩ ᠦ᠋ᠨ ᠬᠡᠯᠡ ᠰᠣᠶᠤᠯ ᠤ᠋ᠨ ᠲᠣᠭᠠᠴᠠᠯᠠᠭᠰᠠᠨ ᠮᠦᠽᠧᠢ》ᠣᠢᠷ᠎ᠠ ᠳ᠋ᠤ᠌《 ᠪᠡᠭᠡᠵᠢᠩ ᠦ᠋ᠨ ᠬᠡᠯᠡ ᠪᠢᠴᠢᠭ ᠦ᠋ᠨ ᠰᠦᠯᠵᠢᠶ᠎ᠡ》 ᠭᠠᠷᠭᠠᠵᠤ᠂ ᠪᠦᠬᠦ ᠨᠡᠢᠭᠡᠮ ᠦ᠋ᠨ ᠬᠠᠮᠲᠤ ᠪᠠᠷ  ᠡᠳ᠋ᠯᠡᠬᠦ ᠤᠯᠠᠨ ᠨᠡᠢᠲᠡ ᠵᠢᠨ ᠰᠣᠶᠤᠯ ᠤ᠋ᠨ ᠡᠬᠢ ᠪᠠᠶᠠᠯᠢᠭ  ᠪᠣᠯᠭᠠᠬᠤ ᠪᠠᠷ ᠪᠤᠢ᠃

 

 

ᠣᠷᠴᠢᠭᠤᠯᠤᠭᠴᠢ᠄ ᠴᠣᠯᠮᠤᠨ

ᠬᠢᠨᠠᠭᠴᠢ᠄ ᠪᠤᠤ ᠭᠧ

ᠬᠠᠷᠢᠭᠤᠴᠠᠭᠰᠠᠨ ᠨᠠᠢᠷᠠᠭᠤᠯᠤᠭᠴᠢ᠄ ᠬᠠᠰᠲᠤᠶᠠᠭ᠎ᠠ

 

ᠸᠢᠴᠠᠲ ᠲᠤ ᠪᠠᠨ ᠬᠤᠪᠢᠶᠠᠯᠴᠠᠬᠤ