《ᠤᠯᠠᠭᠠᠨᠬᠦᠦ ᠶᠢᠨ ᠰᠠᠭᠤᠷᠢ ᠮᠥᠩᠭᠦᠨ ᠦ᠌ ᠮᠣᠩᠭᠤᠯ ᠦᠭᠡ ᠬᠡᠯᠡ ᠦᠰᠦᠭ ᠪᠢᠴᠢᠭ ᠦ᠋ᠨ ᠱᠠᠩᠨᠠᠯ》  ᠤ᠋ᠨ ᠱᠠᠩᠨᠠᠨ ᠬᠥᠬᠢᠭᠦᠯᠬᠦ ᠠᠷᠭ᠎ᠠ

2018.06.06

 

        (ᠤᠯᠠᠭᠠᠨᠬᠦᠦ  ᠶᠢᠨ ᠰᠠᠭᠤᠷᠢ ᠮᠥᠩᠭᠦᠨ ᠦ᠌ ᠮᠣᠩᠭᠤᠯ ᠦᠭᠡ ᠬᠡᠯᠡ ᠦᠰᠦᠭ ᠪᠢᠴᠢᠭ  ᠦᠨ ᠱᠠᠩᠨᠠᠯ  ᠢ

        ᠰᠢᠯᠭᠠᠷᠠᠭᠤᠯᠬᠤ ᠤᠳᠤᠷᠢᠳᠬᠤ ᠳᠤᠭᠤᠢᠯᠠᠩ ᠤ᠋ᠨ ᠪᠢᠴᠢᠭ ᠮᠠᠲ᠋ᠧᠷᠢᠶᠠᠯ 〔2008〕1 ᠳ᠋ᠤᠭᠡᠷ ᠲᠣᠭᠠᠲᠤ)

 

ᠨᠢᠭᠡᠳᠦᠭᠡᠷ ᠪᠦᠯᠦᠭ  ᠶᠡᠷᠦᠩᠬᠡᠢ ᠳᠦᠷᠢᠮ

 

ᠨᠢᠭᠡᠳᠦᠭᠡᠷ ᠵᠦᠢᠯ  ᠮᠣᠩᠭᠤᠯ ᠦᠭᠡ ᠬᠡᠯᠡ ᠦᠰᠦᠭ ᠪᠢᠴᠢᠭ ᠦ᠋ᠨ ᠰᠤᠷᠴᠤ ᠬᠡᠷᠡᠭᠯᠡᠬᠦ ᠪᠠ ᠰᠤᠳᠤᠯᠭᠠᠨ ᠤ ᠠᠵᠢᠯ ᠢ ᠤᠯᠠᠮ ᠨᠢᠭᠡ ᠠᠯᠬᠤᠮ ᠴᠢᠩᠭᠠᠳᠭᠠᠵᠤ᠂ ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ ᠪᠦᠯᠭᠦᠮᠳᠡᠯ᠂ ᠠᠵᠤ ᠠᠬᠤᠢ ᠶᠢᠨ ᠪᠠᠢᠭᠤᠯᠤᠯᠲᠠ ᠪᠣᠯᠤᠨ ᠨᠡᠢᠭᠡᠮ ᠦ᠋ᠨ ᠬᠥᠭᠵᠢᠯᠲᠡ ᠳ᠋ᠡᠬᠢ ᠮᠣᠩᠭᠤᠯ ᠦᠭᠡ ᠬᠡᠯᠡ ᠦᠰᠦᠭ ᠪᠢᠴᠢᠭ ᠦ᠋ᠨ ᠢᠳᠡᠪᠬᠢᠲᠡᠢ ᠦᠢᠯᠡᠳᠦᠯ ᠢ ᠭᠦᠢᠴᠡᠳ ᠪᠠᠳᠠᠷᠠᠭᠤᠯᠵᠤ᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ ᠦᠨᠳᠦᠰᠦᠨ ᠬᠠᠤᠯᠢ》᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ  ᠤᠨ ᠦᠨᠳᠦᠰᠦᠲᠡᠨ ᠦ ᠣᠷᠤᠨ ᠤ᠋ ᠥᠪᠡᠷᠲᠡᠭᠡᠨ ᠵᠠᠰᠠᠬᠤ ᠬᠠᠤᠯᠢ》 ᠪᠣᠯᠤᠨ 《ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠦᠭᠡ ᠬᠡᠯᠡ ᠦᠰᠦᠭ ᠪᠢᠴᠢᠭ ᠦ᠋ᠨ ᠠᠵᠢᠯ ᠤ᠋ᠨ ᠳᠦᠷᠢᠮ》 ᠦ᠋ᠨ ᠬᠠᠮᠢᠶ᠎ᠠ ᠪᠦᠬᠦᠢ ᠲᠣᠭᠲᠠᠭᠠᠯ ᠢ ᠦᠨᠳᠦᠰᠦᠯᠡᠨ᠂ ᠤᠯᠠᠭᠠᠨᠬᠦᠦ ᠶᠢᠨ ᠰᠠᠭᠤᠷᠢ ᠮᠥᠩᠭᠦᠨ ᠦ᠌ ᠨᠡᠢᠭᠡᠮᠯᠢᠭ  ᠡᠴᠡ  ᠥᠪᠡᠷᠲᠡᠭᠡᠨ  ᠵᠠᠰᠠᠬᠤ  ᠣᠷᠤᠨ  ᠤ᠋  ᠦᠨᠳᠦᠰᠦᠲᠡᠨ  ᠦ᠌ ᠬᠡᠷᠡᠭ  ᠡᠷᠬᠢᠯᠡᠬᠦ ᠵᠥᠪᠯᠡᠯ ᠲᠠᠢ ᠬᠠᠮᠲᠤᠷᠠᠨ 《ᠤᠯᠠᠭᠠᠨᠬᠦᠦ ᠶᠢᠨ ᠰᠠᠭᠤᠷᠢ ᠮᠥᠩᠭᠦᠨ ᠦ᠌ ᠮᠣᠩᠭᠤᠯ ᠦᠭᠡ ᠬᠡᠯᠡ ᠦᠰᠦᠭ ᠪᠢᠴᠢᠭ ᠦᠨ ᠱᠠᠩᠨᠠᠯ》 ᠢ᠋ ᠪᠠᠢᠭᠤᠯᠬᠤ ᠪᠠᠷ ᠲᠣᠭᠲᠠᠪᠠ᠃ ᠱᠠᠩᠨᠠᠯ ᠰᠢᠯᠭᠠᠷᠠᠭᠤᠯᠬᠤ ᠠᠵᠢᠯ ᠢ ᠰᠠᠢᠲᠤᠷ ᠬᠢᠬᠦ ᠶᠢᠨ ᠲᠥᠯᠦᠭᠡ᠂ ᠲᠤᠰ ᠠᠷᠭ᠎ᠠ ᠶᠢ ᠲᠤᠰᠭᠠᠢᠯᠠᠨ ᠲᠣᠭᠲᠠᠭᠠᠪᠠ᠃

 

ᠬᠣᠶᠠᠳᠤᠭᠠᠷ ᠵᠦᠢᠯ 《ᠤᠯᠠᠭᠠᠨᠬᠦᠦ ᠶᠢᠨ ᠰᠠᠭᠤᠷᠢ ᠮᠥᠩᠭᠦᠨ ᠦ᠌ ᠮᠣᠩᠭᠤᠯ ᠦᠭᠡ ᠬᠡᠯᠡ ᠦᠰᠦᠭ ᠪᠢᠴᠢᠭ ᠦᠨ ᠱᠠᠩᠨᠠᠯ》 ᠳ᠋ᠤ᠌ ᠲᠡᠷᠢᠭᠦᠨ ᠦ᠌ ᠬᠤᠪᠢ ᠬᠥᠮᠦᠨ ᠪᠣᠯᠤᠨ ᠲᠡᠷᠢᠭᠦᠨ ᠦ ᠬᠠᠮᠲᠤ ᠨᠢᠭᠡᠴᠢ ᠭᠡᠬᠦ ᠬᠤᠶᠠᠷ ᠲᠥᠷᠦᠯ ᠦ᠋ᠨ ᠱᠠᠩᠨᠠᠯ ᠬᠤᠪᠢᠶᠠᠨ᠎ᠠ᠃

