ᠣᠷᠳᠤᠰ ᠬᠣᠲᠠ ᠶ᠋ᠢᠨ ᠡᠵᠡᠨ ᠬᠣᠷᠤᠭ᠎ᠠ ᠬᠣᠱᠢᠭᠤ ᠮᠣᠩᠭᠤᠯ ᠬᠡᠯᠡ ᠪᠢᠴᠢᠭ ᠦ᠋ᠨ ᠠᠵᠢᠯ ᠢ᠋ ᠡᠷᠴᠢᠮᠵᠢᠭᠦᠯᠵᠦ ᠪᠠᠢᠨ᠎ᠠ
ᠢᠷᠡᠯᠲᠡ᠄ ᠣᠷᠳᠤᠰ ᠬᠤᠳᠠ ᠶ᠋ᠢᠨ ᠦᠨᠳᠤᠰᠤᠳᠡᠨ ᠦ᠌ ᠬᠡᠷᠡᠭ ᠡᠷᠬᠢᠯᠡᠬᠦ ᠵᠥᠪᠯᠡᠯ
2018.10.19

 

ᠣᠢᠷ᠎ᠠ ᠶ᠋ᠢᠨ ᠵᠢᠯ ᠳ᠋ᠦ᠍ ᠡᠵᠡᠨ ᠬᠣᠷᠤᠭ᠎ᠠ ᠬᠣᠱᠢᠭᠤ ᠮᠣᠩᠭᠤᠯ ᠬᠡᠯᠡ ᠪᠢᠴᠢᠭ ᠦ᠋ᠨ ᠠᠵᠢᠯ ᠢ᠋ ᠬᠦᠨᠳᠦᠳᠬᠡᠨ ᠴᠢᠬᠤᠯᠠᠴᠢᠯᠠᠵᠤ᠂《ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ᠌ ᠪᠦᠯᠬᠦᠮᠳᠡᠯ ᠳᠠᠪᠱᠢᠯᠲᠠ ᠶ᠋ᠢᠨ ᠵᠢᠱ᠌ᠢᠶ᠎ᠡ ᠦᠵᠡᠭᠦᠯᠬᠦ ᠬᠣᠱᠢᠭᠤ》ᠶ᠋ᠢᠨ ᠦᠷ᠎ᠡ ᠪᠦᠲᠦᠮᠵᠢ ᠪᠡᠨ ᠤᠯᠠᠮ ᠪᠡᠬᠢᠵᠢᠭᠦᠯᠬᠦ ᠪᠡᠷ ᠱᠢᠪᠲᠤᠯᠤᠯᠲᠠ ᠪᠣᠯᠭᠠᠵᠤ᠂《ᠪᠦᠬᠦ ᠤᠯᠤᠰ ᠤ᠋ᠨ ᠦᠨᠳᠦᠰᠦᠲᠡᠨ ᠦ᠌ ᠪᠦᠯᠬᠦᠮᠳᠡᠯ ᠳᠠᠪᠱᠢᠯᠲᠠ ᠶ᠋ᠢᠨ ᠵᠢᠱ᠌ᠢᠶ᠎ᠡ ᠦᠵᠡᠭᠦᠯᠬᠦ ᠬᠣᠱᠢᠭᠤ ᠶ᠋ᠢ ᠡᠭᠦᠳᠬᠦ》ᠲᠣᠬᠢᠶᠠᠯ ᠢ᠋ ᠠᠳᠭᠤᠵᠤ᠂ ᠮᠣᠩᠭᠤᠯ ᠬᠡᠯᠡ ᠪᠢᠴᠢᠭ ᠦ᠋ᠨ ᠠᠵᠢᠯ ᠢ᠋ ᠣᠯᠠᠨ ᠱᠠᠲᠤ ᠳᠠᠪᠬᠤᠷᠭ᠎ᠠ ᠪᠠᠷ ᠠᠬᠢᠭᠤᠯᠵᠤ᠂ ᠱᠢᠨ᠎ᠡ ᠨᠢᠭᠡᠨ ᠳᠡᠭᠲᠡᠷ ᠲᠦ᠍ ᠭᠠᠷᠭᠠᠵᠠᠢ᠃

