ᠥᠨᠳᠦᠷ ᠨᠠᠰᠤᠲᠠᠨ ᠵᠢᠮᠪᠠᠵᠠᠮᠰᠤ 《ᠭᠡᠰᠡᠷ ᠰᠣᠶᠤᠯ ᠤ᠋ᠨ ᠤᠯᠠᠮᠵᠢᠯᠠᠭᠴᠢ》 ᠪᠡᠷ ᠨᠡᠷᠡᠢᠳᠦᠭᠳᠡᠪᠡ
ᠢᠷᠡᠯᠲᠡ᠄ ᠰᠢᠨᠬᠤᠸᠠ ᠮᠣᠩᠭᠤᠯ ᠨᠸᠲ
2018.05.21

 

ᠬᠥᠬᠡᠬᠣᠲᠠ ᠶ᠋ᠢᠨ 5 ᠰᠠᠷ᠎ᠠ ᠶᠢᠨ 21 ᠤ ᠡᠳᠦᠷ ᠦ᠋ᠨ ᠴᠠᠬᠢᠯᠭᠠᠨ ᠮᠡᠳᠡᠭᠡ

ᠣᠢᠷ᠎ᠠ ᠳ᠋ᠤ᠌᠂ ᠪᠣᠳᠠᠰ ᠤ᠋ᠨ ᠪᠤᠰᠤ ᠰᠣᠶᠤᠯ ‍ᠤᠨ ᠦᠪ ‍ᠤᠨ ᠤᠯᠠᠮᠵᠢᠯᠠᠭᠴᠢ ᠶ᠋ᠢᠨ ᠡᠩᠨᠡᠭᠡ ᠶ᠋ᠢᠨ ᠪᠠᠢᠭᠤᠯᠤᠯᠲᠠ ᠶ᠋ᠢ ᠴᠢᠩᠭᠠᠳᠭᠠᠵᠤ᠂ ᠤᠯᠤᠰ ‍ᠤᠨ ᠳᠡᠰ ᠦ᠋ᠨ ᠪᠣᠳᠠᠰ ᠤ᠋ᠨ ᠪᠤᠰᠤ ᠰᠣᠶᠤᠯ ‍ᠤᠨ ᠦᠪ ‍ᠤᠨ ᠲᠥᠯᠦᠭᠡᠯᠡᠬᠦ ᠴᠢᠨᠠᠷᠲᠠᠢ ᠲᠥᠷᠦᠯ ᠵᠦᠢᠯ ‍ᠢ ᠬᠠᠮᠠᠭᠠᠯᠠᠨ ᠤᠯᠠᠮᠵᠢᠯᠠᠬᠤ ᠶ᠋ᠢᠨ ᠲᠥᠯᠦᠭᠡ᠂ ᠲᠥᠷᠦ ᠶ᠋ᠢᠨ ᠰᠣᠶᠤᠯ ᠪᠠ ᠵᠢᠭᠤᠯᠴᠢᠯᠠᠯ ᠤᠨ ᠶᠠᠮᠤᠨ ᠡᠴᠡ ᠲᠠᠪᠤᠳᠠᠬᠢ ᠪᠦᠯᠦᠭ ᠤᠯᠤᠰ ‍ᠤᠨ ᠳᠡᠰ ᠦ᠋ᠨ ᠪᠣᠳᠠᠰ ᠤ᠋ᠨ ᠪᠤᠰᠤ ᠦᠪ ‍ᠤᠨ ᠲᠥᠯᠦᠭᠡᠯᠡᠬᠦ ᠴᠢᠨᠠᠷᠲᠠᠢ ᠲᠥᠷᠦᠯ ᠵᠦᠢᠯ ‍ᠤᠨ ᠲᠥᠯᠦᠭᠡᠯᠡᠬᠦ ᠴᠢᠨᠠᠷᠲᠠᠢ ᠤᠯᠠᠮᠵᠢᠯᠠᠭᠴᠢ ᠶ᠋ᠢᠨ ᠨᠡᠷᠡᠰ ‍ᠢ ᠨᠡᠢᠲᠡᠯᠡᠪᠡ᠃ ᠡᠭᠦᠨ ᠳ᠋ᠦ᠍ ᠥᠪᠦᠷ ᠮᠣᠩᠭᠤᠯ ᠤᠨ ᠪᠠᠭᠠᠷᠢᠨ ᠪᠠᠷᠠᠭᠤᠨ ᠬᠣᠰᠢᠭᠤᠨ ‍ᠤ 85 ᠨᠠᠰᠤᠲᠠᠢ ᠬᠤᠭᠤᠷᠴᠢᠨ ᠵᠢᠮᠪᠠᠵᠠᠮᠰᠦ 《ᠭᠡᠰᠡᠷ ᠰᠣᠶᠤᠯ ‍ᠤᠨ ᠤᠯᠠᠮᠵᠢᠯᠠᠭᠴᠢ》ᠪᠡᠷ ᠨᠡᠷᠡᠢᠳᠦᠭᠳᠡᠪᠡ ᠃

