ᠤᠯᠠᠭᠠᠨᠴᠠᠪ ᠬᠤᠳᠠ ᠶ᠋ᠢᠨ ᠮᠣᠩᠭᠤᠯ ᠳᠤᠮᠳᠠᠳᠤ ᠰᠤᠷᠭᠠᠭᠤᠯᠢ 《ᠤᠶᠠᠩᠭ᠎ᠠ ᠶ᠋ᠢᠨ ᠡᠭᠡᠰᠢᠭ》 ᠮᠣᠩᠭᠤᠯ ᠬᠢᠲᠠᠳ ᠬᠣᠶᠠᠷ ᠬᠡᠯᠡᠨ ᠦ᠌ ᠤᠷᠠᠨ ᠤᠩᠰᠢᠯᠭ᠎ᠠ ᠶ᠋ᠢᠨ ᠤᠷᠤᠯᠳᠤᠭᠠᠨ ᠶᠠᠪᠤᠭᠳᠠᠭᠤᠯᠪᠠ
ᠢᠷᠡᠯᠲᠡ᠄ ᠤᠯᠠᠭᠠᠨᠴᠠᠪ ᠬᠣᠲᠠ ᠶ᠋ᠢᠨ ᠦᠨᠳᠦᠰᠦᠲᠡᠨ ᠤ᠋ ᠬᠡᠷᠡᠭ ᠡᠷᠬᠢᠯᠡᠬᠦ ᠵᠥᠪᠯᠡᠯ
2017.12.18

 

ᠦᠨᠳᠦᠰᠦᠲᠡᠨ ᠦ᠌ ᠪᠦᠯᠬᠦᠮᠳᠡᠯ ᠳᠠᠪᠰᠢᠯᠲᠠ ᠶ᠋ᠢᠨ ᠡᠭᠦᠳᠦᠨ ᠪᠦᠲᠦᠭᠡᠬᠦ ᠠᠵᠢᠯᠯᠠᠭ᠎ᠠ ᠶ᠋ᠢ ᠭᠦᠨᠵᠡᠭᠡᠢ ᠥᠷᠨᠢᠭᠦᠯᠵᠦ᠂  ᠬᠣᠶᠠᠷ ᠬᠡᠯᠡᠨ ᠦ᠌ ᠵᠢᠭᠠᠨ ᠰᠤᠷᠭᠠᠯᠲᠠ ᠶ᠋ᠢᠨ ᠠᠵᠢᠯ ᠢ᠋ ᠠᠬᠢᠭᠤᠯᠬᠤ ᠶ᠋ᠢᠨ ᠲᠥᠯᠦᠭᠡ ᠣᠷᠴᠢᠮ ᠤ᠋ᠨ ᠡᠳᠦᠷ ᠦ᠋ᠳ ᠲᠦ᠍ ᠮᠠᠨ ᠤ᠋ ᠬᠣᠲᠠ ᠶ᠋ᠢᠨ ᠮᠣᠩᠭᠤᠯ ᠳᠤᠮᠳᠠᠳᠤ ᠰᠤᠷᠭᠠᠭᠤᠯᠢ 《ᠤᠶᠠᠩᠭ᠎ᠠ ᠶ᠋ᠢᠨ ᠡᠭᠡᠰᠢᠭ》 ᠮᠣᠩᠭᠤᠯ ᠬᠢᠲᠠᠳ ᠬᠣᠶᠠᠷ ᠬᠡᠯᠡᠨ ᠦ᠌ ᠤᠷᠠᠨ ᠤᠩᠰᠢᠯᠭ᠎ᠠ ᠶ᠋ᠢᠨ ᠤᠷᠤᠯᠳᠤᠭᠠᠨ ᠶᠠᠪᠤᠭᠳᠠᠭᠤᠯᠪᠠ᠃