ᠮᠣᠩᠭᠤᠯ ᠬᠡᠯᠡ ᠪᠢᠴᠢᠭ ᠦ᠋ᠨ ᠲᠤᠬᠠᠢ ᠲᠥᠷᠦ ᠶ᠋ᠢᠨ ᠪᠣᠳᠤᠯᠭ᠎ᠠ ᠳᠦᠷᠢᠮ ᠲᠣᠭᠲᠠᠭᠠᠯ ᠢ᠋ ᠤᠬᠠᠭᠤᠯᠪᠠ᠃ 2018 ᠣᠨ ᠳ᠋ᠤ᠌《ᠡᠵᠡᠨ ᠬᠣᠷᠤᠭ᠎ᠠ ᠬᠣᠱᠢᠭᠤᠨ ᠤ᠋ ᠨᠡᠢᠭᠡᠮ ᠦ᠋ᠨ ᠭᠠᠳᠠᠷ ᠬᠡᠷᠡᠭᠯᠡᠭᠡᠨ ᠳ᠋ᠦ᠍ ᠮᠣᠩᠭᠤᠯ ᠬᠢᠲᠠᠳ ᠬᠣᠶᠠᠷ ᠲᠥᠷᠦᠯ ᠦ᠋ᠨ ᠦᠰᠦᠭ ᠪᠢᠴᠢᠭ ᠢ᠋ ᠵᠡᠷᠭᠡ ᠪᠡᠷ ᠬᠡᠷᠡᠭᠯᠡᠬᠦ ᠠᠵᠢᠯ ᠤ᠋ᠨ ᠬᠡᠷᠡᠭᠵᠢᠭᠦᠯᠬᠦ ᠲᠥᠰᠦᠯ》ᠢ᠋ ᠬᠡᠪᠯᠡᠭᠦᠯᠦᠨ ᠲᠠᠷᠬᠠᠭᠠᠵᠤ᠂《ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ᠌ ᠪᠦᠯᠬᠦᠮᠳᠡᠯ ᠳᠠᠪᠱᠢᠯᠲᠠ ᠶ᠋ᠢᠨ ᠵᠢᠱ᠌ᠢᠶ᠎ᠡ ᠦᠵᠡᠭᠦᠯᠬᠦ ᠬᠣᠱᠢᠭᠤ》ᠶ᠋ᠢᠨ ᠦᠷ᠎ᠡ ᠪᠦᠲᠦᠮᠵᠢ ᠪᠡᠨ ᠦᠷᠭᠦᠯᠵᠢᠯᠡᠨ ᠪᠡᠬᠢᠵᠢᠭᠦᠯᠬᠦ ᠪᠡᠷ ᠱᠢᠪᠲᠤᠯᠤᠯᠲᠠ ᠪᠣᠯᠭᠠᠵᠤ᠂ ᠤᠬᠠᠭᠤᠯᠭ᠎ᠠ ᠶ᠋ᠢᠨ ᠠᠵᠢᠯ ᠢ᠋ ᠪᠠᠷᠢᠮᠲᠠᠯᠠᠬᠤ ᠪᠠᠷ ᠵᠠᠮᠴᠢ ᠪᠣᠯᠭᠠᠵᠤ᠂ ᠨᠠᠮ ᠵᠠᠰᠠᠭ ᠤ᠋ᠨ ᠪᠠᠢᠭᠤᠯᠭ᠎ᠠ ᠶ᠋ᠢᠨ ᠠᠵᠢᠯᠯᠠᠬᠤ ᠭᠠᠵᠠᠷ᠂ ᠴᠡᠴᠡᠷᠯᠢᠭ ᠲᠠᠯᠠᠪᠠᠢ ᠵᠡᠷᠭᠡ ᠬᠥᠮᠦᠨ ᠣᠯᠠᠨ ᠭᠠᠵᠠᠷ ᠲᠤ᠌ ᠮᠣᠩᠭᠤᠯ ᠬᠡᠯᠡ ᠪᠢᠴᠢᠭ ᠦ᠋ᠨ ᠤᠬᠠᠭᠤᠯᠭ᠎ᠠ ᠶ᠋ᠢᠨ ᠤᠷᠢᠶ᠎ᠠ ᠯᠣᠽᠦ᠋ᠩ ᠢ᠋ ᠡᠯᠧᠺᠲ᠋ᠷᠤᠨ ᠳᠡᠯᠭᠡᠴᠡ ᠪᠡᠷ ᠦᠷᠭᠦᠯᠵᠢᠯᠡᠨ ᠨᠡᠪᠲᠡᠷᠡᠭᠦᠯᠵᠦ᠂ ᠢᠡᠲ᠋ᠧᠷ ᠰᠦᠯᠵᠢᠶ᠎ᠡ᠂ ᠸᠢᠴᠠᠲ ᠵᠡᠷᠭᠡ ᠱᠢᠨ᠎ᠡ ᠬᠡᠯᠪᠡᠷᠢᠲᠦ ᠵᠠᠭᠤᠴᠢᠯᠠᠭᠤᠷ ᠤ᠋ᠨ ᠲᠠᠪᠴᠠᠩ ᠳ᠋ᠤ᠌ ᠠᠷᠠᠳ ᠲᠤ᠌ ᠳᠥᠭᠦᠮ ᠦᠵᠡᠭᠦᠯᠬᠦ ᠦᠢᠯᠡᠴᠢᠯᠡᠭᠡ᠂ ᠲᠥᠷᠦ ᠶ᠋ᠢᠨ ᠪᠣᠳᠤᠯᠭ᠎ᠠ ᠬᠠᠤᠯᠢ ᠳᠦᠷᠢᠮ ᠦ᠋ᠨ ᠤᠬᠠᠭᠤᠯᠭ᠎ᠠ ᠶ᠋ᠢᠨ ᠪᠤᠯᠤᠩ ᠭᠠᠷᠭᠠᠵᠤ᠂ ᠡᠳᠦᠭᠡ ᠪᠣᠯᠲᠠᠯ᠎ᠠ 350 ᠭᠠᠷᠤᠢ ᠤᠳᠠᠭ᠎ᠠ ᠬᠣᠯᠪᠤᠭᠳᠠᠯ ᠪᠦᠬᠦᠢ ᠠᠭᠤᠯᠭ᠎ᠠ ᠶ᠋ᠢ ᠴᠠᠭ ᠲᠤᠬᠠᠢ ᠳ᠋ᠤ᠌ ᠨᠢ ᠱᠢᠨᠡᠴᠢᠯᠡᠵᠦ ᠢᠳᠡᠪᠬᠢᠲᠡᠢ ᠤᠬᠠᠭᠤᠯᠵᠠᠢ᠃ ᠴᠢᠩᠭᠢᠰ ᠬᠠᠭᠠᠨ ᠤ᠋ ᠴᠠᠭᠠᠨ ᠰᠦᠯᠳᠡ ᠶ᠋ᠢᠨ ᠶᠡᠬᠡ ᠲᠠᠬᠢᠯᠭ᠎ᠠ ᠪᠠ ᠵᠤᠯᠠᠭ ᠨᠠᠭᠠᠳᠤᠮ ᠵᠡᠷᠭᠡ ᠠᠵᠢᠯᠯᠠᠭᠠᠨ ᠤ᠋ ᠲᠠᠱᠢᠷᠠᠮ ᠳ᠋ᠤ᠌ ᠤᠬᠠᠭᠤᠯᠭ᠎ᠠ ᠶ᠋ᠢᠨ ᠮᠠᠲ᠋ᠧᠷᠢᠶᠠᠯ 3000 ᠭᠠᠷᠤᠢ  ᠶ᠋ᠢ ᠲᠠᠷᠬᠠᠭᠠᠭᠰᠠᠨ ᠪᠥᠭᠡᠳ ᠡᠯ᠎ᠡ ᠪᠠᠯᠭᠠᠰᠤ ᠪᠠ ᠡᠯ᠎ᠡ ᠨᠡᠢᠭᠡᠮ ᠲᠣᠭᠤᠷᠢᠭ᠂ ᠪᠦᠯᠬᠦᠮ᠂ ᠬᠣᠱᠢᠭᠤᠨ ᠤ᠋ ᠱᠢᠭᠤᠳ ᠬᠠᠷᠢᠶ᠎ᠠ ᠪᠠᠢᠭᠤᠯᠭ᠎ᠠ ᠳ᠋ᠤ᠌1000 ᠭᠠᠷᠤᠢ ᠤᠬᠠᠭᠤᠯᠭ᠎ᠠ ᠶ᠋ᠢᠨ ᠮᠡᠳᠡᠭᠡ ᠵᠠᠩᠭᠢ ᠶ᠋ᠢ ᠲᠠᠷᠬᠠᠭᠠᠵᠠᠢ᠃

