ᠬᠥᠬᠡᠬᠣᠲᠠ ᠶ᠋ᠢᠨ ᠨᠡᠢᠲᠡ ᠶ᠋ᠢᠨ ᠮᠠᠰᠢᠨ ᠲᠡᠷᠭᠡ ᠮᠣᠩᠭᠤᠯ ᠬᠢᠲᠠᠳ ᠬᠣᠶᠠᠷ ᠬᠡᠯᠡ ᠪᠡᠷ ᠥᠷᠲᠡᠭᠡ ᠪᠠᠨ ᠮᠡᠳᠡᠭᠡᠯᠡᠵᠦ ᠪᠠᠢᠨ᠎ᠠ
ᠢᠷᠡᠯᠲᠡ᠄ ᠬᠥᠬᠡᠬᠣᠲᠠ ᠶ᠋ᠢᠨ ᠦᠨᠳᠦᠰᠦᠲᠡᠨ ᠤ᠋ ᠬᠡᠷᠡᠭ ᠡᠷᠬᠢᠯᠡᠬᠦ ᠵᠥᠪᠯᠡᠯ
2017.08.07

 

7 ᠰᠠᠷ᠎ᠠ ᠶ᠋ᠢᠨ 26 ᠤ᠋ ᠡᠳᠦᠷ ᠦ᠋ᠨ 9 ᠴᠠᠭ ᠲᠤ᠌ ᠸᠠᠨ ᠳ᠋ᠠ ᠥᠷᠲᠡᠭᠡᠨ ᠡᠴᠡ ᠣᠶᠤᠨ ᠤ᠋ ᠵᠢᠯᠤᠭᠤᠳᠤᠭᠰᠠᠨ k1 ᠵᠠᠮ ᠤ᠋ᠨ ᠨᠡᠢᠲᠡ ᠶ᠋ᠢᠨ ᠮᠠᠰᠢᠨ ᠲᠡᠷᠭᠡᠨ ᠳ᠋ᠦ᠍ ᠭᠠᠷᠤᠭᠰᠠᠨ ᠠᠶᠠᠨᠴᠢᠳ ᠲᠡᠭᠦᠨ ᠦ᠌ 《ᠰᠠᠢᠨ ᠦᠦ?ᠲᠡᠷᠭᠡᠨ ᠳ᠋ᠤ᠌ ᠰᠠᠭᠠᠲᠠᠭᠠᠷᠠᠢ》 ᠭᠡᠬᠦ ᠬᠠᠯᠠᠭᠤᠨ ᠮᠡᠨᠳᠦᠴᠢᠯᠡᠭᠡ ᠶ᠋ᠢ ᠬᠦᠷᠲᠡᠭᠰᠡᠨ ᠲᠡᠳᠦᠢ ᠦᠭᠡᠢ ᠮᠣᠩᠭᠤᠯ ᠬᠢᠲᠠᠳ ᠬᠣᠶᠠᠷ ᠬᠡᠯᠡ ᠪᠡᠷ ᠥᠷᠲᠡᠭᠡ ᠪᠠᠨ ᠮᠡᠳᠡᠭᠡᠯᠡᠬᠦ ᠶ᠋ᠢ ᠰᠣᠨᠤᠰᠤᠭᠠᠳ ᠲᠤᠩ ᠲᠠᠭᠠᠲᠠᠢ ᠪᠠᠢᠯ᠎ᠠ᠃ k1 ᠵᠠᠮ ᠤ᠋ᠨ ᠨᠡᠢᠲᠡ ᠶ᠋ᠢᠨ ᠮᠠᠰᠢᠨ ᠲᠡᠷᠭᠡ ᠵᠠᠮ ᠲᠤᠵᠢ 40 ᠥᠷᠲᠡᠭᠡ ᠶ᠋ᠢ ᠥᠩᠭᠡᠷᠡᠵᠦ᠂ ᠡᠳᠦᠷ ᠲᠦ᠍ ᠲᠠᠪᠤᠨᠲᠠ ᠳᠠᠪᠬᠢᠳᠠᠭ᠃ ᠢᠩᠭᠢᠬᠦᠯᠡᠷ ᠣᠶᠤᠨ ᠥᠷᠲᠡᠭᠡᠨ ᠦ᠌ ᠨᠡᠷ᠎ᠡ ᠶ᠋ᠢ ᠮᠣᠩᠭᠤᠯ ᠬᠢᠲᠠᠳ ᠢ᠋ᠶ᠋ᠠᠷ ᠡᠳᠦᠷ ᠲᠤᠲᠤᠮ 200 ᠤᠳᠠᠭ᠎ᠠ ᠠᠬᠢᠨ ᠳᠠᠪᠲᠠᠨ ᠮᠡᠳᠡᠭᠡᠯᠡᠳᠡᠭ᠃ ᠣᠶᠤᠨ ᠭᠦᠨ ᠨᠣᠭᠤᠭᠠᠨ ᠥᠩᠭᠡ ᠶ᠋ᠢᠨ ᠲᠡᠷᠯᠢᠭ  ᠢ᠋ᠶ᠋ᠡᠷ ᠭᠤᠶᠤᠭᠰᠠᠨ ᠨᠢ ᠪᠤᠰᠤᠳ ᠨᠡᠢᠲᠡ ᠶ᠋ᠢᠨ ᠮᠠᠰᠢᠨ ᠲᠡᠷᠭᠡᠨ ᠦ᠌ ᠵᠢᠯᠤᠭᠤᠴᠢ ᠠ᠋ᠴᠠ ᠢᠯᠭᠠᠭᠳᠠᠨ᠎ᠠ᠃ ᠲᠡᠷᠡ ᠲᠡᠷᠭᠡᠨ ᠲᠠᠰᠤᠯᠭ᠎ᠠ ᠪᠠᠨ ᠨᠠᠷᠢᠯᠢᠭ ᠴᠢᠮᠡᠵᠦ᠂ ᠶᠠᠭ ᠯᠡ ᠮᠠᠯᠴᠢᠨ ᠠᠢᠯ ᠤ᠋ᠨ ᠭᠡᠷ ᠰᠢᠨᠡᠯᠡᠵᠦ ᠪᠠᠢᠭ᠎ᠠ ᠶᠤᠮᠰᠢᠭ ᠪᠠᠶᠠᠷ  ᠪᠠᠶᠠᠰᠭᠤᠯᠠᠩ ᠪᠢᠯᠬᠠᠮ᠎ᠠ ᠪᠤᠢ᠃ ᠲᠡᠷᠡ ᠠᠶᠠᠨᠴᠢᠳ ᠤ᠋ᠨ ᠠᠮᠤᠷ ᠲᠦᠪᠰᠢᠨ ᠢ᠋ ᠪᠠᠲᠤᠯᠠᠬᠤ ᠶ᠋ᠢᠨ ᠲᠥᠯᠦᠭᠡ ᠮᠠᠰᠢᠨ ᠢ᠋ᠶ᠋ᠠᠨ ᠰᠡᠳᠭᠢᠯ ᠲᠥᠪᠯᠡᠷᠡᠭᠦᠯᠦᠨ ᠵᠢᠯᠤᠭᠤᠳᠴᠤ᠂ ᠥᠷᠲᠡᠭᠡ ᠬᠦᠷᠬᠦ ᠪᠦᠷᠢ ᠮᠣᠩᠭᠤᠯ ᠬᠢᠲᠠᠳ ᠬᠤᠶᠠᠷ ᠬᠡᠯᠡ ᠪᠡᠷ ᠮᠡᠳᠡᠭᠡᠯᠡᠵᠦ᠂ ᠠᠶᠠᠨᠴᠢᠳ ᠤ᠋ᠨ ᠲᠡᠷᠭᠡᠨ ᠳ᠋ᠦ᠍ ᠡᠮᠬᠢ ᠳᠠᠷᠠᠭᠠᠯᠠᠯ ᠲᠠᠢ ᠭᠠᠷᠴᠤ ᠲᠡᠷᠭᠡᠨ ᠡᠴᠡ ᠪᠠᠭᠤᠬᠤ ᠶ᠋ᠢ ᠵᠢᠭᠠᠵᠤ ᠳᠣᠬᠢᠬᠤ ᠶ᠋ᠢᠨ ᠵᠡᠷᠭᠡᠳᠡ ᠪᠢᠯᠧᠲ ᠢ᠋ ᠬᠢᠨᠠᠮᠠᠭᠠᠢ  ᠪᠠᠢᠴᠠᠭᠠᠳᠠᠭ᠃ ᠨᠢᠭᠡ ᠤᠳᠠᠭ᠎ᠠ ᠨᠠᠭᠠᠰᠢ ᠴᠠᠭᠠᠰᠢ ᠬᠣᠶᠠᠷ ᠴᠠᠭ ᠰᠢᠬᠠᠮ ᠤ᠋ᠨ ᠵᠠᠮ ᠪᠣᠯᠬᠣᠷ ᠲᠡᠭᠦᠨ ᠦ᠌ ᠬᠣᠭᠤᠯᠠᠢ ᠨᠢ ᠬᠠᠪᠤᠳᠬᠤ᠂ ᠲᠠᠭᠤ ᠨᠢ ᠰᠥᠭᠡᠩᠭᠢᠳᠡᠬᠦ ᠶᠠᠪᠤᠳᠠᠯ ᠪᠠᠢᠩᠭᠤ ᠭᠠᠷᠳᠠᠭ ᠃ 

