ᠣᠷᠳᠤᠰ ᠬᠣᠲᠠ ᠶ᠋ᠢᠨ ᠮᠣᠩᠭᠤᠯ ᠬᠡᠯᠡ ᠦᠰᠦᠭ ᠪᠢᠴᠢᠭ ᠦ᠋ᠨ ᠮᠡᠳᠡᠭᠡ ᠵᠠᠩᠭᠢᠵᠢᠯᠲᠠ ᠵᠢᠨ ᠪᠣᠯᠪᠠᠰᠤᠷᠠᠯ ᠤ᠋ᠨ ᠠᠩᠭᠢ ᠡᠷᠬᠢᠯᠡᠬᠦ ᠲᠤᠬᠠᠢ ᠮᠡᠳᠡᠭᠳᠡᠯ
ᠢᠷᠡᠯᠲᠡ᠄ ᠣᠷᠳᠤᠰ ᠬᠣᠲᠠ ᠶ᠋ᠢᠨ ᠦᠨᠳᠦᠰᠦᠲᠡᠨ ᠤ᠋ ᠬᠡᠷᠡᠭ ᠡᠷᠬᠢᠯᠡᠬᠦ ᠵᠥᠪᠯᠡᠯ
2017.05.03

                                                                                 ᠡᠯ᠎ᠡ ᠬᠣᠰᠢᠭᠤ ᠲᠣᠭᠤᠷᠢᠭ ᠤ᠋ᠨ ᠦᠨᠳᠦᠰᠦᠲᠡᠨ ᠱᠠᠰᠢᠨ ᠰᠤᠷᠲᠠᠬᠤᠨ ᠤ᠋ ᠬᠡᠷᠡᠭ ᠡᠷᠬᠢᠯᠡᠬᠦ ᠲᠣᠪᠴᠢᠶ᠎ᠠ ᠳ᠋ᠤ᠌᠄

ᠮᠣᠩᠭᠤᠯ ᠬᠡᠯᠡ ᠦᠰᠦᠭ ᠪᠢᠴᠢᠭ ᠦ᠋ᠨ ᠮᠡᠳᠡᠭᠡ ᠵᠠᠩᠭᠢᠵᠢᠯᠲᠠ ᠵᠢ ᠲᠦᠭᠡᠮᠡᠯᠵᠢᠭᠦᠯᠦᠨ ᠳᠡᠯᠭᠡᠷᠡᠭᠦᠯᠬᠦ ᠠᠵᠢᠯ ᠢ᠋ ᠤᠯᠠᠮ ᠨᠢᠭᠡ ᠠᠯᠬᠤᠮ ᠰᠠᠢᠲᠤᠷ ᠬᠢᠬᠦ ᠵᠢᠨ ᠲᠥᠯᠦᠭᠡ᠂ ᠮᠠᠨ ᠤ᠋ ᠬᠣᠲᠠ ᠵᠢᠨ ᠪᠣᠳᠠᠲᠤ ᠪᠠᠢᠳᠠᠯ ᠲᠠᠢ ᠪᠠᠨ ᠤᠶᠠᠯᠳᠤᠭᠤᠯᠵᠤ᠂ ᠨᠢᠭᠡᠨ ᠬᠤᠭᠤᠴᠠᠭᠠᠨ ᠤ᠋ ᠮᠣᠩᠭᠤᠯ ᠬᠡᠯᠡ ᠦᠰᠦᠭ ᠪᠢᠴᠢᠭ ᠦ᠋ᠨ ᠮᠡᠳᠡᠭᠡ ᠵᠠᠩᠭᠢᠵᠢᠯᠲᠠ ᠵᠢᠨ ᠪᠣᠯᠪᠠᠰᠤᠷᠠᠯ ᠤ᠋ᠨ ᠠᠩᠭᠢ ᠡᠷᠬᠢᠯᠡᠬᠦ ᠪᠡᠷ ᠪᠣᠯᠪᠠ᠃ ᠪᠣᠳᠠᠲᠠᠢ ᠵᠦᠢᠯ ᠢ᠋ ᠳᠣᠣᠷᠠᠬᠢ ᠮᠡᠲᠦ ᠮᠡᠳᠡᠭᠳᠡᠶ᠎ᠡ᠄