 

ᠭᠤᠷᠪᠠᠳᠤᠭᠠᠷ ᠵᠦᠢᠯ  ᠲᠤᠰ ᠠᠷᠭ᠎ᠠ ᠨᠢ ᠥᠪᠡᠷᠲᠡᠭᠡᠨ ᠵᠠᠰᠠᠬᠤ ᠣᠷᠤᠨ ᠤ᠋ ᠵᠠᠰᠠᠭ ᠵᠠᠬᠢᠷᠭᠠᠨ ᠤ ᠬᠦᠷᠢᠶᠡᠨ ᠳᠡᠬᠢ ᠡᠯ᠎ᠡ ᠱᠠᠲᠤᠨ ᠤ ᠡᠯ᠎ᠡ ᠲᠥᠷᠦᠯ ᠦ᠋ᠨ ᠪᠠᠢᠭᠤᠯᠭ᠎ᠠ ᠪᠣᠯᠤᠨ ᠡᠯ᠎ᠡ ᠦᠨᠳᠦᠰᠦᠲᠡᠨ ᠦ ᠺᠠᠳ᠋ᠷ ᠤᠯᠠᠨ ᠲᠦᠮᠡᠨ ᠳ᠋ᠦ᠍ ᠬᠡᠷᠡᠭᠯᠡᠨ᠎ᠡ᠃

 

ᠬᠣᠶᠠᠳᠤᠭᠠᠷ ᠪᠦᠯᠦᠭ  ᠱᠠᠩᠨᠠᠨ ᠬᠥᠬᠢᠭᠦᠯᠬᠦ ᠶ᠋ᠢᠨ ᠵᠣᠷᠢᠯᠭ᠎ᠠ ᠪᠣᠯᠤᠨ ᠠᠴᠢ ᠬᠣᠯᠪᠤᠭᠳᠠᠯ

 

ᠳᠥᠷᠪᠡᠳᠦᠭᠡᠷ ᠵᠦᠢᠯ  ᠮᠣᠩᠭᠤᠯ ᠦᠭᠡ ᠬᠡᠯᠡ ᠦᠰᠦᠭ ᠪᠢᠴᠢᠭ ᠪᠣᠯ ᠥᠪᠡᠷᠲᠡᠭᠡᠨ ᠵᠠᠰᠠᠬᠤ ᠣᠷᠤᠨ ᠤ᠋ ᠨᠡᠢᠳᠡᠮ ᠬᠡᠷᠡᠭᠯᠡᠬᠦ ᠦᠰᠦᠭ ᠪᠢᠴᠢᠭ ᠦ᠋ᠨ ᠨᠢᠭᠡ ᠨᠢ ᠪᠠᠢᠵᠤ᠂ ᠥᠪᠡᠷᠲᠡᠭᠡᠨ ᠵᠠᠰᠠᠬᠤ ᠦᠨᠳᠦᠰᠦᠲᠡᠨ ᠡᠴᠡ ᠥᠪᠡᠷᠲᠡᠭᠡᠨ ᠵᠠᠰᠠᠬᠤ ᠡᠷᠬᠡ ᠪᠡᠨ ᠬᠡᠷᠡᠭᠵᠢᠭᠦᠯᠬᠦ ᠴᠢᠬᠤᠯᠠ ᠪᠠᠭᠠᠵᠢ ᠪᠣᠯᠤᠨ᠎ᠠ᠃  《ᠤᠯᠠᠭᠠᠨᠬᠦᠦ ᠶᠢᠨ ᠰᠠᠭᠤᠷᠢ ᠮᠥᠩᠭᠦᠨ ᠦ᠌ ᠮᠣᠩᠭᠤᠯ ᠦᠭᠡ ᠬᠡᠯᠡ ᠦᠰᠦᠭ ᠪᠢᠴᠢᠭ ᠦᠨ ᠱᠠᠩᠨᠠᠯ》 ᠢ᠋ ᠪᠠᠢᠭᠤᠯᠬᠤ ᠨᠢ ᠡᠯ᠎ᠡ ᠦᠨᠳᠦᠰᠦᠲᠡᠨ ᠦ ᠺᠠᠳ᠋ᠷ ᠤᠯᠠᠨ ᠲᠦᠮᠡᠨ ᠦ᠌ ᠮᠣᠩᠭᠤᠯ ᠦᠭᠡ ᠬᠡᠯᠡ ᠦᠰᠦᠭ ᠪᠢᠴᠢᠭ ᠢ ᠰᠤᠷᠴᠤ ᠬᠡᠷᠡᠭᠯᠡᠬᠦ ᠤᠬᠠᠮᠰᠠᠷ ᠪᠣᠯᠤᠨ ᠢᠳᠡᠪᠬᠢᠵᠢᠯ ᠢ ᠨᠡᠮᠡᠭᠳᠡᠭᠦᠯᠬᠦ ᠶᠢᠨ ᠲᠥᠯᠦᠭᠡ ᠶᠤᠮ᠃

 

ᠲᠠᠪᠤᠳᠤᠭᠠᠷ ᠵᠦᠢᠯ   ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠣᠯᠠᠩᠬᠢ ᠲᠣᠭᠠᠨ ᠤ ᠮᠣᠩᠭᠤᠯᠴᠤᠳ ᠮᠣᠩᠭᠤᠯ ᠦᠭᠡ ᠬᠡᠯᠡ ᠦᠰᠦᠭ ᠪᠢᠴᠢᠭ ᠢᠶᠡᠨ ᠰᠤᠷᠴᠤ ᠬᠡᠷᠡᠭᠯᠡᠵᠦ ᠪᠠᠢᠨ᠎ᠠ᠃ ᠮᠣᠩᠭᠤᠯ ᠦᠭᠡ  ᠬᠡᠯᠡ ᠦᠰᠦᠭ  ᠪᠢᠴᠢᠭ  ᠦᠨᠳᠦᠰᠦᠲᠡᠨ  ᠦ᠌  ᠰᠣᠶᠤᠯ  ᠢ᠋  ᠠᠬᠢᠭᠤᠯᠤᠨ᠂  ᠤᠯᠠᠮᠵᠢᠯᠠᠨ ᠪᠠᠳᠠᠷᠠᠭᠤᠯᠬᠤ᠂ ᠡᠷᠬᠡ  ᠲᠡᠭᠰᠢ᠂ ᠪᠦᠯᠭᠦᠮᠳᠡᠯ  ᠲᠠᠢ᠂ ᠬᠠᠷᠢᠯᠴᠠᠨ  ᠬᠠᠪᠰᠤᠷᠤᠯᠴᠠᠭᠰᠠᠨ᠂ ᠡᠶ᠎ᠡ ᠵᠣᠬᠢᠴᠠᠩᠭᠤᠢ ᠨᠡᠢᠭᠡᠮ ᠵᠢᠷᠤᠮ ᠤᠨ ᠰᠢᠨ᠎ᠡ ᠮᠠᠶᠢᠭ ᠤ᠋ᠨ ᠦᠨᠳᠦᠰᠦᠲᠡᠨ ᠦ ᠬᠠᠷᠢᠴᠠᠭ᠎ᠠ ᠶᠢ ᠪᠡᠬᠢᠵᠢᠭᠦᠯᠦᠨ ᠬᠥᠭᠵᠢᠭᠦᠯᠵᠦ᠂ ᠡᠯ᠎ᠡ ᠦᠨᠳᠦᠰᠦᠲᠡᠨ ᠦ 《ᠬᠠᠮᠲᠤ ᠪᠡᠷ ᠪᠦᠯᠭᠦᠮᠳᠡᠨ ᠲᠡᠮᠡᠴᠡᠵᠦ᠂ ᠬᠠᠮᠲᠤ ᠪᠡᠷ ᠴᠡᠴᠡᠭᠯᠡᠨ ᠬᠥᠭᠵᠢᠬᠦ》 ᠶ᠋ᠢ ᠪᠡᠶᠡᠯᠡᠭᠦᠯᠦᠨ᠂ ᠥᠪᠡᠷᠲᠡᠭᠡᠨ ᠵᠠᠰᠠᠬᠤ ᠣᠷᠤᠨ ᠤ᠋ ᠠᠵᠤ ᠠᠬᠤᠢ᠂ ᠨᠡᠢᠭᠡᠮ ᠦ᠋ᠨ ᠬᠥᠭᠵᠢᠯᠲᠡ ᠳᠤ ᠴᠢᠬᠤᠯᠠ ᠦᠢᠯᠡᠳᠦᠯ ᠦᠵᠡᠭᠦᠯᠵᠡᠢ᠃ 

 

ᠭᠤᠷᠪᠠᠳᠤᠭᠠᠷ ᠪᠦᠯᠦᠭ  ᠱᠠᠩᠨᠠᠨ ᠬᠥᠬᠢᠭᠦᠯᠬᠦ ᠨᠥᠬᠦᠴᠡᠯ

 

ᠵᠢᠷᠭᠤᠳᠤᠭᠠᠷ ᠵᠦᠢᠯ  《ᠤᠯᠠᠭᠠᠨᠬᠦᠦ ᠶᠢᠨ ᠰᠠᠭᠤᠷᠢ ᠮᠥᠩᠭᠦᠨ ᠦ᠌ ᠮᠣᠩᠭᠤᠯ ᠦᠭᠡ ᠬᠡᠯᠡ ᠦᠰᠦᠭ ᠪᠢᠴᠢᠭ ᠦᠨ ᠱᠠᠩᠨᠠᠯ》 ᠢ᠋ ᠭᠣᠣᠯᠳᠠᠭᠤ ᠮᠣᠩᠭᠤᠯ ᠦᠭᠡ ᠬᠡᠯᠡ ᠦᠰᠦᠭ ᠪᠢᠴᠢᠭ  ᠢ ᠰᠤᠷᠴᠤ ᠂ ᠬᠡᠷᠡᠭᠯᠡᠬᠦ᠂ ᠰᠤᠳᠤᠯᠬᠤ ᠪᠣᠯᠤᠨ ᠬᠥᠭᠵᠢᠭᠦᠯᠬᠦ ᠠᠵᠢᠯ ᠤᠨ ᠳᠤᠮᠳᠠ ᠳᠣᠪᠤᠢᠮ᠎ᠠ ᠬᠤᠪᠢ ᠨᠡᠮᠡᠷᠢ ᠦᠵᠡᠭᠦᠯᠦᠭᠰᠡᠨ ᠲᠡᠷᠢᠭᠦᠨ ᠦ ᠬᠠᠮᠲᠤ ᠨᠢᠭᠡᠴᠢ ᠪᠣᠯᠤᠨ ᠬᠤᠪᠢ ᠬᠥᠮᠦᠨ ᠢ᠋ ᠱᠠᠩᠨᠠᠨ ᠬᠥᠬᠢᠭᠦᠯᠬᠦ ᠳ᠋ᠦ᠍ ᠬᠡᠷᠡᠭᠯᠡᠨ᠎ᠡ᠃ ᠭᠣᠣᠯᠳᠠᠭᠤ ᠳᠣᠣᠷᠠᠬᠢ ᠨᠥᠬᠦᠴᠡᠯ ᠢ᠋ ᠪᠠᠭᠲᠠᠭᠠᠨ᠎ᠠ᠃

 

(ᠨᠢᠭᠡ) ᠮᠣᠩᠭᠤᠯ ᠢ᠋ᠶ᠋ᠠᠷ ᠬᠢᠴᠢᠶᠡᠯᠯᠡᠵᠦ ᠪᠠᠢᠭ᠎ᠠ ᠦᠨᠳᠦᠰᠦᠲᠡᠨ ᠦ ᠰᠤᠷᠭᠠᠨ ᠬᠥᠮᠦᠵᠢᠯ᠂ ᠰᠣᠶᠤᠯ᠂ ᠮᠣᠩᠭᠤᠯ ᠬᠡᠯᠡᠨ ᠦ ᠷᠠᠳᠢᠣ᠋ ᠲᠧᠯᠸᠢᠰ᠂ ᠮᠣᠩᠭᠤᠯ ᠰᠣᠨᠢᠨ ᠰᠡᠳᠭᠦᠯ᠂ ᠮᠣᠩᠭᠤᠯ ᠨᠣᠮ ᠬᠡᠪᠯᠡᠯ ᠂ ᠮᠣᠩᠭᠤᠯ ᠣᠷᠴᠢᠭᠤᠯᠭ᠎ᠠ ᠶ᠋ᠢᠨ ᠠᠵᠢᠯ ᠳᠤ ᠳᠣᠪᠤᠢᠮ᠎ᠠ ᠦᠷ᠎ᠡ ᠪᠦᠲᠦᠮᠵᠢ ᠭᠠᠷᠭᠠᠭᠰᠠᠨ ᠬᠠᠮᠲᠤ ᠨᠢᠭᠡᠴᠢ ᠪᠣᠯᠤᠨ ᠬᠤᠪᠢ ᠬᠥᠮᠦᠨ᠃

 

(ᠬᠤᠶᠠᠷ) ᠮᠣᠩᠭᠤᠯ ᠦᠭᠡ ᠬᠡᠯᠡ ᠦᠰᠦᠭ ᠪᠢᠴᠢᠭ ᠢ ᠬᠡᠷᠡᠭᠯᠡᠨ ᠰᠤᠳᠤᠯᠭᠠᠨ ᠥᠷᠨᠢᠭᠦᠯᠵᠦ᠂ ᠮᠣᠩᠭᠤᠯ ᠬᠡᠯᠡ ᠰᠣᠶᠤᠯ ᠤ᠋ᠨ ᠥᠪ ᠬᠥᠷᠦᠩᠭᠡ ᠶ᠋ᠢ ᠬᠠᠮᠠᠭᠠᠯᠠᠨ ᠪᠠᠳᠠᠷᠠᠭᠤᠯᠬᠤ ᠲᠠᠯ᠎ᠠ ᠳᠤ ᠳᠣᠪᠤᠢᠮ᠎ᠠ ᠦᠷ᠎ᠡ ᠪᠦᠲᠦᠮᠵᠢ ᠭᠠᠷᠭᠠᠭᠰᠠᠨ ᠬᠠᠮᠲᠤ ᠨᠢᠭᠡᠴᠢ ᠪᠣᠯᠤᠨ ᠬᠤᠪᠢ ᠬᠥᠮᠦᠨ᠃

 