ᠣᠢᠷ᠎ᠠ ᠶ᠋ᠢᠨ ᠬᠡᠳᠦᠨ ᠰᠠᠷ᠎ᠠ  ᠳ᠋ᠤ᠌᠂ ᠣᠶᠤᠨ ᠡᠳᠦᠷ ᠪᠣᠯᠭᠠᠨ ᠮᠣᠩᠭᠤᠯ ᠬᠢᠲᠠᠳ ᠬᠣᠶᠠᠷ ᠬᠡᠯᠡ ᠪᠡᠷ ᠠᠶᠠᠨᠴᠢᠳ ᠢ᠋ ᠤᠭᠲᠤᠬᠤ ᠪᠠᠨ ᠪᠠᠷᠢᠮᠲᠠᠯᠠᠭᠰᠠᠭᠠᠷ ᠪᠥᠭᠡᠳ ᠬᠡᠷᠪᠡ ᠲᠡᠷᠭᠡᠨ ᠳᠡᠭᠡᠷ᠎ᠡ ᠨᠢ ᠮᠣᠩᠭᠤᠯ ᠠᠶᠠᠨᠴᠢᠨ ᠪᠠᠢᠬᠤ ᠳ᠋ᠤ᠌ ᠬᠦᠷᠪᠡᠯ ᠮᠣᠩᠭᠤᠯ ᠬᠡᠯᠡ ᠪᠡᠷ ᠥᠷᠲᠡᠭᠡ ᠪᠠᠨ ᠳᠠᠬᠢᠨᠲᠠ ᠮᠡᠳᠡᠭᠡᠯᠡᠭᠰᠡᠭᠡᠷ ᠢᠷᠡᠵᠡᠢ᠃ ᠬᠥᠬᠡᠬᠣᠲᠠ ᠭᠠᠯᠲᠤ ᠲᠡᠷᠭᠡᠨ ᠦ᠌ ᠵᠡᠭᠦᠨ ᠥᠷᠲᠡᠭᠡ ᠳ᠋ᠦ᠍ ᠮᠣᠩᠭᠤᠯ ᠠᠶᠠᠨᠴᠢᠳ ᠵᠠᠮ ᠠᠰᠠᠭᠤᠵᠤ ᠯᠠᠪᠯᠠᠬᠤ ᠲᠠᠢ ᠪᠠᠢᠩᠭᠤ ᠲᠣᠬᠢᠶᠠᠯᠳᠤᠳᠠᠭ ᠪᠥᠭᠡᠳ ᠲᠡᠷᠡ ᠪᠡᠷ ᠬᠡᠯᠡᠨ ᠦ᠌ ᠳᠠᠪᠠᠭᠤᠯᠢᠭ ᠢ᠋ᠶ᠋ᠠᠨ ᠪᠠᠳᠠᠷᠠᠭᠤᠯᠵᠤ᠂ ᠮᠣᠩᠭᠤᠯ ᠬᠡᠯᠡ ᠪᠡᠷ ᠢ᠋ᠶ᠋ᠡᠨ ᠬᠠᠯᠠᠭᠤᠮᠰᠤᠭ ᠬᠠᠷᠢᠭᠤᠯᠳᠠᠭ ᠪᠠᠢᠨ᠎ᠠ᠃