ᠨᠢᠭᠡ᠂ ᠪᠣᠯᠪᠠᠰᠤᠷᠠᠯ ᠤ᠋ᠨ ᠴᠠᠭ ᠪᠠ ᠭᠠᠵᠠᠷ

ᠴᠠᠭ᠄ 5 ᠰᠠᠷ᠎ᠠ ᠵᠢᠨ 2­ —— 5 ᠤ᠋ ᠡᠳᠦᠷ᠂ ᠳᠥᠷᠪᠡᠨ ᠡᠳᠦᠷ ᠦ᠋ᠨ ᠬᠤᠭᠤᠴᠠᠭ᠎ᠠ ᠲᠠᠢ ( 2 ᠤ᠋ᠨ ᠡᠳᠦᠷ ᠨᠡᠷ᠎ᠡ ᠮᠡᠳᠡᠭᠦᠯᠦᠨ᠎ᠡ)᠃

ᠪᠣᠯᠪᠠᠰᠤᠷᠠᠯ ᠤ᠋ᠨ ᠭᠠᠵᠠᠷ (ᠨᠡᠷ᠎ᠡ ᠮᠡᠳᠡᠭᠦᠯᠬᠦ)᠄ ᠬᠠᠩᠭᠢᠨ ᠬᠣᠰᠢᠭᠤᠨ ᠤ᠋ ᠬᠠᠭᠤᠴᠢᠨ ᠮᠣᠩᠭᠤᠯ ᠳᠤᠮᠳᠠᠳᠤ ᠰᠤᠷᠭᠠᠭᠤᠯᠢ ᠵᠢᠨ ᠱᠠᠲᠤᠯᠵᠢᠨ ᠬᠢᠴᠢᠶᠡᠯ ᠦ᠋ᠨ ᠭᠡᠷ᠃

ᠬᠣᠶᠠᠷ᠂ ᠪᠣᠯᠪᠠᠰᠤᠷᠠᠯ ᠳ᠋ᠤ᠌ ᠣᠷᠤᠯᠴᠠᠬᠤ ᠬᠥᠮᠦᠰ

ᠡᠯ᠎ᠡ ᠬᠣᠰᠢᠭᠤ ᠲᠣᠭᠤᠷᠢᠭ ᠤ᠋ᠨ ᠦᠨᠳᠦᠰᠦᠲᠡᠨ ᠦ᠌ ᠰᠤᠷᠭᠠᠨ ᠬᠥᠮᠦᠵᠢᠯ᠂ ᠰᠢᠨᠵᠢᠯᠡᠭᠡ ᠮᠡᠷᠭᠡᠵᠢᠯ᠂ ᠰᠣᠶᠤᠯ᠂ ᠰᠣᠨᠢᠨ ᠮᠡᠳᠡᠭᠡ ᠬᠡᠪᠯᠡᠯ᠂ ᠷᠠᠳᠢᠣ᠋ ᠲᠧᠯᠸᠢᠰ᠂ ᠮᠣᠩᠭᠤᠯ ᠡᠮ ᠡᠮᠨᠡᠯᠭᠡ᠂ ᠦᠨᠳᠦᠰᠦᠲᠡᠨ ᠦ᠌ ᠠᠵᠢᠯ᠂ ᠣᠷᠴᠢᠭᠤᠯᠭ᠎ᠠ ᠵᠢᠨ ᠪᠠᠢᠭᠤᠯᠤᠮᠵᠢ ᠵᠢᠨ ᠮᠣᠩᠭᠤᠯ ᠬᠡᠯᠡ ᠦᠰᠦᠭ ᠪᠢᠴᠢᠭ ᠢ᠋ᠶ᠋ᠡᠷ ᠲᠤᠬᠠᠢᠯᠠᠭᠰᠠᠨ ᠠᠵᠢᠯ ᠤ᠋ᠨ ᠬᠡᠯᠡ ᠦᠰᠦᠭ ᠪᠢᠴᠢᠭ ᠪᠣᠯᠭᠠᠵᠤ ᠪᠠᠢᠭ᠎ᠠ ᠠᠵᠢᠯ ᠤ᠋ᠨ ᠪᠠᠢᠷᠢ ᠳ᠋ᠠᠬᠢ ᠺᠠᠳ᠋ᠷ ᠠᠵᠢᠯᠲᠠᠨ᠃