(ᠭᠤᠷᠪᠠ) ᠮᠣᠩᠭᠤᠯ ᠦᠭᠡ ᠬᠡᠯᠡ ᠦᠰᠦᠭ ᠪᠢᠴᠢᠭ ᠦ᠋ᠨ ᠬᠡᠷᠡᠭᠯᠡᠭᠡᠨ ᠦ ᠮᠡᠷᠭᠡᠵᠢᠯ ᠵᠡᠷᠭᠡ ᠶ᠋ᠢ ᠰᠤᠳᠤᠯᠵᠤ ᠠᠬᠢᠭᠤᠯᠬᠤ ᠲᠠᠯ᠎ᠠ ᠪᠠᠷ ᠳᠣᠪᠤᠢᠮ᠎ᠠ ᠬᠤᠪᠢ ᠨᠡᠮᠡᠷᠢ ᠦᠵᠡᠭᠦᠯᠵᠦ᠂ ᠨᠡᠯᠢᠶᠡᠳ ᠰᠠᠢᠨ ᠨᠡᠢᠭᠡᠮ ᠦ᠋ᠨ ᠦᠷ᠎ᠡ ᠠᠰᠢᠭ ᠪᠣᠯᠤᠨ ᠠᠵᠤ ᠠᠬᠤᠢ ᠶᠢᠨ ᠦᠷ᠎ᠡ ᠠᠰᠢᠭ ᠣᠯᠣᠭᠰᠠᠨ ᠬᠠᠮᠲᠤ ᠨᠢᠭᠡᠴᠢ ᠪᠣᠯᠤᠨ ᠬᠤᠪᠢ ᠬᠥᠮᠦᠨ᠃

 

(ᠳᠥᠷᠪᠡ) ᠮᠣᠩᠭᠤᠯ ᠦᠭᠡ ᠬᠡᠯᠡ ᠦᠰᠦᠭ ᠪᠢᠴᠢᠭ ᠢ ᠲᠦᠷᠦᠭᠦᠯᠡᠨ ᠰᠤᠷᠴᠤ ᠬᠡᠷᠡᠭᠯᠡᠵᠦ᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ ᠦᠨᠳᠦᠰᠦᠨ ᠬᠠᠤᠯᠢ》᠂ 《ᠦᠨᠳᠦᠰᠦᠲᠡᠨ ᠦ ᠣᠷᠤᠨ ᠤ᠋ ᠥᠪᠡᠷᠲᠡᠭᠡᠨ ᠵᠠᠰᠠᠬᠤ ᠬᠠᠤᠯᠢ》 ᠪᠣᠯᠤᠨ 《ᠮᠣᠩᠭᠤᠯ ᠦᠭᠡ ᠬᠡᠯᠡ ᠦᠰᠦᠭ ᠪᠢᠴᠢᠭ ᠦ᠋ᠨ ᠠᠵᠢᠯ ᠤ᠋ᠨ ᠳᠦᠷᠢᠮ》 ᠵᠡᠷᠭᠡ ᠬᠠᠮᠢᠶ᠎ᠠ ᠪᠦᠬᠦᠢ ᠬᠠᠤᠯᠢ ᠳᠦᠷᠢᠮ ᠢ ᠵᠢᠱ᠌ᠢᠶᠡᠴᠢ ᠪᠡᠷ ᠲᠤᠭᠤᠰᠢᠯᠠᠭᠤᠯᠤᠨ ᠬᠡᠷᠡᠭᠵᠢᠭᠦᠯᠵᠦ᠂ ᠮᠣᠩᠭᠤᠯ ᠬᠡᠯᠡ ᠪᠢᠴᠢᠭ ᠦᠨ ᠠᠵᠢᠯ ᠢ ᠬᠦᠨᠳᠦᠳᠭᠡᠨ᠂ ᠮᠣᠩᠭᠤᠯ ᠦᠭᠡ ᠬᠡᠯᠡ ᠦᠰᠦᠭ ᠪᠢᠴᠢᠭ  ᠢ ᠰᠤᠷᠬᠤ᠂ ᠬᠡᠷᠡᠭᠯᠡᠬᠦ᠂ ᠰᠤᠳᠤᠯᠬᠤ᠂ ᠤᠯᠠᠮᠵᠢᠯᠠᠬᠤ᠂ ᠳᠡᠯᠭᠡᠷᠡᠭᠦᠯᠬᠦ ᠪᠣᠯᠤᠨ ᠬᠥᠭᠵᠢᠭᠦᠯᠬᠦ ᠠᠵᠢᠯ ᠤᠨ ᠳᠤᠮᠳᠠ ᠳᠣᠪᠤᠢᠮ᠎ᠠ ᠬᠤᠪᠢ ᠨᠡᠮᠡᠷᠢ ᠦᠵᠡᠭᠦᠯᠦᠭᠰᠡᠨ ᠬᠠᠮᠲᠤ ᠨᠢᠭᠡᠴᠢ ᠪᠣᠯᠤᠨ ᠬᠤᠪᠢ ᠬᠥᠮᠦᠨ᠃

 

(ᠲᠠᠪᠤ) ᠤᠷᠲᠤ ᠬᠤᠭᠤᠴᠠᠭ᠎ᠠ ᠪᠠᠷ ᠬᠥᠳᠡᠭᠡ ᠲᠣᠰᠭᠤᠨ ᠮᠠᠯᠵᠢᠬᠤ ᠣᠷᠤᠨ ᠤ᠋ ᠮᠣᠩᠭᠤᠯ ᠦᠭᠡ ᠬᠡᠯᠡ ᠦᠰᠦᠭ ᠪᠢᠴᠢᠭ ᠦ᠋ᠨ ᠠᠵᠢᠯ ᠳᠤ ᠴᠢᠷᠮᠠᠢᠨ ᠵᠢᠳᠭᠦᠵᠦ᠂ ᠬᠥᠳᠡᠭᠡ ᠲᠣᠰᠭᠤᠨ ᠮᠠᠯᠵᠢᠬᠤ ᠣᠷᠤᠨ ᠳ᠋ᠤ᠌ ᠮᠣᠩᠭᠤᠯ ᠦᠭᠡ ᠬᠡᠯᠡ ᠦᠰᠦᠭ ᠪᠢᠴᠢᠭ  ᠢᠶᠡᠷ ᠬᠡᠷᠡᠭᠯᠡᠭᠡᠨ ᠦ ᠮᠡᠷᠭᠡᠵᠢᠯ ᠢ ᠳᠡᠯᠭᠡᠷᠡᠭᠦᠯᠦᠨ ᠲᠦᠭᠡᠮᠡᠯᠵᠢᠭᠦᠯᠵᠦ᠂ ᠮᠠᠯᠴᠢᠨ ᠲᠠᠷᠢᠶᠠᠴᠢᠨ ᠳᠤ ᠪᠣᠳᠠᠲᠠᠢ ᠠᠰᠢᠭ ᠬᠦᠷᠲᠡᠭᠡᠨ᠂ ᠮᠠᠯᠴᠢᠨ ᠲᠠᠷᠢᠶᠠᠴᠢᠨ ᠤ ᠦᠢᠯᠡᠳᠪᠦᠷᠢᠯᠡᠯ ᠠᠮᠢᠳᠤᠷᠠᠯ ᠤᠨ ᠲᠦᠪᠰᠢᠨ ᠢ ᠳᠡᠭᠡᠭᠰᠢᠯᠡᠭᠦᠯᠦᠭᠰᠡᠨ ᠲᠡᠷᠢᠭᠦᠨ ᠦ ᠬᠤᠪᠢ ᠬᠥᠮᠦᠨ᠃

 

(ᠵᠢᠷᠭᠤᠭ᠎ᠠ) ᠠᠳᠠᠯᠢ ᠨᠥᠬᠦᠴᠡᠯ ᠦ᠋ᠨ ᠳᠣᠣᠷ᠎ᠠ᠂ ᠬᠢᠲᠠᠳ ᠦᠨᠳᠦᠰᠦᠲᠡᠨ ᠪᠣᠯᠤᠨ ᠮᠣᠩᠭᠤᠯ ᠦᠨᠳᠦᠰᠦᠲᠡᠨ ᠡᠴᠡ ᠭᠠᠳᠠᠨᠠᠬᠢ ᠪᠤᠰᠤᠳ ᠴᠥᠭᠡᠨ ᠲᠣᠭᠠᠲᠤ ᠦᠨᠳᠦᠰᠦᠲᠡᠨ ᠦ ᠺᠠᠳ᠋ᠷ ᠤᠯᠠᠨ ᠲᠦᠮᠡᠨ  ᠢ ᠤᠷᠢᠳ ᠢᠶᠠᠷ ᠪᠣᠳᠤᠯᠬᠢᠯᠠᠵᠤ ᠱᠠᠩᠨᠠᠨ ᠬᠥᠬᠢᠭᠦᠯᠦᠨ᠎ᠡ᠃

 

ᠳᠥᠷᠪᠡᠳᠦᠭᠡᠷ ᠪᠦᠯᠦᠭ  ᠱᠠᠩᠨᠠᠯ ᠤᠨ ᠢᠷᠡᠯᠲᠡ

 

ᠳᠣᠯᠤᠳᠤᠭᠠᠷ ᠵᠦᠢᠯ 《ᠤᠯᠠᠭᠠᠨᠬᠦᠦ ᠶᠢᠨ ᠰᠠᠭᠤᠷᠢ ᠮᠥᠩᠭᠦᠨ ᠦ᠌ ᠮᠣᠩᠭᠤᠯ  ᠦᠭᠡ  ᠬᠡᠯᠡ  ᠦᠰᠦᠭ ᠪᠢᠴᠢᠭ  ᠤ᠋ᠨ ᠱᠠᠩᠨᠠᠯ》 ᠤ᠋ᠨ ᠱᠠᠩᠨᠠᠯ  ᠤ᠋ᠨ ᠮᠥᠩᠭᠦ ᠶ᠋ᠢ ᠤᠯᠠᠭᠠᠨᠬᠦᠦ ᠶᠢᠨ ᠰᠠᠭᠤᠷᠢ ᠮᠥᠩᠭᠦᠨ ᠦ᠌ ᠨᠡᠢᠭᠡᠮᠯᠢᠭ ᠦ᠋ᠨ ᠠᠰᠢᠭ ᠣᠷᠤᠯᠭ᠎ᠠ ᠠ᠋ᠴᠠ ᠭᠠᠷᠭᠠᠵᠤ᠂ ᠬᠤᠶᠠᠷ  ᠵᠢᠯ ᠳᠦ  ᠨᠢᠭᠡ  ᠤᠳᠠᠭ᠎ᠠ ᠱᠠᠩᠨᠠᠨ᠂ ᠤᠳᠠᠭ᠎ᠠ  ᠪᠤᠯᠠᠭᠠᠨ ᠤ᠋ ᠱᠠᠩᠨᠠᠯ ᠤᠨ ᠮᠥᠩᠭᠦ ᠨᠢ 100  ᠲᠦᠮᠡᠨ ᠲᠥᠭᠦᠷᠢᠭ᠃ ᠡᠭᠦᠨ ᠦ ᠳᠣᠲᠤᠷ᠎ᠠ᠂ ᠬᠠᠮᠲᠤ ᠨᠡᠢᠲᠡ ᠶ᠋ᠢᠨ ᠱᠠᠩᠨᠠᠯ 5 ᠨᠡᠷᠡᠰ᠂ ᠲᠤᠰ ᠪᠦᠷᠢ 10 ᠲᠦᠮᠡᠨ ᠲᠥᠭᠦᠷᠢᠭ ᠢ᠋ᠶ᠋ᠡᠷ ᠱᠠᠩᠨᠠᠵᠤ᠂ ᠱᠠᠩᠨᠠᠯ ᠤᠨ ᠫᠠᠢᠰᠠ ᠲᠠᠢ ᠬᠠᠮᠲᠤ ᠣᠯᠭᠤᠨ᠎ᠠ᠃ ᠬᠤᠪᠢ ᠬᠥᠮᠦᠨ ᠦ᠌ ᠱᠠᠩᠨᠠᠯ 10 ᠨᠡᠷᠡᠰ᠂ ᠲᠤᠰ ᠪᠦᠷᠢ 5 ᠲᠦᠮᠡᠨ ᠲᠥᠭᠦᠷᠢᠭ ᠪᠠᠢᠵᠤ᠂ ᠢᠷᠠᠭᠤ ᠠᠯᠳᠠᠷ ᠤᠨ ᠦᠨᠡᠮᠯᠡᠯ ᠲᠠᠢ ᠬᠠᠮᠲᠤ ᠣᠯᠭᠤᠨ᠎ᠠ᠃

 

ᠲᠠᠪᠤᠳᠤᠭᠠᠷ ᠪᠦᠯᠦᠭ  ᠵᠣᠬᠢᠶᠠᠨ ᠪᠠᠢᠭᠤᠯᠵᠤ ᠬᠡᠷᠡᠭᠵᠢᠭᠦᠯᠬᠦ ᠪᠠ ᠰᠣᠩᠭᠤᠨ ᠰᠢᠯᠭᠠᠷᠠᠭᠤᠯᠬᠤ ᠲᠡᠰ ᠳᠠᠷᠠᠭ᠎ᠠ

 