ᠮᠠᠨ ᠤ᠋ ᠬᠣᠲᠠ ᠶ᠋ᠢᠨ ᠮᠣᠩᠭᠤᠯ ᠳᠤᠮᠳᠠᠳᠤ ᠰᠤᠷᠭᠠᠭᠤᠯᠢ ᠬᠣᠶᠠᠷ ᠬᠡᠯᠡᠨ ᠦ᠌ ᠰᠤᠷᠭᠠᠨ ᠬᠥᠮᠦᠵᠢᠯ ᠦ᠋ᠨ ᠠᠵᠢᠯ ᠢ᠋ ᠴᠢᠩᠭ᠎ᠠ ᠠᠳᠭᠤᠭᠰᠠᠭᠠᠷ ᠢᠷᠡᠭᠰᠡᠨ ᠪᠥᠭᠡᠳ ᠮᠣᠩᠭᠤᠯ ᠢ᠋ᠶ᠋ᠠᠷ ᠬᠢᠴᠢᠶᠡᠯᠯᠡᠵᠦ ᠪᠣᠢ ᠰᠤᠷᠤᠭᠴᠢᠳ ᠤ᠋ᠨ ᠬᠢᠲᠠᠳ ᠬᠡᠯᠡᠨ ᠦ᠌ ᠬᠢᠷᠢ ᠲᠦᠪᠰᠢᠨ ᠢ᠋ ᠲᠠᠰᠤᠷᠠᠯᠲᠠ ᠦᠭᠡᠢ ᠳᠡᠭᠡᠭᠰᠢᠯᠡᠭᠦᠯᠵᠦ᠂ ᠣᠯᠠᠨ ᠬᠡᠯᠪᠡᠷᠢ ᠶᠠᠩᠵᠤ ᠶ᠋ᠢᠨ ᠠᠵᠢᠯᠯᠠᠭ᠎ᠠ ᠥᠷᠨᠢᠭᠦᠯᠵᠦ ᠢᠯᠡᠷᠬᠡᠢ ᠦᠷ᠎ᠡ ᠪᠦᠲᠦᠮᠵᠢ ᠣᠯᠵᠠᠢ᠃ ᠲᠤᠰ ᠤᠳᠠᠭᠠᠨ ᠤ᠋ ᠤᠷᠤᠯᠳᠤᠭᠠᠨ ᠳ᠋ᠤ᠌ ᠣᠷᠤᠯᠴᠠᠭᠴᠢᠳ ᠦᠨᠳᠦᠰᠦᠲᠡᠨ ᠦ᠌ ᠬᠡᠯᠡ ᠪᠢᠴᠢᠭ ᠦ᠋ᠨ ᠣᠷᠭᠢᠯᠤᠮ᠎ᠠ ᠰᠡᠳᠭᠢᠯᠭᠡ ᠶ᠋ᠢ ᠡᠪᠦᠷᠯᠡᠵᠦ᠂ ᠦᠨᠳᠦᠰᠦᠲᠡᠨ ᠦ᠌ ᠬᠡᠯᠡ ᠪᠢᠴᠢᠭ ᠦ᠋ᠨ ᠥᠪᠡᠷᠮᠢᠴᠡ ᠤᠷ᠎ᠠ ᠠᠪᠢᠶᠠᠰ ᠢ᠋ ᠬᠠᠷᠠᠭᠤᠯᠵᠤ ᠴᠢᠳᠠᠵᠠᠢ᠃ ᠬᠤᠷᠴᠠ ᠰᠢᠷᠦᠭᠦᠨ ᠥᠷᠢᠰᠦᠯᠳᠦᠭᠡᠨ ᠢ᠋ᠶ᠋ᠡᠷ ᠳᠠᠮᠵᠢᠨ ᠬᠠᠮᠤᠭ ᠤ᠋ᠨ ᠰᠡᠭᠦᠯ ᠳ᠋ᠦ᠍ ᠠᠩᠬ᠎ᠠ ᠳᠤᠮᠳᠠᠳᠤ ᠪᠣᠯᠤᠨ ᠳᠡᠭᠡᠳᠦ ᠳᠤᠮᠳᠠᠳᠤ ᠶ᠋ᠢᠨ ᠮᠣᠩᠭᠤᠯ ᠬᠢᠲᠠᠳ ᠠᠩᠭᠢ ᠶ᠋ᠢᠨ ᠡᠮᠦᠨ᠎ᠡ ᠭᠤᠷᠪᠠᠨ ᠨᠡᠷ᠎ᠡ ᠪᠣᠯᠤᠨ ᠰᠢᠯᠢᠳᠡᠭ ᠢ᠋ ᠰᠢᠯᠭᠠᠷᠠᠭᠤᠯᠵᠤ᠂ ᠰᠣᠯᠤᠩᠭ᠎ᠠ᠂ ᠳᠤᠨᠤᠷ᠎ᠠ ᠵᠡᠷᠭᠡ ᠣᠷᠤᠯᠴᠠᠭᠴᠢᠳ ᠲᠤ᠌ ᠦᠨᠡᠮᠯᠡᠯ ᠦ᠋ᠨ ᠪᠢᠴᠢᠭ ᠪᠣᠯᠤᠨ ᠨᠣᠮ ᠭᠠᠷᠳᠠᠭᠤᠯᠵᠤ ᠤᠷᠮᠠᠰᠢᠭᠤᠯᠵᠠᠢ᠃