ᠭᠤᠷᠪᠠ᠂ ᠪᠣᠯᠪᠠᠰᠤᠷᠠᠯ ᠤ᠋ᠨ ᠠᠭᠤᠯᠭ᠎ᠠ

ᠮᠣᠩᠭᠤᠯ ᠬᠡᠯᠡ ᠦᠰᠦᠭ ᠪᠢᠴᠢᠭ ᠦ᠋ᠨ ᠮᠡᠳᠡᠭᠡ ᠵᠠᠩᠭᠢᠵᠢᠯᠲᠠ ᠵᠢᠨ ᠲᠥᠷᠦ ᠵᠢᠨ ᠪᠣᠳᠤᠯᠭ᠎ᠠ ᠳᠦᠷᠢᠮ ᠲᠣᠭᠲᠠᠭᠠᠯ᠂ ᠬᠡᠷᠡᠭᠯᠡᠭᠡᠨ ᠦ᠌ ᠮᠡᠷᠭᠡᠵᠢᠯ᠃

ᠳᠥᠷᠪᠡ᠂ ᠪᠤᠰᠤᠳ ᠵᠦᠢᠯ

ᠮᠣᠩᠭᠤᠯ ᠬᠡᠯᠡ ᠦᠰᠦᠭ ᠪᠢᠴᠢᠭ ᠦ᠋ᠨ ᠮᠡᠳᠡᠭᠡ ᠵᠠᠩᠭᠢᠵᠢᠯᠲᠠ ᠵᠢ ᠲᠦᠭᠡᠮᠡᠯᠵᠢᠭᠦᠯᠦᠨ ᠳᠡᠯᠭᠡᠷᠡᠭᠦᠯᠬᠦ ᠠᠵᠢᠯ ᠪᠣᠯ ᠮᠣᠩᠭᠤᠯ ᠬᠡᠯᠡ ᠦᠰᠦᠭ ᠪᠢᠴᠢᠭ ᠦ᠋ᠨ ᠮᠡᠳᠡᠭᠡ ᠵᠠᠩᠭᠢᠵᠢᠯᠲᠠ ᠵᠢᠨ ᠠᠵᠢᠯ ᠤ᠋ᠨ ᠴᠢᠬᠤᠯᠠ ᠠᠭᠤᠯᠭ᠎ᠠ᠂ ᠮᠥᠨ ᠴᠦ ᠡᠯ᠎ᠡ ᠬᠣᠰᠢᠭᠤ ᠲᠣᠭᠤᠷᠢᠭ ᠤ᠋ᠨ ᠮᠣᠩᠭᠤᠯ ᠬᠡᠯᠡ ᠦᠰᠦᠭ ᠪᠢᠴᠢᠭ ᠦ᠋ᠨ ᠮᠡᠳᠡᠭᠡ ᠵᠠᠩᠭᠢᠵᠢᠯᠲᠠ ᠵᠢᠨ ᠠᠵᠢᠯ ᠤ᠋ᠨ ᠴᠢᠬᠤᠯᠠ ᠡᠭᠦᠷᠭᠡ ᠪᠣᠯᠤᠨ᠎ᠠ᠃ ᠲᠠ ᠨᠠᠷ ᠲᠤᠰ ᠬᠣᠰᠢᠭᠤ ᠲᠣᠭᠤᠷᠢᠭ ᠤ᠋ᠨ ᠢ᠋ᠶ᠋ᠠᠨ ᠪᠣᠯᠪᠠᠰᠤᠷᠠᠯ ᠳ᠋ᠤ᠌ ᠣᠷᠤᠯᠴᠠᠬᠤ ᠬᠥᠮᠦᠰ ᠢ᠋ᠶ᠋ᠡᠨ ᠬᠢᠨᠠᠮᠠᠭᠠᠢ ᠵᠣᠬᠢᠶᠠᠨ ᠪᠠᠢᠭᠤᠯᠵᠤ ᠴᠠᠭ ᠲᠤᠬᠠᠢ ᠳ᠋ᠤᠨᠢ ᠪᠣᠯᠪᠠᠰᠤᠷᠠᠯ ᠳ᠋ᠤ᠌ ᠣᠷᠤᠯᠴᠠᠭᠤᠯᠤᠭᠠᠷᠠᠢ᠃