ᠲᠡᠦᠬᠡ ᠶ᠋ᠢᠨ ᠤᠷᠲᠤ ᠠᠶᠠᠨ  ᠳ᠋ᠤ᠌ ᠠᠷᠠᠳ ᠲᠦᠮᠡᠨ ‍ᠤ ᠳᠤᠮᠳᠠ ᠦᠶ᠎ᠡ ᠳᠠᠮᠵᠢᠨ ᠤᠯᠠᠮᠵᠢᠯᠠᠭᠳᠠᠭᠰᠠᠨ ᠪᠠᠭᠠᠲᠤᠷᠯᠢᠭ ᠲᠤᠤᠯᠢ 《ᠭᠡᠰᠡᠷ》ᠪᠣᠯ ᠮᠠᠨ ‍ᠤ ᠤᠯᠤᠰ ‍ᠤᠨ ᠭᠤᠷᠪᠠᠨ ᠲᠣᠮᠤ ᠲᠤᠤᠯᠢ ᠶ᠋ᠢᠨ ᠨᠢᠭᠡ᠂ ᠳᠣᠷᠤᠨᠠᠳᠠᠬᠢᠨ ‍ᠤ ᠲᠤᠤᠯᠢᠰ ‍ᠤᠨ ᠵᠣᠬᠢᠶᠠᠯ ‍ᠤᠨ ᠨᠢᠭᠡᠨ ᠣᠷᠭᠢᠯ ᠪᠣᠯᠬᠤ ᠶᠤᠮ᠃ 《ᠭᠡᠰᠡᠷ》ᠪᠣᠯ ᠮᠥᠨ  ᠴᠤ ᠠᠩᠬᠠᠳᠤᠭᠠᠷ ᠪᠦᠯᠦᠭ ᠤᠯᠤᠰ ‍ᠤᠨ ᠳᠡᠰ ᠦ᠋ᠨ ᠪᠣᠳᠠᠰ ᠤ᠋ᠨ ᠪᠤᠰᠤ ᠰᠣᠶᠤᠯ ‍ᠤᠨ ᠦᠪ ‍ᠤᠨ ᠲᠥᠷᠦᠯ ᠵᠦᠢᠯ ᠳ᠋ᠤ᠌ ᠪᠦᠷᠢᠳᠭᠡᠭᠦᠯᠦᠭᠰᠡᠨ ᠴᠢᠬᠤᠯᠠ ᠨᠢᠭᠡᠨ ᠰᠣᠶᠤᠯ ‍ᠤᠨ ᠲᠡᠮᠳᠡᠭ ᠪᠣᠯᠤᠨ᠎ᠠ᠃ 2008 ᠣᠨ ᠳ᠋ᠤ᠌ ᠥᠪᠦᠷ ᠮᠤᠨᠭᠭᠤᠯ  ᠤᠨ ᠪᠠᠭᠠᠷᠢᠨ ᠪᠠᠷᠠᠭᠤᠨ ᠬᠣᠰᠢᠭᠤ ᠨᠢ ᠰᠣᠶᠤᠯ ‍ᠤᠨ ᠶᠠᠮᠤᠨ ᠡᠴᠡ ᠣᠯᠭᠤᠭᠰᠠᠨ 《ᠭᠡᠰᠡᠷ ᠰᠣᠶᠤᠯ ‍ᠤᠨ ᠥᠯᠦᠭᠡᠢ》ᠬᠡᠮᠡᠬᠦ ᠰᠠᠢᠬᠠᠨ ᠠᠯᠳᠠᠷ ‍ᠢ ᠬᠦᠷᠲᠡᠭᠰᠡᠨ ᠰᠠᠨ᠃ 《ᠪᠠᠭᠠᠷᠢᠨ ᠭᠡᠰᠡᠷ》ᠨᠢ ᠡᠷᠡᠯᠬᠡᠭ ᠪᠠᠭᠠᠲᠤᠷᠯᠢᠭ᠂ ᠴᠡᠴᠡᠨ ᠮᠡᠷᠭᠡᠨ ᠪᠠᠭᠠᠷᠢᠨᠴᠤᠳ ‍ᠤᠨ ᠰᠠᠢᠨ ᠰᠠᠢᠬᠠᠨ ᠬᠦᠰᠡᠯᠡᠩ ‍ᠢ ᠢᠯᠡᠳᠭᠡᠭᠰᠡᠨ ᠬᠦᠰᠡᠬᠦᠢᠴᠢ ᠦᠵᠡᠯ᠂ ᠠᠬᠤᠢ ᠠᠮᠢᠳᠤᠷᠠᠯ ᠲᠠᠢ ᠣᠢᠷᠠᠲᠤᠭᠰᠠᠨ ᠪᠠᠭᠠᠲᠤᠷᠯᠢᠭ ᠲᠤᠤᠯᠢᠰ᠃ ᠪᠠᠭᠠᠷᠢᠨᠴᠤᠳ ‍ᠤᠨ ᠣᠷᠤᠰᠢᠨ ᠠᠬᠤᠢ ᠨᠤᠲᠤᠭ ᠤᠰᠤᠨ᠂ ᠠᠷᠠᠳ ‍ᠤᠨ ᠤᠷᠠᠯᠢᠭᠴᠢ ᠶ᠋ᠢᠨ ᠣᠢ ᠪᠢᠯᠢᠭ ᠢ᠋ᠶ᠋ᠡᠷ ᠠᠮᠢᠯᠠᠭᠰᠠᠨ《ᠪᠠᠭᠠᠷᠢᠨ ᠭᠡᠰᠡᠷ》 ᠨᠢ ᠠᠮᠠᠨ ᠶᠠᠷᠢᠶᠠᠨ ‍ᠤ ᠬᠡᠯᠡᠯᠭᠡ᠂ ᠤᠯᠠᠮᠵᠢᠯᠠᠯᠲᠤ ᠳᠦᠷᠰᠦᠯᠡᠯ ᠢ᠋ᠶ᠋ᠡᠷ ᠢ᠋ᠶ᠋ᠡᠨ ᠮᠣᠩᠭᠤᠯ ᠭᠡᠰᠡᠷ ‍ᠤᠨ ᠳᠤᠮᠳᠠ ᠣᠨᠴᠠᠯᠢᠭᠳᠠᠨ᠎ᠠ᠃ ᠲᠡᠭᠦᠨ ᠦ᠌ ᠠᠭᠤᠯᠭ᠎ᠠ ᠥᠷᠭᠡᠨ᠂ ᠬᠡᠯᠪᠡᠷᠢ ᠪᠠᠶᠠᠯᠢᠭ᠂ ᠣᠨᠴᠠᠯᠢᠭ ᠥᠪᠡᠷᠮᠢᠴᠡ᠂ ᠬᠡᠪ ᠨᠠᠮᠪᠠ ᠭᠣᠢᠲᠠ ᠪᠠᠢᠵᠤ ᠪᠠᠭᠠᠷᠢᠨ ᠰᠣᠶᠤᠯ ‍ᠤᠨ ᠴᠢᠬᠤᠯᠠ ᠪᠦᠷᠢᠯᠳᠦᠬᠦᠨ ᠬᠡᠰᠡᠭ ᠪᠣᠯᠵᠤ ᠭᠣᠢᠲᠠ ᠪᠠᠢᠵᠦ ᠪᠠᠭᠠᠷᠢᠨ ᠰᠣᠶᠤᠯ ᠤ᠋ᠨ ᠴᠢᠬᠤᠯᠠ ᠪᠦᠷᠢᠯᠳᠦᠬᠦᠨ ᠬᠡᠰᠡᠭ ᠪᠤᠯᠵᠦ ᠬᠥᠭᠵᠢᠵᠡᠢ᠃ ᠮᠥᠨ ᠠᠷᠠᠳ ‍ᠤᠨ ᠠᠮᠠᠨ ᠵᠣᠬᠢᠶᠠᠯ ‍ᠤᠨ ᠬᠡᠯᠪᠡᠷᠢ ᠪᠡᠷ ᠤᠯᠠᠮᠵᠢᠯᠠᠭᠳᠠᠵᠤ᠂ ᠮᠣᠩᠭᠤᠯ ᠰᠣᠶᠤᠯ ᠵᠢᠴᠢ ᠳᠡᠯᠡᠬᠡᠢ ᠶ᠋ᠢᠨ ᠰᠣᠶᠤᠯ ᠪᠣᠯᠪᠠᠰᠤᠨ ᠳ᠋ᠤ᠌ ᠴᠢᠬᠤᠯᠠ ᠨᠥᠯᠦᠭᠡ ᠪᠡᠨ ᠦᠵᠡᠭᠦᠯᠦᠭᠰᠡᠭᠡᠷ ᠢᠷᠡᠵᠡᠢ᠃

ᠬᠤᠭᠤᠷᠴᠢᠨ ᠵᠢᠮᠪᠠᠵᠠᠮᠰᠣ 1934 ᠣᠨ ᠳ᠋ᠤ᠌ ᠪᠠᠭᠠᠷᠢᠨ ᠪᠠᠷᠠᠭᠤᠨ ᠬᠣᠰᠢᠭᠤᠨ ‍ᠤ ᠵᠢᠷᠭᠠᠯ ᠵᠠᠮ ᠰᠤᠮᠤᠨ ᠳ᠋ᠤ᠌ ᠲᠦᠷᠦᠵᠣ᠂ 15 ᠨᠠᠰᠤᠨ ᠡᠴᠡ ᠪᠡᠨ ᠪᠡᠶ᠎ᠡ ᠪᠡᠨ ᠳᠠᠭᠠᠭᠠᠨ ᠬᠤᠭᠤᠷ ᠪᠠᠷᠢᠵᠤ ᠦᠯᠢᠭᠡᠷ ᠬᠣᠯᠪᠤᠭ᠎ᠠ ᠬᠡᠯᠡᠵᠦ ᠳᠠᠶᠠᠩ ‍ᠢ ᠲᠣᠭᠤᠷᠢᠨ᠂ 1984 ᠣᠨ ᠳ᠋ᠤ᠌ 《ᠡᠵᠡᠨ ᠪᠣᠭᠳᠠ ᠭᠡᠰᠡᠷ》ᠰᠢᠩᠭᠡᠭᠡᠯᠲᠡ ᠪᠡᠨ ᠬᠡᠪᠯᠡᠭᠦᠯᠦᠨ ᠲᠠᠷᠬᠠᠭᠠᠵᠤ᠂ 2007 ᠣᠨ  ᠳ᠋ᠤ᠌ ᠳᠤᠮᠳᠠᠳᠤ ᠤᠯᠤᠰ ‍ᠤᠨ ᠨᠡᠢᠭᠡᠮ ‍ᠤᠨ ᠰᠢᠨᠵᠢᠯᠡᠬᠦ ᠤᠬᠠᠭᠠᠨ ‍ᠤ ᠬᠦᠷᠢᠶᠡᠯᠡᠩ ᠡᠴᠡ 《 ᠪᠣᠭᠳᠠ ᠭᠡᠰᠡᠷ ‍ᠤᠨ ᠪᠦᠷᠢᠨ ᠪᠢᠴᠢᠭ》‍ᠢ ᠨᠢ ᠬᠡᠪᠯᠡᠭᠦᠯᠪᠡ᠃ ᠮᠥᠨ ᠣᠨ ᠳ᠋ᠤ᠌ ᠳᠤᠮᠳᠠᠳᠤ ᠤᠯᠤᠰ ‍ᠤᠨ ᠤᠳᠭ᠎ᠠ ᠤᠷᠠᠯᠢᠭ ‍ᠤᠨ ᠬᠢᠨ ‍ᠤ ᠬᠣᠯᠪᠤᠭ᠎ᠠ ᠶ᠋ᠢᠨ 《ᠠᠷᠠᠳ ‍ᠤᠨ ᠰᠣᠶᠤᠯ ‍ᠤᠨ ᠭᠠᠷᠮᠠᠭᠠᠢ ᠤᠯᠠᠮᠵᠢᠯᠠᠭᠴᠢ》 ᠶ᠋ᠢᠨ ᠴᠣᠯᠨ ᠶ᠋ᠢ ᠬᠦᠷᠲᠡᠵᠡᠢ᠃ ᠲᠡᠷᠨ ᠪᠠᠷ ᠣᠯᠠᠨ ᠵᠢᠯ ‍ᠤᠨ ᠲᠤᠷᠰᠢ ᠬᠣᠰᠢᠭᠤ ᠬᠣᠳᠡ ᠣᠷᠤᠨ ᠤ᠋ ᠬᠡᠪᠴᠢᠶᠡᠨ ‍ᠤ ᠬᠤᠭᠤᠷᠴᠢᠳ ‍ᠤᠨ ᠪᠣᠯᠪᠠᠰᠤᠷᠠᠯ ᠳ᠋ᠤ᠌ ᠤᠷᠢᠭᠳᠠᠨ ᠭᠡᠰᠡᠷ ‍ᠤᠨ ᠦᠯᠢᠭᠡᠷ ᠬᠡᠯᠡᠵᠦ᠂ ᠭᠡᠰᠡᠷ ‍ᠤᠨ ᠲᠤᠤᠯᠢ ᠬᠠᠢᠯᠠᠵᠤ᠂ ᠮᠠᠰᠢ ᠣᠯᠠᠨ ᠱᠠᠪᠢ ᠬᠥᠮᠦᠵᠢᠭᠦᠯᠵᠡᠢ᠃

