ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠨᠡᠷ᠎ᠡ ᠲᠣᠮᠢᠶᠠᠨ ᠤ᠋ ᠺᠣᠮᠢᠰ ᠤ᠋ᠨ ᠬᠠᠤᠯᠢ ᠴᠠᠭᠠᠵᠠ ᠶ᠋ᠢᠨ ᠲᠤᠰᠭᠠᠢ ᠮᠡᠷᠭᠡᠵᠢᠯ ᠦ᠋ᠨ ᠨᠡᠷ᠎ᠡ ᠲᠣᠮᠢᠶᠠᠨ ᠤ᠋ ᠬᠤᠪᠢᠶᠠᠷᠢ ᠺᠣᠮᠢᠰ ᠪᠠᠢᠭᠤᠯᠤᠭᠳᠠᠪᠠ
ᠢᠷᠡᠯᠲᠡ᠄ ᠮᠣᠩᠭᠤᠯ ᠬᠡᠯᠡ ᠪᠢᠴᠢᠭ ᠦ᠋ᠨ ᠡᠷᠳᠡᠮ ᠱᠢᠨᠵᠢᠯᠡᠭᠡᠨ ᠦ᠌ ᠬᠠᠮᠢᠶᠠᠷᠤᠯᠲᠠ ᠶ᠋ᠢᠨ ᠭᠠᠵᠠᠷ
2019.02.15

 

ᠣᠢᠷ᠎ᠠ ᠳ᠋ᠤ᠌ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠨᠡᠷ᠎ᠡ ᠲᠣᠮᠢᠶᠠᠨ ᠤ᠋ ᠺᠣᠮᠢᠰ ᠤ᠋ᠨ ᠬᠠᠤᠯᠢ ᠴᠠᠭᠠᠵᠠ ᠶ᠋ᠢᠨ ᠲᠤᠰᠭᠠᠢ ᠮᠡᠷᠭᠡᠵᠢᠯ ᠦ᠋ᠨ ᠨᠡᠷ᠎ᠡ ᠲᠣᠮᠢᠶᠠᠨ ᠤ᠋ ᠬᠤᠪᠢᠶᠠᠷᠢ ᠺᠣᠮᠢᠰ (ᠳᠣᠷᠤᠭᠱᠢ ᠬᠠᠤᠯᠢ ᠴᠠᠭᠠᠵᠠ ᠶ᠋ᠢᠨ ᠲᠤᠰᠭᠠᠢ ᠮᠡᠷᠭᠡᠵᠢᠯ ᠦ᠋ᠨ ᠬᠤᠪᠢᠶᠠᠷᠢ ᠺᠣᠮᠢᠰ ᠭᠡᠵᠦ ᠲᠣᠪᠴᠢᠯᠠᠶ᠎ᠠ) ᠬᠥᠬᠡᠬᠤᠲᠠ ᠳ᠋ᠤ᠌ ᠪᠠᠢᠭᠤᠯᠤᠭᠳᠠᠪᠠ᠃ ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ᠌ ᠵᠥᠪᠯᠡᠯ ᠦ᠋ᠨ ᠨᠠᠮ ᠤ᠋ᠨ ᠳᠤᠭᠤᠢᠯᠠᠩ ᠤ᠋ᠨ ᠭᠡᠱᠢᠭᠦᠨ᠂ ᠳᠡᠳ᠋ ᠡᠷᠬᠢᠯᠡᠭᠴᠢ ᠰᠠᠴᠤᠷᠠᠯᠲᠤ᠂ ᠥᠪᠦᠷ ᠮᠣᠩᠭᠤᠯ ᠤ᠋ᠨ ᠶᠡᠬᠡ ᠰᠤᠷᠭᠠᠭᠤᠯᠢ ᠶ᠋ᠢᠨ ᠳᠡᠳ᠋ ᠵᠠᠬᠢᠷᠤᠯ ᠡᠷᠬᠢᠮᠪᠠᠶᠠᠷ᠂ ᠥᠪᠦᠷ ᠮᠣᠩᠭᠤᠯ ᠤ᠋ᠨ ᠡᠳᠦᠷ ᠦ᠋ᠨ ᠰᠣᠨᠢᠨ ᠤ᠋ ᠬᠣᠷᠢᠶᠠᠨ ᠤ᠋ ᠳᠡᠳ᠋ ᠶᠡᠷᠦᠩᠬᠡᠢ ᠨᠠᠢᠷᠠᠭᠤᠯᠤᠭᠴᠢ ᠤᠷᠲᠤᠨᠠᠰᠤᠲᠤ ᠬᠤᠷᠠᠯ ᠳ᠋ᠤ᠌ ᠣᠷᠤᠯᠴᠠᠵᠤ ᠶᠠᠷᠢᠶ᠎ᠠ ᠲᠠᠯᠪᠢᠵᠠᠢ᠃