ᠨᠠᠢ᠍ᠮᠠᠳᠤᠭᠠᠷ ᠵᠦᠢᠯ  ᠱᠠᠩᠨᠠᠯ ᠰᠢᠯᠭᠠᠷᠠᠭᠤᠯᠬᠤ ᠤᠳᠤᠷᠢᠳᠬᠤ ᠪᠠᠢᠭᠤᠯᠤᠮᠵᠢ ᠪᠣᠯᠤᠨ ᠰᠣᠩᠭᠤᠨ ᠰᠢᠯᠭᠠᠷᠠᠭᠤᠯᠬᠤ ᠠᠵᠢᠯ ᠤᠨ ᠪᠠᠢᠭᠤᠯᠤᠮᠵᠢ ᠶ᠋ᠢ ᠪᠠᠢᠭᠤᠯᠤᠨ᠎ᠠ᠃ 《ᠤᠯᠠᠭᠠᠨᠬᠦᠦ ᠶᠢᠨ ᠰᠠᠭᠤᠷᠢ ᠮᠥᠩᠭᠦᠨ ᠦ᠌ ᠮᠣᠩᠭᠤᠯ ᠦᠭᠡ ᠬᠡᠯᠡ ᠦᠰᠦᠭ ᠪᠢᠴᠢᠭ ᠦᠨ ᠱᠠᠩᠨᠠᠯ》 ᠢ᠋ ᠰᠢᠯᠭᠠᠷᠠᠭᠤᠯᠬᠤ ᠤᠳᠤᠷᠢᠳᠬᠤ ᠳᠤᠭᠤᠢᠯᠠᠩ ᠢ᠋ ᠪᠠᠢᠭᠤᠯᠵᠤ᠂ ᠥᠪᠡᠷᠲᠡᠭᠡᠨ ᠵᠠᠰᠠᠬᠤ ᠣᠷᠤᠨ ᠤ᠋ ᠠᠷᠠᠳ ᠤᠨ ᠵᠠᠰᠠᠭ ᠤᠨ ᠣᠷᠳᠤᠨ ᠤ᠋ ᠬᠤᠪᠢᠳᠠᠨ ᠬᠠᠮᠢᠶᠠᠷᠴᠤ ᠪᠠᠢᠭ᠎ᠠ ᠳᠡᠳ᠋ ᠲᠡᠷᠢᠭᠦᠯᠡᠭᠴᠢ ᠡᠴᠡ ᠳᠤᠭᠤᠢᠯᠠᠩ ᠤ᠋ᠨ ᠳᠠᠷᠤᠭ᠎ᠠ ᠶᠢ ᠡᠭᠦᠷᠭᠡᠯᠡᠵᠦ᠂ ᠥᠪᠡᠷᠲᠡᠭᠡᠨ ᠵᠠᠰᠠᠬᠤ ᠣᠷᠤᠨ ᠤ᠋ ᠠᠷᠠᠳ ᠤᠨ ᠵᠠᠰᠠᠭ ᠤᠨ ᠣᠷᠳᠤᠨ ᠤ᠋ ᠬᠤᠪᠢᠳᠠᠨ ᠬᠠᠮᠢᠶᠠᠷᠴᠤ ᠪᠠᠢᠭ᠎ᠠ ᠳᠡᠳ᠋ ᠨᠠᠷᠢᠨ ᠪᠢᠴᠢᠭ ᠦᠨ ᠳᠠᠷᠤᠭ᠎ᠠ ᠠᠴᠠ ᠳᠡᠳ᠋ ᠳᠤᠭᠤᠢᠯᠠᠩ ᠤ᠋ᠨ ᠳᠠᠷᠤᠭ᠎ᠠ ᠶᠢ ᠡᠭᠦᠷᠭᠡᠯᠡᠨ᠎ᠡ᠃ ᠡᠭᠦᠨ ᠡᠴᠡ ᠭᠠᠳᠠᠨ᠎ᠠ᠂ ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ ᠬᠡᠷᠡᠭ ᠡᠷᠬᠢᠯᠡᠬᠦ ᠵᠥᠪᠯᠡᠯ᠂ ᠤᠯᠠᠭᠠᠨᠬᠦᠦ ᠶᠢᠨ ᠰᠠᠭᠤᠷᠢ ᠮᠥᠩᠭᠦᠨ ᠦ᠌ ᠨᠡᠢᠭᠡᠮᠯᠢᠭ ᠢ᠋ ᠬᠠᠷᠢᠭᠤᠴᠠᠵᠤ ᠪᠠᠢᠭ᠎ᠠ ᠨᠦᠭᠦᠳ ᠡᠴᠡ ᠲᠤᠰ ᠪᠦᠷᠢ ᠳᠡᠳ᠋ ᠳᠤᠭᠤᠢᠯᠠᠩ ᠤ᠋ᠨ ᠳᠠᠷᠤᠭ᠎ᠠ ᠪᠣᠯᠤᠨ ᠭᠡᠰᠢᠭᠦᠨ ᠢ᠋ ᠡᠭᠦᠷᠭᠡᠯᠡᠵᠦ᠂ ᠡᠨᠡ ᠬᠦ ᠤᠳᠤᠷᠢᠳᠬᠤ ᠳᠤᠭᠤᠢᠯᠠᠩ ᠨᠢ 《ᠤᠯᠠᠭᠠᠨᠬᠦᠦ ᠶᠢᠨ ᠰᠠᠭᠤᠷᠢ ᠮᠥᠩᠭᠦᠨ ᠦ᠌ ᠮᠣᠩᠭᠤᠯ ᠦᠭᠡ ᠬᠡᠯᠡ ᠦᠰᠦᠭ ᠪᠢᠴᠢᠭ ᠦᠨ ᠱᠠᠩᠨᠠᠯ》 ᠤ᠋ᠨ ᠬᠠᠮᠤᠭ ᠳᠡᠭᠡᠳᠦ ᠤᠳᠤᠷᠢᠳᠬᠤ ᠪᠠᠢᠭᠤᠯᠤᠮᠵᠢ ᠪᠣᠯᠤᠨ᠎ᠠ᠃

 

 ᠱᠠᠩᠨᠠᠯ ᠰᠢᠯᠭᠠᠷᠠᠭᠤᠯᠬᠤ ᠤᠳᠤᠷᠢᠳᠬᠤ ᠳᠤᠭᠤᠢᠯᠠᠩ ᠤ᠋ᠨ ᠳᠣᠣᠷ᠎ᠠ ᠠᠯᠪᠠᠨ ᠭᠡᠷ ᠢ ᠲᠣᠬᠢᠷᠠᠭᠤᠯᠵᠤ᠂ ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ ᠬᠡᠷᠡᠭ ᠡᠷᠬᠢᠯᠡᠬᠦ ᠵᠥᠪᠯᠡᠯ ᠳ᠋ᠦ᠍ ᠠᠯᠪᠠᠨ ᠭᠡᠷ ᠢ ᠪᠠᠢᠭᠤᠯᠤᠨ᠂ ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ ᠬᠡᠷᠡᠭ ᠡᠷᠬᠢᠯᠡᠬᠦ ᠵᠥᠪᠯᠡᠯ ᠦ᠋ᠨ ᠡᠷᠬᠢᠯᠡᠭᠴᠢ ᠡᠴᠡ ᠠᠯᠪᠠᠨ ᠭᠡᠷ ᠦᠨ ᠡᠷᠬᠢᠯᠡᠭᠴᠢ ᠶᠢᠨ ᠲᠤᠰᠢᠶᠠᠯ ᠢ ᠬᠠᠷᠢᠭᠤᠴᠠᠨ᠎ᠠ᠃ ᠤᠳᠤᠷᠢᠳᠬᠤ ᠳᠤᠭᠤᠢᠯᠠᠩ ᠤ᠋ᠨ ᠠᠯᠪᠠᠨ ᠭᠡᠷ ᠡᠴᠡ ᠰᠣᠩᠭᠤᠨ ᠰᠢᠯᠭᠠᠷᠠᠭᠤᠯᠬᠤ ᠪᠠ ᠱᠠᠩᠨᠠᠬᠤ ᠠᠵᠢᠯ ᠢ ᠵᠣᠬᠢᠶᠠᠨ ᠪᠠᠢᠭᠤᠯᠵᠤ ᠬᠡᠷᠡᠭᠵᠢᠭᠦᠯᠬᠦ ᠠᠵᠢᠯ ᠢ ᠬᠠᠷᠢᠭᠤᠴᠠᠨ᠎ᠠ᠃

 

ᠶᠢᠰᠦᠳᠦᠭᠡᠷ ᠵᠦᠢᠯ  ᠡᠯ᠎ᠡ ᠠᠢᠮᠠᠭ ᠬᠣᠲᠠ ᠶ᠋ᠢᠨ ᠦᠨᠳᠦᠰᠦᠲᠡᠨ ᠦ ᠲᠣᠪᠴᠢᠶ᠎ᠠ (ᠦᠨᠳᠦᠰᠦᠲᠡᠨ ᠦ ᠵᠥᠪᠯᠡᠯ) ᠪᠣᠯᠤᠨ ᠥᠪᠡᠷᠲᠡᠭᠡᠨ ᠵᠠᠰᠠᠬᠤ ᠣᠷᠤᠨ ᠤ᠋ ᠰᠢᠭᠤᠳ ᠬᠠᠷᠢᠶ᠎ᠠ ᠪᠠᠢᠭᠤᠯᠭ᠎ᠠ ᠶ᠋ᠢᠨ ᠬᠣᠯᠪᠤᠭᠳᠠᠯ ᠪᠦᠬᠦᠢ ᠰᠠᠯᠠᠭ᠎ᠠ ᠮᠥᠴᠢᠷ ᠡᠴᠡ 《ᠤᠯᠠᠭᠠᠨᠬᠦᠦ ᠶᠢᠨ ᠰᠠᠭᠤᠷᠢ ᠮᠥᠩᠭᠦᠨ ᠦ᠌ ᠮᠣᠩᠭᠤᠯ ᠦᠭᠡ ᠬᠡᠯᠡ ᠦᠰᠦᠭ ᠪᠢᠴᠢᠭ ᠦᠨ ᠱᠠᠩᠨᠠᠯ》 ᠤ᠋ᠨ ᠬᠠᠮᠲᠤ ᠨᠢᠭᠡᠴᠢ ᠪᠣᠯᠤᠨ ᠬᠤᠪᠢ ᠬᠥᠮᠦᠨ ᠦ᠌ ᠵᠢᠱ᠌ᠢᠭᠳᠡᠭᠰᠡᠳ ᠢ᠋ ᠲᠠᠨᠢᠯᠴᠠᠭᠤᠯᠬᠤ ᠪᠠ ᠮᠡᠳᠡᠭᠦᠯᠬᠦ ᠠᠵᠢᠯ ᠢ ᠬᠠᠷᠢᠭᠤᠴᠠᠨ᠎ᠠ᠃

 

(ᠨᠢᠭᠡ) ᠡᠯ᠎ᠡ ᠠᠢᠮᠠᠭ ᠬᠣᠲᠠ ᠬᠤᠪᠢᠳᠠᠨ ᠬᠠᠮᠢᠶᠠᠷᠬᠤ ᠠᠢᠮᠠᠭ ᠬᠣᠲᠠ ᠶ᠋ᠢᠨ ᠳᠠᠷᠤᠭ᠎ᠠ ᠨᠢ ᠰᠣᠩᠭᠤᠨ ᠰᠢᠯᠭᠠᠷᠠᠭᠤᠯᠬᠤ ᠤᠳᠤᠷᠢᠳᠬᠤ ᠳᠤᠭᠤᠢᠯᠠᠩ ᠤ᠋ᠨ ᠳᠠᠷᠤᠭ᠎ᠠ ᠶᠢᠨ ᠲᠤᠰᠢᠶᠠᠯ ᠢ ᠬᠠᠷᠢᠭᠤᠴᠠᠨ᠂ ᠥᠪᠡᠷᠲᠡᠭᠡᠨ ᠵᠠᠰᠠᠬᠤ ᠣᠷᠤᠨ ᠤ᠋ ᠰᠣᠩᠭᠤᠨ ᠰᠢᠯᠭᠠᠷᠠᠭᠤᠯᠬᠤ ᠤᠳᠤᠷᠢᠳᠬᠤ ᠳᠤᠭᠤᠢᠯᠠᠩ ᠤ᠋ᠨ ᠱᠠᠭᠠᠷᠳᠠᠯᠭ᠎ᠠ ᠶᠢ ᠦᠨᠳᠦᠰᠦᠯᠡᠨ᠂ ᠬᠠᠮᠲᠤ ᠨᠢᠭᠡᠴᠢ ᠪᠣᠯᠤᠨ ᠬᠤᠪᠢ ᠬᠥᠮᠦᠨ ᠦ᠌ ᠵᠢᠱ᠌ᠢᠭᠳᠡᠭᠴᠢ ᠶ᠋ᠢ ᠲᠠᠨᠢᠯᠴᠠᠭᠤᠯᠤᠨ᠎ᠠ᠃

 

(ᠬᠤᠶᠠᠷ) ᠡᠯ᠎ᠡ ᠠᠢᠮᠠᠭ ᠬᠣᠲᠠ ᠪᠣᠯᠤᠨ ᠥᠪᠡᠷᠲᠡᠭᠡᠨ ᠵᠠᠰᠠᠬᠤ ᠣᠷᠤᠨ ᠤ᠋ ᠰᠢᠭᠤᠳ ᠬᠠᠷᠢᠶ᠎ᠠ ᠪᠠᠢᠭᠤᠯᠭ᠎ᠠ ᠶ᠋ᠢᠨ ᠬᠣᠯᠪᠤᠭᠳᠠᠯ ᠪᠦᠬᠦᠢ ᠰᠠᠯᠠᠭ᠎ᠠ ᠮᠥᠴᠢᠷ ᠡᠴᠡ ᠲᠠᠨᠢᠯᠴᠠᠭᠤᠯᠤᠭᠰᠠᠨ ᠱᠠᠩᠨᠠᠯ ᠬᠦᠷᠲᠡᠬᠦ ᠬᠠᠮᠲᠤ ᠨᠢᠭᠡᠴᠢ ᠪᠣᠯᠤᠨ ᠬᠤᠪᠢ ᠬᠥᠮᠦᠨ ᠦ᠌ ᠵᠢᠱ᠌ᠢᠭᠳᠡᠭᠴᠢ ᠶ᠋ᠢ ᠤᠯᠠᠨ ᠲᠦᠮᠡᠨ ᠦ ᠦᠨᠡᠯᠡᠯᠲᠡ᠂ ᠬᠠᠮᠢᠶ᠎ᠠ ᠪᠦᠬᠦᠢ ᠬᠤᠷᠠᠯ ᠪᠣᠯᠤᠨ ᠲᠤᠰᠭᠠᠢ ᠮᠡᠷᠭᠡᠵᠢᠯᠲᠡᠨ ᠦ ᠬᠢᠨᠠᠨ ᠲᠣᠭᠲᠠᠭᠠᠯᠲᠠ ᠪᠠᠷ ᠳᠠᠮᠵᠢᠨ᠂ ᠰᠣᠩᠭᠤᠨ ᠰᠢᠯᠭᠠᠷᠠᠭᠤᠯᠬᠤ ᠵᠣᠬᠢᠶᠠᠨ ᠪᠠᠢᠭᠤᠯᠤᠯᠲᠠ ᠠ᠋ᠴᠠ ᠬᠢᠨᠠᠨ ᠬᠠᠷᠭᠤᠭᠤᠯᠤᠭᠰᠠᠨ ᠤ ᠳᠠᠷᠠᠭ᠎ᠠ ᠥᠪᠡᠷᠲᠡᠭᠡᠨ ᠵᠠᠰᠠᠬᠤ ᠣᠷᠤᠨ ᠤ᠋ ᠱᠠᠩᠨᠠᠯ ᠰᠢᠯᠭᠠᠷᠠᠭᠤᠯᠬᠤ ᠤᠳᠤᠷᠢᠳᠬᠤ ᠳᠤᠭᠤᠢᠯᠠᠩ ᠤ᠋ᠨ ᠠᠯᠪᠠᠨ ᠭᠡᠷ ᠲᠦ᠍ ᠮᠡᠳᠡᠭᠦᠯᠦᠨ᠎ᠡ᠃

 