(ᠨᠢᠭᠡ)᠂ ᠬᠤᠷᠠᠯ ᠤ᠋ᠨ ᠬᠤᠭᠤᠴᠠᠭᠠᠨ ᠳ᠋ᠤ᠌ ᠪᠣᠯᠪᠠᠰᠤᠷᠠᠯ ᠳ᠋ᠤ᠌ ᠣᠷᠤᠯᠴᠠᠭᠰᠠᠳ ᠢᠳᠡᠵᠦ ᠰᠠᠭᠤᠬᠤ᠂ ᠵᠠᠮ ᠬᠠᠷᠢᠯᠴᠠᠭᠠᠨ ᠤ᠋ ᠰᠦᠢᠳᠭᠡᠯ ᠢ᠋ᠶ᠋ᠡᠨ ᠥᠪᠡᠷᠲᠡᠭᠡᠨ ᠬᠠᠷᠢᠭᠤᠴᠠᠨ᠎ᠠ᠃

(ᠬᠣᠶᠠᠷ)᠂ ᠬᠤᠷᠠᠯ ᠳ᠋ᠤ᠌ ᠣᠷᠤᠯᠴᠠᠭᠰᠠᠳ ᠣᠨᠴᠠᠭᠠᠢ ᠪᠠᠢᠳᠠᠯ ᠦᠭᠡᠢ ᠪᠣᠯ ᠨᠢᠭᠡ ᠴᠦ ᠴᠢᠯᠦᠭᠡ ᠭᠤᠶᠤᠵᠤ ᠪᠣᠯᠬᠤ ᠦᠭᠡᠢ᠃ ᠬᠡᠷᠪᠡ ᠣᠨᠴᠠᠭᠠᠢ ᠪᠠᠢᠳᠠᠯ ᠲᠠᠢ ᠪᠣᠯᠵᠤ ᠬᠤᠷᠠᠯ ᠳ᠋ᠤ᠌ ᠣᠷᠤᠯᠴᠠᠵᠤ ᠳᠡᠢᠯᠬᠦ ᠦᠭᠡᠢ ᠪᠣᠯ ᠴᠢᠯᠦᠭᠡ ᠭᠤᠶᠤᠬᠤ ᠭᠠᠷ ᠭᠦᠢᠴᠡᠳᠭᠡᠯ ᠬᠢᠬᠦ ᠬᠡᠷᠡᠭᠲᠡᠢ᠃

ᠬᠠᠷᠢᠯᠴᠠᠬᠤ ᠬᠥᠮᠦᠨ᠄ ᠶᠠᠩ ᠶᠠ ᠵᠢᠩ       

ᠬᠠᠷᠢᠯᠴᠠᠬᠤ ᠤᠲᠠᠰᠤ᠄ 8588375    13704779043  

 