ᠬᠤᠷᠠᠯ ᠠ᠋ᠴᠠ ᠬᠠᠤᠯᠢ ᠴᠠᠭᠠᠵᠠ ᠶ᠋ᠢᠨ ᠲᠤᠰᠭᠠᠢ ᠮᠡᠷᠭᠡᠵᠢᠯ ᠦ᠋ᠨ ᠬᠤᠪᠢᠶᠠᠷᠢ ᠺᠣᠮᠢᠰ ᠤ᠋ᠨ ᠵᠥᠪᠯᠡᠭᠴᠢ᠂ ᠡᠷᠬᠢᠯᠡᠭᠴᠢ ᠭᠡᠱᠢᠭᠦᠨ᠂ ᠳᠡᠳ᠋ ᠡᠷᠬᠢᠯᠡᠭᠴᠢ ᠭᠡᠱᠢᠭᠦᠨ᠂ ᠭᠡᠱᠢᠭᠦᠳ ᠦ᠋ᠨ ᠨᠡᠷᠡᠰ ᠢ᠋ ᠰᠤᠳᠤᠯᠤᠨ ᠪᠠᠲᠤᠯᠠᠪᠠ᠃ ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ᠌ ᠵᠥᠪᠯᠡᠯ ᠦ᠋ᠨ ᠨᠠᠮ ᠤ᠋ᠨ ᠳᠤᠭᠤᠢᠯᠠᠩ ᠤ᠋ᠨ ᠭᠡᠱᠢᠭᠦᠨ᠂ ᠳᠡᠳ᠋ ᠡᠷᠬᠢᠯᠡᠭᠴᠢ ᠰᠠᠴᠤᠷᠠᠯᠲᠤ᠂ ᠥᠪᠦᠷ ᠮᠣᠩᠭᠤᠯ ᠤ᠋ᠨ ᠶᠡᠬᠡ ᠰᠤᠷᠭᠠᠭᠤᠯᠢ ᠶ᠋ᠢᠨ ᠳᠡᠳ᠋ ᠵᠠᠬᠢᠷᠤᠯ ᠡᠷᠬᠢᠮᠪᠠᠶᠠᠷ ᠬᠠᠤᠯᠢ ᠴᠠᠭᠠᠵᠠ ᠶ᠋ᠢᠨ ᠲᠤᠰᠭᠠᠢ ᠮᠡᠷᠭᠡᠵᠢᠯ ᠦ᠋ᠨ ᠬᠤᠪᠢᠶᠠᠷᠢ ᠺᠣᠮᠢᠰ ᠤ᠋ᠨ ᠬᠥᠱᠢᠭᠡ ᠶ᠋ᠢ ᠨᠡᠭᠡᠭᠡᠪᠡ᠃

ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ᠌ ᠵᠥᠪᠯᠡᠯ ᠦ᠋ᠨ ᠳᠡᠳ᠋ ᠡᠷᠬᠢᠯᠡᠭᠴᠢ ᠰᠠᠴᠤᠷᠠᠯᠲᠤ ᠴᠢᠬᠤᠯᠠᠴᠢᠯᠠᠭᠰᠠᠨ ᠨᠢ᠂ ᠴᠥᠭᠡᠨ ᠲᠣᠭᠠᠲᠤ ᠦᠨᠳᠦᠰᠦᠲᠡᠨ ᠦ᠌ ᠬᠡᠯᠡ ᠦᠰᠦᠭ ᠪᠢᠴᠢᠭ ᠦ᠋ᠨ ᠠᠵᠢᠯ ᠪᠣᠯ ᠮᠠᠨ ᠤ᠋ ᠤᠯᠤᠰ ᠤ᠋ᠨ ᠬᠡᠯᠡ ᠦᠰᠦᠭ ᠪᠢᠴᠢᠭ ᠦ᠋ᠨ ᠠᠵᠢᠯ ᠤ᠋ᠨ ᠴᠢᠬᠤᠯᠠ ᠪᠦᠷᠢᠯᠳᠦᠬᠦᠨ ᠬᠡᠰᠡᠭ ᠮᠥᠨ᠃ ᠨᠠᠮ ᠪᠠ ᠤᠯᠤᠰ ᠠ᠋ᠴᠠ ᠴᠥᠭᠡᠨ ᠲᠣᠭᠠᠲᠤ ᠦᠨᠳᠦᠰᠦᠲᠡᠨ ᠦ᠌ ᠬᠡᠯᠡ ᠦᠰᠦᠭ ᠪᠢᠴᠢᠭ ᠦ᠋ᠨ ᠠᠵᠢᠯ ᠢ᠋ ᠴᠢᠬᠤᠯᠠᠴᠢᠯᠠᠨ ᠬᠦᠨᠳᠦᠳᠬᠡᠭᠰᠡᠭᠡᠷ ᠢᠷᠡᠵᠡᠢ᠃ ᠬᠠᠤᠯᠢ ᠴᠠᠭᠠᠵᠠ ᠶ᠋ᠢᠨ ᠲᠤᠰᠭᠠᠢ ᠮᠡᠷᠭᠡᠵᠢᠯ ᠦ᠋ᠨ ᠬᠤᠪᠢᠶᠠᠷᠢ ᠺᠣᠮᠢᠰ ᠪᠣᠯ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡᠨ ᠦ᠌ ᠲᠤᠰᠭᠠᠢ ᠮᠡᠷᠭᠡᠵᠢᠯ ᠦ᠋ᠨ ᠨᠡᠷ᠎ᠡ ᠲᠣᠮᠢᠶᠠᠨ ᠤ᠋ ᠠᠵᠢᠯ ᠤ᠋ᠨ ᠬᠤᠪᠢᠶᠠᠷᠢ ᠺᠣᠮᠢᠰ᠂ ᠲᠤᠰ ᠬᠤᠪᠢᠶᠠᠷᠢ ᠺᠣᠮᠢᠰ ᠤ᠋ᠨ ᠪᠠᠢᠭᠤᠯᠤᠭᠳᠠᠭᠰᠠᠨ ᠶᠠᠪᠤᠳᠠᠯ ᠨᠢ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠨᠡᠷ᠎ᠡ ᠲᠣᠮᠢᠶᠠᠨ ᠤ᠋ ᠬᠦᠷᠢᠶ᠎ᠡ ᠴᠠᠷᠠᠭ᠎ᠠ ᠤᠯᠠᠮ ᠠ᠋ᠴᠠ ᠤᠯᠠᠮ ᠥᠷᠭᠡᠵᠢᠭᠰᠡᠨ ᠠᠵᠢᠯ ᠤ᠋ᠨ ᠪᠠᠢᠳᠠᠯ᠂ ᠤᠯᠠᠮ ᠠ᠋ᠴᠠ ᠤᠯᠠᠮ ᠰᠠᠢᠵᠢᠷᠠᠭᠰᠠᠨ ᠠᠵᠢᠯ ᠤ᠋ᠨ ᠠᠬᠢᠴᠠ ᠶ᠋ᠢ ᠬᠠᠷᠠᠭᠤᠯᠵᠤ ᠪᠠᠢᠨ᠎ᠠ᠃ ᠪᠦᠬᠦ ᠲᠠᠯ᠎ᠠ ᠪᠠᠷ ᠬᠠᠤᠯᠢ ᠪᠠᠷ ᠤᠯᠤᠰ ᠢ᠋ᠶ᠋ᠠᠨ ᠵᠠᠰᠠᠵᠤ ᠪᠠᠢᠭ᠎ᠠ ᠡᠨᠡ ᠬᠦ᠌ ᠱᠢᠨ᠎ᠡ ᠴᠠᠭ ᠦᠶ᠎ᠡ ᠳ᠋ᠦ᠍᠂ ᠬᠠᠤᠯᠢ ᠳᠦᠷᠢᠮ ᠦ᠋ᠨ ᠲᠣᠭᠲᠠᠭᠠᠯᠲᠠ᠂ ᠬᠠᠤᠯᠢ ᠴᠠᠭᠠᠵᠠ ᠶ᠋ᠢᠨ ᠰᠤᠷᠭᠠᠨ ᠬᠥᠮᠦᠵᠢᠯ ᠪᠠ ᠡᠷᠳᠡᠮ ᠱᠢᠨᠵᠢᠯᠡᠭᠡ᠂ ᠦᠢᠯᠡᠳᠦᠯᠭᠡ᠂ ᠢᠯᠠᠩᠭᠤᠶ᠎ᠠ 《ᠬᠠᠤᠯᠢ ᠶ᠋ᠢ ᠲᠦᠭᠡᠮᠡᠯᠵᠢᠭᠦᠯᠬᠦ》 ᠠᠵᠢᠯ ᠳ᠋ᠤ᠌ ᠴᠥᠮ ᠵᠥᠪ ᠣᠨᠤᠪᠴᠢᠲᠤ ᠱᠢᠨᠵᠢ᠂ ᠱᠢᠨᠵᠢᠯᠡᠬᠦ ᠤᠬᠠᠭᠠᠨᠴᠢ ᠱᠢᠨᠵᠢ᠂ ᠳᠦᠷᠢᠮᠵᠢᠯᠳᠦ ᠱᠢᠨᠵᠢ᠂ ᠣᠯᠠᠨ ᠲᠦᠮᠡᠨᠴᠢ ᠱᠢᠨᠵᠢ ᠲᠡᠢ ᠪᠠᠢᠬᠤ ᠶ᠋ᠢ ᠱᠠᠭᠠᠷᠳᠠᠵᠤ ᠪᠠᠢᠨ᠎ᠠ᠃ ᠬᠠᠤᠯᠢ ᠴᠠᠭᠠᠵᠠ ᠶ᠋ᠢᠨ ᠲᠤᠰᠭᠠᠢ ᠮᠡᠷᠭᠡᠵᠢᠯ ᠦ᠋ᠨ ᠬᠤᠪᠢᠶᠠᠷᠢ ᠺᠣᠮᠢᠰ ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ ᠪᠠ ᠮᠣᠩᠭᠤᠯ ᠨᠡᠷ᠎ᠡ ᠲᠣᠮᠢᠶᠠᠨ ᠤ᠋ ᠺᠣᠮᠢᠰ ᠤ᠋ᠨ ᠵᠥᠪ ᠤᠳᠤᠷᠢᠳᠤᠯᠭ᠎ᠠ ᠳᠣᠣᠷ᠎ᠠ᠂ ᠱ᠋ᠢ ᠶ᠋ᠢᠨ ᠫᠢᠩ ᠦ᠋ᠨ ᠱᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ᠤ᠋ᠨ ᠣᠨᠴᠠᠯᠢᠭ ᠪᠦᠬᠦᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠵᠤ᠂ ᠬᠣᠯᠪᠤᠭᠳᠠᠯ ᠪᠦᠬᠦᠢ ᠬᠠᠤᠯᠢ ᠳᠦᠷᠢᠮ ᠪᠠ ᠦᠨᠳᠦᠰᠦᠲᠡᠨ ᠦ᠌ ᠲᠥᠷᠦ ᠶ᠋ᠢᠨ ᠪᠣᠳᠤᠯᠭ᠎ᠠ ᠶ᠋ᠢ ᠬᠢᠨᠠᠮᠠᠭᠠᠢ ᠲᠤᠭᠤᠱᠢᠯᠠᠭᠤᠯᠤᠨ ᠨᠠᠢᠳᠠᠪᠤᠷᠢᠵᠢᠭᠤᠯᠬᠤ ᠶ᠋ᠢᠨ ᠬᠠᠮᠲᠤ ᠱᠢᠨ᠎ᠡ ᠲᠤᠷᠱᠢᠯᠭ᠎ᠠ ᠶ᠋ᠢ ᠬᠤᠷᠢᠶᠠᠩᠭᠤᠢᠯᠠᠵᠤ᠂ ᠱᠢᠨ᠎ᠡ ᠣᠢᠯᠠᠭᠠᠭᠳᠠᠬᠤᠨ ᠢ᠋ ᠪᠣᠯᠪᠠᠰᠤᠷᠠᠭᠤᠯᠵᠤ᠂ ᠬᠠᠤᠯᠢ ᠴᠠᠭᠠᠵᠠ ᠶ᠋ᠢᠨ ᠨᠡᠷ᠎ᠡ ᠲᠣᠮᠢᠶᠠᠨ ᠤ᠋ ᠳᠦᠷᠢᠮᠵᠢᠭᠦᠯᠦᠯᠲᠡ᠂ ᠪᠠᠷᠢᠮᠵᠢᠶᠠᠵᠢᠭᠤᠯᠤᠯᠲᠠ ᠶ᠋ᠢᠨ ᠠᠵᠢᠯ ᠢ᠋ ᠤᠯᠠᠮ ᠠᠬᠢᠭᠤᠯᠵᠤ᠂ ᠪᠦᠬᠦ ᠲᠠᠯ᠎ᠠ ᠪᠠᠷ ᠬᠠᠤᠯᠢ ᠪᠠᠷ ᠤᠯᠤᠰ ᠢ᠋ᠶ᠋ᠠᠨ ᠵᠠᠰᠠᠬᠤ ᠳ᠋ᠤ᠌ ᠢᠳᠡᠪᠬᠢ ᠬᠤᠪᠢ ᠨᠡᠮᠡᠷᠢ ᠦᠵᠡᠭᠦᠯᠬᠦ ᠪᠣᠯᠤᠨ᠎ᠠ᠃

ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠨᠡᠷ᠎ᠡ ᠲᠣᠮᠢᠶᠠᠨ ᠤ᠋ ᠺᠣᠮᠢᠰ ᠤ᠋ᠨ ᠡᠷᠬᠢᠯᠡᠭᠴᠢ ᠭᠡᠱᠢᠭᠦᠨ᠂ ᠳᠡᠳ᠋ ᠡᠷᠬᠢᠯᠡᠭᠴᠢ ᠭᠡᠱᠢᠭᠦᠨ ᠪᠠ ᠵᠠᠷᠢᠮ ᠪᠠᠢᠩᠭᠤ ᠶ᠋ᠢᠨ ᠭᠡᠱᠢᠭᠦᠨ᠂ ᠬᠠᠤᠯᠢ ᠴᠠᠭᠠᠵᠠ ᠶ᠋ᠢᠨ ᠲᠤᠰᠭᠠᠢ ᠮᠡᠷᠭᠡᠵᠢᠯ ᠦ᠋ᠨ ᠨᠡᠷ᠎ᠡ ᠲᠣᠮᠢᠶᠠᠨ ᠤ᠋ ᠬᠤᠪᠢᠶᠠᠷᠢ ᠺᠣᠮᠢᠰ ᠤ᠋ᠨ ᠰᠣᠩᠭᠤᠬᠤ ᠪᠠᠷ ᠵᠢᠱ᠌ᠢᠭᠳᠡᠭᠰᠡᠳ᠂ ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ᠌ ᠵᠥᠪᠯᠡᠯ ᠦ᠋ᠨ ᠬᠣᠯᠪᠤᠭᠳᠠᠯ ᠪᠦᠬᠦᠢ ᠭᠠᠵᠠᠷ ᠤ᠋ᠨ ᠬᠠᠷᠢᠭᠤᠴᠠᠯᠭᠠᠲᠠᠨ ᠪᠠ ᠠᠵᠢᠯᠲᠠᠨ 60 ᠭᠠᠷᠤᠢ ᠬᠥᠮᠦᠨ ᠬᠤᠷᠠᠯ ᠳ᠋ᠤ᠌ ᠣᠷᠤᠯᠴᠠᠵᠠᠢ᠃

 

 

ᠣᠷᠴᠢᠭᠤᠯᠤᠭᠴᠢ᠄ ᠯᠢᠶᠠᠩ ᠬᠠᠢ ᠢᠦᠢ

ᠬᠢᠨᠠᠭᠴᠢ᠄ ᠪᠤᠶᠠᠨ᠌ᠥ᠌ᠯᠵᠡᠢ

ᠬᠠᠷᠢᠭᠤᠴᠠᠭᠰᠠᠨ ᠨᠠᠢᠷᠠᠭᠤᠯᠤᠭᠴᠢ᠄ ᠯᠢᠶᠠᠩ ᠬᠠᠢ ᠢᠦᠢ

 

ᠸᠢᠴᠠᠲ ᠲᠤ ᠪᠠᠨ ᠬᠤᠪᠢᠶᠠᠯᠴᠠᠬᠤ