(ᠭᠤᠷᠪᠠ) ᠥᠪᠡᠷᠲᠡᠭᠡᠨ ᠵᠠᠰᠠᠬᠤ ᠣᠷᠤᠨ ᠤ᠋ ᠱᠠᠩᠨᠠᠯ ᠰᠢᠯᠭᠠᠷᠠᠭᠤᠯᠬᠤ ᠤᠳᠤᠷᠢᠳᠬᠤ ᠳᠤᠭᠤᠢᠯᠠᠩ ᠤ᠋ᠨ ᠠᠯᠪᠠᠨ ᠭᠡᠷ ᠡᠯ᠎ᠡ ᠠᠢᠮᠠᠭ ᠬᠣᠲᠠ᠂ ᠡᠯ᠎ᠡ ᠪᠠᠢᠭᠤᠯᠭ᠎ᠠ ᠶ᠋ᠢᠨ ᠮᠡᠳᠡᠭᠦᠯᠦᠭᠰᠡᠨ ᠬᠠᠮᠲᠤ ᠨᠢᠭᠡᠴᠢ ᠪᠣᠯᠤᠨ ᠬᠤᠪᠢ ᠬᠥᠮᠦᠨ ᠦ᠌ ᠵᠢᠱ᠌ᠢᠭᠳᠡᠭᠴᠢ ᠶ᠋ᠢᠨ ᠮᠠᠲ᠋ᠧᠷᠢᠶᠠᠯ  ᠢ ᠡᠮᠬᠢᠳᠭᠡᠨ ᠲᠢᠭᠯᠡᠵᠦ᠂ ᠮᠡᠳᠡᠭᠦᠯᠦᠭᠰᠡᠨ ᠮᠠᠲ᠋ᠧᠷᠢᠶᠠᠯ ᠪᠣᠯᠤᠨ ᠤᠯᠠᠨ ᠲᠦᠮᠡᠨ ᠦ ᠲᠠᠨᠢᠯᠴᠠᠭᠤᠯᠤᠭᠰᠠᠨ ᠪᠠᠢᠳᠠᠯ ᠳ᠋ᠤ᠌ ᠶᠡᠷᠦᠩᠬᠡᠢ ᠦᠨᠡᠯᠡᠯᠲᠡ ᠥᠭᠭᠦᠭᠰᠡᠨ ᠪᠠᠢᠳᠠᠯ ᠢ᠋ ᠦᠨᠳᠦᠰᠦᠯᠡᠨ᠂ ᠬᠠᠮᠢᠶ᠎ᠠ ᠪᠦᠬᠦᠢ ᠰᠠᠯᠠᠭ᠎ᠠ ᠮᠥᠴᠢᠷ ᠦ᠋ᠨ ᠬᠥᠮᠦᠰ ᠪᠣᠯᠤᠨ ᠲᠤᠰᠭᠠᠢ ᠮᠡᠷᠭᠡᠵᠢᠯᠲᠡᠨ ᠢ ᠵᠣᠬᠢᠶᠠᠨ ᠪᠠᠢᠭᠤᠯᠤᠨ ᠬᠢᠨᠠᠨ ᠬᠠᠷᠭᠤᠭᠤᠯᠤᠯᠲᠠ ᠬᠢᠭᠰᠡᠨ ᠦ ᠳᠠᠷᠠᠭ᠎ᠠ᠂ ᠱᠠᠩᠨᠠᠯ ᠬᠦᠷᠲᠡᠬᠦ ᠬᠠᠮᠲᠤ ᠨᠢᠭᠡᠴᠢ ᠪᠣᠯᠤᠨ ᠬᠤᠪᠢ ᠬᠥᠮᠦᠨ ᠦ᠌ ᠠᠩᠬᠠᠨ ᠤ ᠵᠢᠱ᠌ᠢᠭᠳᠡᠭᠴᠢ ᠶ᠋ᠢᠨ ᠨᠡᠷᠡᠰ ᠢ ᠭᠠᠷᠭᠠᠨ᠂ ᠥᠪᠡᠷᠲᠡᠭᠡᠨ ᠵᠠᠰᠠᠬᠤ ᠣᠷᠤᠨ ᠤ᠋ ᠱᠠᠩᠨᠠᠯ ᠰᠢᠯᠭᠠᠷᠠᠭᠤᠯᠬᠤ ᠤᠳᠤᠷᠢᠳᠬᠤ ᠳᠤᠭᠤᠢᠯᠠᠩ ᠳᠤ ᠮᠡᠳᠡᠭᠦᠯᠦᠨ ᠬᠢᠨᠠᠨ ᠲᠣᠭᠲᠠᠭᠠᠯᠲᠠ ᠬᠢᠯᠭᠡᠨ᠎ᠡ᠃

 

(ᠳᠥᠷᠪᠡ) ᠥᠪᠡᠷᠲᠡᠭᠡᠨ ᠵᠠᠰᠠᠬᠤ ᠣᠷᠤᠨ ᠤ᠋ ᠱᠠᠩᠨᠠᠯ ᠰᠢᠯᠭᠠᠷᠠᠭᠤᠯᠬᠤ ᠤᠳᠤᠷᠢᠳᠬᠤ ᠳᠤᠭᠤᠢᠯᠠᠩ  ᠡᠴᠡ ᠲᠤᠰᠭᠠᠢ ᠬᠤᠷᠠᠯ ᠬᠤᠷᠠᠯᠳᠤᠭᠤᠯᠵᠤ᠂ ᠠᠩᠬᠠᠨ ᠤ ᠵᠢᠱ᠌ᠢᠭᠳᠡᠭᠴᠢ ᠶ᠋ᠢᠨ ᠨᠡᠷᠡᠰ ᠪᠣᠯᠤᠨ ᠦᠢᠯᠡ ᠠᠵᠢᠯᠯᠠᠭ᠎ᠠ ᠶᠢᠨ ᠮᠠᠲ᠋ᠧᠷᠢᠶᠠᠯ ᠳ᠋ᠤ᠌ ᠬᠢᠨᠠᠨ ᠬᠠᠷᠭᠤᠭᠤᠯᠤᠯᠲᠠ ᠬᠢᠭᠰᠡᠨ ᠦ ᠳᠠᠷᠠᠭ᠎ᠠ᠂ ᠬᠠᠮᠤᠭ ᠡᠴᠦᠰ ᠦᠨ ᠱᠠᠩᠨᠠᠯ ᠬᠦᠷᠲᠡᠬᠦ ᠬᠠᠮᠲᠤ ᠨᠢᠭᠡᠴᠢ ᠪᠣᠯᠤᠨ ᠬᠤᠪᠢ ᠬᠥᠮᠦᠨ ᠢ᠋ ᠲᠣᠭᠲᠠᠭᠠᠵᠤ᠂ ᠥᠪᠡᠷᠲᠡᠭᠡᠨ ᠵᠠᠰᠠᠬᠤ ᠣᠷᠤᠨ ᠤ᠋ ᠵᠢᠯ ᠪᠦᠷᠢ ᠬᠤᠷᠠᠯᠳᠤᠭᠤᠯᠵᠤ ᠪᠠᠢᠭ᠎ᠠ ᠦᠨᠳᠦᠰᠦᠲᠡᠨ ᠱᠠᠰᠢᠨ ᠰᠤᠷᠲᠠᠬᠤᠨ ᠮᠣᠩᠭᠤᠯ ᠬᠡᠯᠡ ᠪᠢᠴᠢᠭ ᠦᠨ ᠠᠵᠢᠯ  ᠤᠨ ᠬᠤᠷᠠᠯ ᠳᠡᠭᠡᠷ᠎ᠡ ᠱᠠᠩᠨᠠᠨ ᠬᠥᠬᠢᠭᠦᠯᠦᠨ᠎ᠡ᠃

 

ᠠᠷᠪᠠᠳᠤᠭᠠᠷ ᠵᠦᠢᠯ  ᠲᠤᠰ ᠠᠷᠭ᠎ᠠ ᠶᠢ ᠱᠠᠩᠨᠠᠯ ᠰᠢᠯᠭᠠᠷᠠᠭᠤᠯᠬᠤ ᠤᠳᠤᠷᠢᠳᠬᠤ ᠳᠤᠭᠤᠢᠯᠠᠩ  ᠤᠨ ᠠᠯᠪᠠᠨ ᠭᠡᠷ ᠡᠴᠡ ᠬᠠᠷᠢᠭᠤᠴᠠᠨ ᠲᠠᠢᠯᠪᠤᠷᠢᠯᠠᠵᠤ᠂ 2008 ᠣᠨ ᠠᠴᠠ ᠡᠬᠢᠯᠡᠨ ᠬᠡᠷᠡᠭᠵᠢᠭᠦᠯᠦᠨ᠎ᠡ᠃

 

ᠡᠬᠡ ᠪᠢᠴᠢᠭ ᠬᠠᠩᠭᠠᠭᠴᠢ᠄ ᠠᠯᠲᠠᠨ᠌ᠣ᠋ᠳᠣ

ᠬᠢᠨᠠᠨ ᠬᠠᠷᠭᠤᠭᠤᠯᠤᠭᠴᠢ᠄  ᠲᠥᠷᠦᠴᠢᠨ

ᠬᠠᠷᠢᠭᠤᠴᠠᠭᠰᠠᠨ ᠨᠠᠢᠷᠠᠭᠤᠯᠤᠭᠴᠢ᠄ ᠯᠢᠶᠠᠩ ᠬᠠᠢ ᠢᠦᠢ

 

 

 

 

 

ᠸᠢᠴᠠᠲ ᠲᠤ ᠪᠠᠨ ᠬᠤᠪᠢᠶᠠᠯᠴᠠᠬᠤ