ᠣᠷᠴᠢᠮ ᠤ᠋ᠨ ᠵᠢᠯ ᠦ᠋ᠳ ᠲᠦ᠍᠂ ᠬᠣᠲᠠ ᠶ᠋ᠢᠨ ᠮᠣᠩᠭᠤᠯ ᠦᠨᠳᠦᠰᠦᠲᠡᠨ ᠦ᠌ ᠳᠤᠮᠳᠠᠳᠤ ᠰᠤᠷᠭᠠᠭᠤᠯᠢ ᠨᠢ ᠮᠣᠩᠭᠤᠯ ᠬᠢᠲᠠᠳ ᠬᠣᠶᠠᠷ ᠬᠡᠯᠡᠨ ᠦ᠌ ᠢᠷᠠᠭᠤ ᠨᠠᠢᠷᠠᠭ ᠤ᠋ᠨ ᠤᠷᠠᠨ ᠤᠩᠰᠢᠯᠭ᠎ᠠ ᠶ᠋ᠢᠨ ᠤᠷᠤᠯᠳᠤᠭᠠᠨ ᠥᠷᠨᠢᠭᠦᠯᠬᠦ ᠪᠡᠷ ᠳᠠᠮᠵᠢᠭᠤᠯᠵᠤ᠂ ᠥᠷᠭᠡᠨ ᠣᠯᠠᠨ ᠵᠠᠯᠠᠭᠤ ᠪᠠᠭᠠᠴᠤᠳ ᠤ᠋ᠨ ᠰᠤᠷᠤᠯᠴᠠᠯᠭ᠎ᠠ᠂ ᠮᠣᠩᠭᠤᠯ ᠬᠢᠲᠠᠳ ᠬᠣᠶᠠᠷ ᠬᠡᠯᠡᠨ ᠦ᠌ ᠣᠷᠭᠢᠯᠤᠮ᠎ᠠ ᠰᠡᠳᠭᠢᠯᠭᠡ ᠶ᠋ᠢ ᠴᠢᠩᠭᠠᠳᠭᠠᠵᠠᠢ᠃ ᠳᠠᠭᠠᠤ ᠳ᠋ᠤ᠌᠂ ᠤᠷᠠᠨ ᠢᠯᠡᠳᠭᠡᠮᠵᠢ ᠶ᠋ᠢᠨ ᠤᠷᠤᠯᠳᠤᠭᠠᠨ ᠢ᠋ ᠥᠷᠨᠢᠭᠦᠯᠦᠭᠰᠡᠨ ᠨᠢ ᠰᠤᠷᠤᠭᠴᠢᠳ ᠤ᠋ᠨ ᠬᠡᠯᠡᠨ ᠦ᠌ ᠢᠯᠡᠳᠭᠡᠮᠵᠢ᠂ ᠢᠯᠡᠳᠭᠡᠬᠦ ᠴᠢᠳᠠᠪᠤᠷᠢ ᠶ᠋ᠢ ᠳᠡᠭᠡᠭᠰᠢᠯᠡᠭᠦᠯᠵᠦ᠂ ᠰᠤᠷᠤᠭᠴᠢᠳ ᠤ᠋ᠨ ᠬᠢᠴᠢᠶᠡᠯ ᠦ᠋ᠨ ᠭᠠᠳᠠᠨᠠᠬᠢ ᠠᠮᠢᠳᠤᠷᠠᠯ ᠢ᠋ ᠪᠠᠶᠠᠯᠢᠭᠵᠢᠭᠤᠯᠵᠤ᠂ ᠰᠤᠷᠤᠭᠴᠢᠳ ᠲᠤ᠌ ᠤᠷ᠎ᠠ ᠴᠢᠳᠠᠪᠤᠷᠢ ᠪᠠᠨ ᠢᠯᠡᠷᠡᠭᠦᠯᠬᠦ ᠲᠠᠪᠴᠠᠩ ᠴᠣᠭᠴᠠᠯᠠᠨ ᠥᠭᠴᠦ᠂ ᠡᠯ᠎ᠡ ᠦᠨᠳᠦᠰᠦᠲᠡᠨ ᠦ᠌ ᠰᠤᠷᠤᠭᠴᠢᠳ ᠤ᠋ᠨ ᠪᠦᠯᠬᠦᠮᠳᠡᠯ ᠬᠠᠢᠷ᠎ᠠ ᠰᠡᠳᠭᠢᠯᠭᠡ ᠶ᠋ᠢ ᠠᠬᠢᠭᠤᠯᠵᠠᠢ᠃

 

ᠣᠷᠴᠢᠭᠤᠯᠤᠭᠴᠢ᠄ ᠬᠣᠣᠰᠪᠠᠶᠠᠷ

ᠬᠢᠨᠠᠭᠴᠢ᠄  ᠠᠯᠲᠠᠨ᠌ᠣ᠋ᠳᠣ

ᠬᠠᠷᠢᠭᠤᠴᠠᠭᠰᠠᠨ ᠨᠠᠢᠷᠠᠭᠤᠯᠤᠭᠴᠢ᠄ ᠯᠢᠶᠠᠩ ᠬᠠᠢ ᠢᠦᠢ

ᠸᠢᠴᠠᠲ ᠲᠤ ᠪᠠᠨ ᠬᠤᠪᠢᠶᠠᠯᠴᠠᠬᠤ