 

ᠣᠷᠴᠢᠭᠤᠯᠤᠭᠴᠢ᠄ ᠬᠣᠣᠰᠪᠠᠶᠠᠷ

ᠬᠢᠨᠠᠭᠴᠢ᠄ ᠪᠣᠣ ᠭ᠌ᠸ

ᠬᠠᠷᠢᠭᠤᠴᠠᠭᠰᠠᠨ ᠨᠠᠢᠷᠠᠭᠤᠯᠤᠭᠴᠢ᠄ ᠯᠢᠶᠠᠩ ᠬᠠᠢ ᠢᠦᠢ

 

 

ᠸᠢᠴᠠᠲ ᠲᠤ ᠪᠠᠨ ᠬᠤᠪᠢᠶᠠᠯᠴᠠᠬᠤ
ᠡᠮᠦᠨᠡᠬᠢ ᠵᠣᠬᠢᠶᠠᠯ2017 ᠣᠨ ᠤ᠋ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡ ᠦᠰᠦᠭ ᠪᠢᠴᠢᠭ ᠦ᠋ᠨ ᠮᠡᠳᠡᠭᠡ ᠵᠠᠩᠭᠢᠵᠢᠯᠲᠠ ᠶ᠋ᠢᠨ ᠲᠤᠰᠭᠠᠢ ᠳᠡᠮᠵᠢᠬᠦ ᠴᠢᠬᠤᠯᠠ ᠲᠥᠰᠦᠯ 《ᠲᠣᠮᠤ ᠳ᠋ᠠᠢᠲ᠋ᠠ ᠪᠠ ᠤᠯᠠᠨ ᠬᠡᠯᠡᠨ ᠦ᠌ ᠨᠡᠬᠡᠭᠡᠯᠲᠡ᠊ᠲᠦ ᠬᠦᠷᠢᠶ᠎ᠡ ᠶ᠋ᠢ ᠨᠡᠢᠯᠡᠭᠦᠯᠦᠭᠰᠡᠨ ᠮᠣᠩᠭᠤᠯ ᠬᠢᠲᠠᠳ ᠬᠡᠯᠡᠨ ᠦ᠌ ᠮᠡᠳᠡᠯᠭᠡ ᠶ᠋ᠢᠨ ᠵᠢᠷᠤᠭ ᠤ᠋ᠨ ᠵᠢᠭᠰᠠᠯ ᠤ᠋ᠨ ᠴᠣᠭᠴᠠᠯᠠᠯᠲᠠ ᠬᠢᠭᠡᠳ ᠲᠡᠭᠦᠨ ᠦ᠌ ᠬᠡᠷᠡᠭᠯᠡᠭᠡᠨ ᠦ᠌ ᠮᠡᠷᠭᠡᠵᠢᠯ ᠢ᠋ ᠬᠠᠮᠲᠤ ᠪᠠᠷ ᠡᠳ᠋ᠯᠡᠬᠦ ᠦᠢᠯᠡᠴᠢᠯᠡᠭᠡᠨ ᠦ᠌ ᠲᠠᠪᠴᠠᠩ》 ᠤ᠋ᠨ ᠦᠨᠡᠯᠡᠭᠡ ᠬᠥᠬᠡᠬᠣᠲᠠ ᠦᠨᠳᠦᠰᠦᠲᠡᠨ ᠦ᠌ ᠳᠡᠭᠡᠳᠦ ᠰᠤᠷᠭᠠᠭᠤᠯᠢ ᠳ᠋ᠤ᠌ ᠶᠠᠪᠤᠭᠳᠠᠪᠠ