ᠲᠤᠰ ᠤᠳᠠᠭ᠎ᠠ ᠤᠯᠠᠮᠵᠢᠯᠠᠭᠴᠢ ᠪᠡᠷ ᠰᠣᠩᠭᠤᠭᠳᠠᠭᠰᠠᠨ1082 ᠬᠥᠮᠦᠨ ‍ᠤ ᠳᠤᠮᠳᠠᠴᠢ ᠨᠠᠰᠤ ᠨᠢ 63 ᠶ᠋ᠢ ᠳᠠᠪᠠᠵᠤ᠂ 80 ᠨᠠᠰᠤᠨ ᠡᠴᠡ ᠳᠡᠭᠡᠭᠰᠢ107 ᠬᠥᠮᠦᠨ᠂ ᠮᠣᠩᠭᠤᠯ ᠦᠨᠳᠦᠰᠦᠲᠡᠨ 44 ᠬᠥᠮᠦᠨ ᠪᠤᠢ᠃ ᠡᠭᠦᠨ  ᠳ᠋ᠤ᠌ ᠥᠪᠦᠷ ᠮᠣᠩᠭᠤᠯ ᠡᠴᠡ ᠰᠣᠩᠭᠤᠭᠳᠠᠭᠰᠠᠨ 40 ᠬᠥᠮᠦᠨ ᠦ᠌ ᠳᠣᠲᠤᠷ᠎ᠠ 29 ᠨᠢ ᠮᠣᠩᠭᠤᠯ ᠦᠨᠳᠦᠰᠦᠲᠡᠨ᠂ ᠤᠯᠠᠭᠠᠨᠬᠠᠳᠠ ᠬᠣᠳᠡ ᠡᠴᠡ ᠵᠢᠮᠪᠠᠵᠠᠮᠰᠣ ᠨᠠᠰᠤᠲᠠᠨ ᠲᠠᠢ ᠬᠠᠮᠲᠤ ᠪᠠᠰᠨ 2 ᠬᠥᠮᠦᠨ ᠰᠣᠩᠭᠤᠭᠳᠠᠭᠰᠠᠨ ᠶᠤᠮ ᠪᠠᠢᠨ᠎ᠠ᠃(ᠨᠡᠢᠲᠡᠯᠡᠯ ᠵᠢᠷᠤᠭ ᠢ᠋ ᠪᠠᠭᠠᠷᠢᠨ ᠪᠠᠷᠠᠭᠤᠨ ᠬᠣᠰᠢᠭᠤᠨ ᠤ᠋ ᠵᠠᠰᠠᠭ ᠤ᠋ᠨ ᠣᠷᠳᠤᠨ ᠤ᠋ ᠰᠦᠯᠵᠢᠶ᠎ᠡ ᠡᠴᠡ ᠠᠪᠤᠪᠠ)

 

 

 

ᠬᠢᠨᠠᠭᠴᠢ᠄  ᠠᠯᠲᠠᠨ᠌ᠣ᠋ᠳᠣ

ᠬᠠᠷᠢᠭᠤᠴᠠᠭᠰᠠᠨ ᠨᠠᠢᠷᠠᠭᠤᠯᠤᠭᠴᠢ᠄ ᠡᠷᠳᠡᠨᠢᠴᠡᠴᠡᠭ

 

ᠸᠢᠴᠠᠲ ᠲᠤ ᠪᠠᠨ ᠬᠤᠪᠢᠶᠠᠯᠴᠠᠬᠤ
ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )