ᠪᠤᠭᠤᠲᠤ ᠬᠣᠲᠠ ᠶ᠋ᠢᠨ ᠦᠨᠳᠦᠰᠦᠲᠡᠨ ᠦ᠌ ᠵᠥᠪᠯᠡᠯ 《 ᠪᠤᠭᠤᠲᠤ ᠶ᠋ᠢᠨ ᠣᠢᠯᠠᠯᠭ᠎ᠠ》 ᠶ᠋ᠢᠨ ᠣᠷᠴᠢᠭᠤᠯᠭ᠎ᠠ ᠶ᠋ᠢᠨ ᠰᠤᠳᠤᠯᠤᠨ ᠶᠠᠷᠢᠯᠴᠠᠬᠤ ᠬᠤᠷᠠᠯ ᠬᠤᠷᠠᠯᠳᠤᠭᠤᠯᠪᠠ
ᠢᠷᠡᠯᠲᠡ᠄ ᠪᠤᠭᠤᠲᠤ ᠬᠣᠲᠠ ᠵᠢᠨ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ
2017.11.06

 

《ᠪᠤᠭᠤᠲᠤ ᠵᠢᠨ ᠣᠢᠯᠠᠯᠭ᠎ᠠ》 ᠵᠢᠨ ᠨᠢᠭᠡᠳᠦᠭᠡᠷ ᠪᠣᠳᠢ ᠵᠢᠨ ᠣᠷᠴᠢᠭᠤᠯᠭ᠎ᠠ ᠵᠢ ᠬᠢᠨᠠᠨ ᠲᠣᠭᠲᠠᠭᠠᠵᠤ᠂ ᠣᠷᠴᠢᠭᠤᠯᠭ᠎ᠠ ᠳᠤᠮᠳᠠ ᠢᠯᠡᠷᠡᠭᠰᠡᠨ ᠬᠦᠴᠢᠷ ᠲᠦᠪᠡᠭ ᠲᠠᠢ ᠨᠡᠷ᠎ᠡ ᠲᠣᠮᠢᠶᠠᠨ ᠤ᠋ ᠠᠰᠠᠭᠤᠳᠠᠯ ᠢ᠋ ᠰᠢᠢᠳᠪᠦᠷᠢᠯᠡᠬᠦ ᠵᠢᠨ ᠲᠥᠯᠦᠭᠡ 11 ᠰᠠᠷ᠎ᠠ ᠵᠢᠨ 1 ᠤ᠋ ᠡᠳᠦᠷ ᠪᠤᠭᠤᠲᠤ  ᠬᠣᠲᠠ ᠵᠢᠨ  ᠦᠨᠳᠦᠰᠦᠲᠡᠨ ᠦ᠌ ᠬᠡᠷᠡᠭ  ᠡᠷᠬᠢᠯᠡᠬᠦ  ᠵᠥᠪᠯᠡᠯ  《 ᠪᠤᠭᠤᠲᠤ ᠵᠢᠨ ᠣᠢᠯᠠᠯᠭ᠎ᠠ 》 ᠵᠢᠨ  ᠰᠤᠳᠤᠯᠤᠨ  ᠶᠠᠷᠢᠯᠴᠠᠬᠤ  ᠬᠤᠷᠠᠯ ᠬᠤᠷᠠᠯᠳᠤᠭᠤᠯᠪᠠ᠃ ᠬᠣᠲᠠ ᠵᠢᠨ ᠮᠣᠩᠭᠤᠯ ᠬᠡᠯᠡᠨ ᠦ᠌ ᠣᠷᠴᠢᠭᠤᠯᠭ᠎ᠠ ᠵᠢᠨ ᠲᠤᠰᠭᠠᠢ ᠮᠡᠷᠭᠡᠵᠢᠯᠲᠡᠨ ᠰᠤᠳᠤᠯᠤᠭᠴᠢᠳ ᠪᠣᠯᠤᠨ ᠬᠠᠮᠢᠶ᠎ᠠ ᠪᠦᠬᠦᠢ ᠣᠷᠴᠢᠭᠤᠯᠭ᠎ᠠ ᠵᠢᠨ ᠠᠵᠢᠯᠲᠠᠳ ᠬᠤᠷᠠᠯ ᠳ᠋ᠤ᠌ ᠣᠷᠤᠯᠴᠠᠪᠠ᠃