ᠣᠷᠴᠢᠭᠤᠯᠤᠭᠴᠢ᠄ ᠴᠣᠯᠮᠤᠨ

ᠬᠢᠨᠠᠭᠴᠢ᠄ ᠠᠯᠲᠠᠨ᠌ᠣ᠋ᠳᠣ

ᠬᠠᠷᠢᠭᠤᠴᠠᠭᠰᠠᠨ ᠨᠠᠢᠷᠠᠭᠤᠯᠤᠭᠴᠢ᠄ ᠯᠢᠶᠠᠩ ᠬᠠᠢ ᠢᠦᠢ                                   

ᠸᠢᠴᠠᠲ ᠲᠤ ᠪᠠᠨ ᠬᠤᠪᠢᠶᠠᠯᠴᠠᠬᠤ
ᠡᠮᠦᠨᠡᠬᠢ ᠵᠣᠬᠢᠶᠠᠯᠣᠷᠳᠤᠰ ᠬᠣᠲᠠ ᠶ᠋ᠢᠨ ᠮᠣᠩᠭᠤᠯ ᠬᠡᠯᠡ ᠪᠢᠴᠢᠭ ᠦ᠋ᠨ ᠠᠵᠢᠯᠲᠠᠨ ᠤ᠋ ᠲᠤᠬᠠᠢᠯᠠᠭᠰᠠᠨ ᠠᠵᠢᠯ ᠤ᠋ᠨ ᠪᠣᠯᠪᠠᠰᠤᠷᠠᠯ᠂ ᠥᠩᠭᠡᠨ ᠬᠡᠷᠡᠭᠯᠡᠭᠡᠨ ᠳ᠋ᠦ᠍ ᠦᠰᠦᠭ ᠪᠢᠴᠢᠭ ᠬᠡᠷᠡᠭᠯᠡᠬᠦ ᠬᠠᠮᠢᠶᠠᠷᠤᠯᠲᠠ ᠵᠢᠨ ᠠᠵᠢᠯᠲᠠᠨ ᠤ᠋ ᠪᠣᠯᠪᠠᠰᠤᠷᠠᠯ᠂ ᠮᠣᠩᠭᠤᠯ ᠬᠡᠯᠡ ᠦᠰᠦᠭ ᠪᠢᠴᠢᠭ ᠦ᠋ᠨ ᠮᠡᠳᠡᠭᠡ ᠵᠠᠩᠭᠢᠵᠢᠯᠲᠠ ᠵᠢᠨ ᠪᠣᠯᠪᠠᠰᠤᠷᠠᠯ᠂ ᠮᠣᠩᠭᠤᠯ ᠬᠢᠲᠠᠳ ᠫᠠᠢᠰᠠ ᠢᠯᠡᠷᠬᠡᠢᠯᠡᠯ ᠦᠢᠯᠡᠳᠬᠦ ᠠᠵᠤ ᠠᠬᠤᠢᠯᠠᠯᠲᠠᠨ ᠤ᠋ ᠪᠣᠯᠪᠠᠰᠤᠷᠠᠯ ᠪᠠ ᠪᠦᠬᠦ ᠬᠣᠲᠠ ᠵᠢᠨ ᠭᠤᠷᠪᠠᠳᠤᠭᠠᠷ ᠬᠤᠭᠤᠴᠠᠭᠠᠨ ᠤ᠋ ᠫᠠᠢᠰᠠ ᠢᠯᠡᠷᠬᠡᠢᠯᠡᠯ ᠦᠢᠯᠡᠳᠬᠦ ᠰᠢᠯᠢᠳᠡᠭ ᠠᠵᠤ ᠠᠬᠤᠢᠯᠠᠯ ᠢ᠋ ᠱᠠᠩᠨᠠᠨ ᠬᠥᠬᠢᠭᠦᠯᠬᠦ ᠶᠡᠬᠡ ᠬᠤᠷᠠᠯ ᠡᠷᠬᠢᠯᠡᠬᠦ ᠲᠤᠬᠠᠢ ᠮᠡᠳᠡᠭᠳᠡᠯ