《ᠪᠤᠭᠤᠲᠤ ᠵᠢᠨ ᠣᠢᠯᠠᠯᠭ᠎ᠠ》 ᠵᠢᠨ ᠬᠠᠮᠤᠷᠤᠭᠰᠠᠨ ᠠᠭᠤᠯᠭ᠎ᠠ ᠥᠷᠭᠡᠨ᠂ ᠲᠤᠰᠭᠠᠢ ᠮᠡᠷᠭᠡᠵᠢᠯ ᠦ᠋ᠨ ᠰᠢᠨᠵᠢ ᠪᠡᠷ ᠲᠤᠢᠯ ᠤ᠋ᠨ ᠴᠢᠩᠭ᠎ᠠ᠂ ᠤᠯᠤᠰ ᠲᠥᠷᠦ᠂ ᠠᠵᠤ ᠠᠬᠤᠢ᠂ ᠴᠡᠷᠢᠭ ᠦ᠋ᠨ ᠶᠠᠪᠤᠳᠠᠯ᠂ ᠲᠡᠦᠬᠡ᠂ ᠬᠦᠨᠳᠦ ᠠᠵᠤ ᠦᠢᠯᠡᠳᠪᠦᠷᠢ᠂ ᠮᠠᠰᠢᠨ ᠲᠧᠭᠨᠢᠭ᠂ ᠬᠢᠮᠢ ᠵᠢᠨ ᠠᠵᠤ ᠦᠢᠯᠡᠳᠪᠦᠷᠢ᠂ ᠱᠠᠰᠢᠨ ᠰᠤᠷᠲᠠᠬᠤᠨ᠂ ᠰᠣᠶᠤᠯ ᠲᠠᠮᠢᠷ ᠵᠡᠷᠭᠡ ᠠᠭᠤᠯᠭ᠎ᠠ ᠵᠢ ᠪᠠᠭᠲᠠᠭᠠᠵᠤ᠂ ᠣᠳᠣᠬᠠᠨ ᠳ᠋ᠤ᠌ ᠡᠨᠡ ᠠᠵᠢᠯ ᠢ᠋ ᠬᠢᠵᠦ ᠪᠠᠢᠭ᠎ᠠ ᠠᠵᠢᠯᠲᠠᠳ ᠬᠡᠳᠦᠢᠪᠡᠷ ᠮᠣᠩᠭᠤᠯ ᠬᠢᠲᠠᠳ ᠬᠡᠯᠡᠨ ᠳ᠋ᠦ᠍ ᠲᠡᠭᠰᠢ ᠨᠡᠪᠲᠡᠷᠬᠡᠢ ᠪᠣᠯᠪᠠᠴᠤ ᠵᠠᠷᠢᠮ ᠲᠤᠰᠭᠠᠢ ᠨᠡᠷ᠎ᠡ ᠲᠣᠮᠢᠶᠠᠨ ᠤ᠋ ᠣᠷᠴᠢᠭᠤᠯᠭ᠎ᠠ ᠳ᠋ᠤ᠌ ᠮᠥᠨ ᠠᠯᠢ ᠤᠯᠠᠨ ᠬᠦᠴᠢᠷ ᠲᠠᠢ ᠠᠰᠠᠭᠤᠳᠠᠯ ᠳ᠋ᠤ᠌ ᠲᠤᠯᠭᠠᠷᠠᠵᠤ ᠪᠤᠢ᠃ ᠬᠤᠷᠠᠯ ᠳ᠋ᠤ᠌ ᠣᠷᠤᠯᠴᠠᠭᠰᠠᠳ 《ᠪᠤᠭᠤᠲᠤ ᠵᠢᠨ ᠣᠢᠯᠠᠯᠭ᠎ᠠ》 ᠵᠢᠨ ᠣᠷᠴᠢᠭᠤᠯᠭ᠎ᠠ ᠳ᠋ᠤ᠌ ᠳᠡᠭᠡᠳᠦ ᠬᠡᠮᠵᠢᠶᠡᠨ ᠦ᠌ ᠬᠠᠷᠢᠭᠤᠴᠠᠯᠭᠠᠲᠤ ᠣᠪᠤᠷ  ᠢ᠋ᠶ᠋ᠡᠷ ᠬᠠᠨᠳᠤᠵᠤ᠂ ᠣᠷᠴᠢᠭᠤᠯᠭ᠎ᠠ ᠨᠢ ᠵᠠᠪᠠᠯ ᠲᠤᠰᠭᠠᠢ ᠮᠡᠷᠭᠡᠵᠢᠯ ᠦ᠋ᠨ᠂ ᠣᠢᠯᠠᠭᠠᠮᠵᠢᠲᠠᠢ  ᠪᠠᠢᠬᠤ  ᠵᠠᠷᠴᠢᠮ  ᠢ᠋  ᠪᠠᠷᠢᠮᠲᠠᠯᠠᠬᠤ  ᠵᠢ  ᠲᠣᠳᠤᠷᠬᠠᠢ  ᠣᠢᠯᠠᠭᠠᠵᠤ᠂ 《ᠪᠤᠭᠤᠲᠤ ᠵᠢᠨ ᠣᠢᠯᠠᠯᠭ᠎ᠠ》 ᠳ᠋ᠦ᠍  ᠢᠯᠡᠷᠡᠭᠰᠡᠨ  ᠲᠤᠰᠭᠠᠢ  ᠨᠡᠷ᠎ᠡ  ᠲᠣᠮᠢᠶᠠᠨ  ᠳ᠋ᠤ᠌  ᠴᠢᠭᠯᠡᠭᠦᠯᠵᠦ ᠤᠯᠠᠨ ᠢ᠋ᠶ᠋ᠠᠷ ᠢ᠋ᠶ᠋ᠠᠨ ᠰᠠᠨᠠᠯ  ᠢ᠋ᠶ᠋ᠠᠨ ᠴᠢᠯᠦᠭᠡᠲᠡᠢ ᠰᠣᠯᠢᠯᠴᠠᠵᠤ᠂ ᠬᠠᠮᠲᠤ ᠪᠠᠷ ᠰᠤᠳᠤᠯᠤᠨ ᠶᠠᠷᠢᠯᠴᠠᠭᠰᠠᠨ ᠪᠥᠭᠡᠳ《下湿壕》《卜塔亥》 ᠮᠡᠲᠦ ᠵᠢᠨ 80 ᠭᠠᠷᠤᠢ ᠭᠠᠵᠠᠷ ᠤ᠋ᠨ ᠨᠡᠷ᠎ᠡ ᠵᠡᠷᠭᠡ ᠲᠤᠰᠭᠠᠢ ᠨᠡᠷ᠎ᠡ ᠲᠣᠮᠢᠶ᠎ᠠ ᠵᠢ ᠳᠥᠷᠢᠮᠵᠢᠭᠦᠯᠵᠡᠢ᠃ ᠲᠤᠰᠭᠠᠢ ᠮᠡᠷᠭᠡᠵᠢᠯᠲᠡᠳ ᠡᠴᠡ ᠪᠠᠰᠠ ᠣᠷᠴᠢᠭᠤᠯᠭ᠎ᠠ ᠳᠤᠮᠳᠠ ᠣᠷᠤᠰᠢᠵᠤ ᠪᠠᠢᠭ᠎ᠠ ᠠᠰᠠᠭᠤᠳᠠᠯ ᠢ᠋ ᠰᠢᠢᠳᠪᠦᠷᠢᠯᠡᠬᠦ ᠠᠷᠭ᠎ᠠ ᠪᠠ ᠰᠠᠨᠠᠯ ᠢ᠋ᠶ᠋ᠠᠨ ᠳᠤᠷᠠᠳᠴᠤ᠂ ᠬᠣᠢᠰᠢᠳᠠ ᠵᠢᠨ ᠣᠷᠴᠢᠭᠤᠯᠭ᠎ᠠ ᠵᠢᠨ ᠠᠵᠢᠯ ᠳ᠋ᠤ᠌ ᠬᠠᠪᠰᠤᠷᠤᠯᠭ᠎ᠠ ᠦᠵᠡᠭᠦᠯᠪᠡ᠃

 

ᠣᠷᠴᠢᠭᠤᠯᠤᠭᠴᠢ᠄ ᠴᠣᠯᠮᠤᠨ

ᠬᠢᠨᠠᠭᠴᠢ᠄ ᠠᠯᠲᠠᠨ᠌ᠣ᠋ᠳᠣ

ᠬᠠᠷᠢᠭᠤᠴᠠᠭᠰᠠᠨ ᠨᠠᠢᠷᠠᠭᠤᠯᠤᠭᠴᠢ᠄ ᠯᠢᠶᠠᠩ ᠬᠠᠢ ᠢᠦᠢ

ᠸᠢᠴᠠᠲ ᠲᠤ ᠪᠠᠨ ᠬᠤᠪᠢᠶᠠᠯᠴᠠᠬᠤ