ᠮᠣᠩᠭᠤᠯ ᠬᠡᠯᠡᠨ ᠦ᠌ ᠡᠷᠳᠡᠮ ᠱᠢᠨᠵᠢᠯᠡᠭᠡᠨ ᠦ᠌ ᠰᠣᠯᠢᠯᠴᠠᠭᠠᠨ ᠤ᠋ ᠠᠵᠢᠯᠯᠠᠭ᠎ᠠ ᠶ᠋ᠢ ᠥᠷᠨᠢᠭᠦᠯᠪᠡ᠃ 《ᠸᠠᠩᠳᠠᠨᠨᠢᠮ᠎ᠠ ᠶ᠋ᠢᠨ ᠲᠤᠬᠠᠢ ᠡᠷᠳᠡᠮ ᠱᠢᠨᠵᠢᠯᠡᠭᠡᠨ ᠦ᠌ ᠶᠠᠷᠢᠯᠴᠠᠬᠤ ᠬᠤᠷᠠᠯ》ᠢ᠋ ᠬᠤᠷᠠᠯᠳᠤᠭᠤᠯᠵᠤ᠂《 ᠸᠠᠩᠳᠠᠨᠨᠢᠮ᠎ᠠ ᠶ᠋ᠢᠨ ᠨᠠᠮᠲᠠᠷ》᠂《ᠥᠭᠦᠯᠡᠯᠭᠡ ᠶ᠋ᠢᠨ ᠲᠡᠭᠦᠪᠦᠷᠢ》᠂《ᠳᠠᠷᠬᠠᠳ ᠤ᠋ᠨ  ᠵᠠᠩ ᠦᠢᠯᠡ》ᠵᠡᠷᠭᠡ ᠨᠣᠮ ᠢ᠋ ᠮᠥᠩᠭᠦ ᠪᠡᠷ ᠲᠡᠳᠬᠦᠵᠦ ᠬᠡᠪᠯᠡᠭᠦᠯᠵᠡᠢ᠃ ᠪᠠᠰᠠ 10 ᠲᠦᠮᠡᠨ ᠲᠥᠭᠦᠷᠢᠭ ᠦ᠋ᠨ ᠲᠡᠳᠬᠦᠮᠵᠢ ᠭᠠᠷᠭᠠᠵᠤ᠂《ᠣᠷᠳᠤᠰ ᠠᠷᠠᠳ ᠤ᠋ᠨ ᠳᠠᠭᠤᠤ ᠶ᠋ᠢᠨ ᠰᠣᠶᠤᠯ ᠤ᠋ᠨ ᠡᠵᠡᠨ ᠬᠣᠷᠤᠭ᠎ᠠ ᠬᠣᠱᠢᠭᠤᠨ ᠤ᠋ ᠪᠣᠳᠢ》ᠶ᠋ᠢ ᠬᠡᠪᠯᠡᠭᠦᠯᠵᠡᠢ᠃《ᠡᠬᠡ ᠬᠡᠯᠡ》ᠰᠡᠳᠬᠦᠯ ᠦ᠋ᠨ ᠨᠠᠢᠷᠠᠭᠤᠯᠬᠤ ᠬᠠᠷᠭᠤᠭᠤᠯᠬᠤ ᠠᠵᠢᠯ ᠬᠡᠪᠯᠡᠭᠦᠯᠬᠦ ᠶ᠋ᠢ ᠦᠷᠭᠦᠯᠵᠢᠯᠡᠨ ᠰᠠᠢᠲᠤᠷ ᠠᠳᠭᠤᠵᠠᠢ᠃ ᠳᠣᠯᠤᠳᠤᠭᠠᠷ ᠤᠳᠠᠭᠠᠨ ᠤ᠋《ᠣᠷᠳᠤᠰ ᠬᠤᠷᠢᠮ ᠤ᠋ᠨ ᠰᠣᠶᠤᠯ ᠤ᠋ᠨ ᠡᠳᠦᠷᠯᠢᠭ》ᠠᠵᠢᠯᠯᠠᠭᠠᠨ ᠤ᠋ ᠪᠡᠯᠡᠳᠬᠡᠯ ᠠᠵᠢᠯ ᠢ᠋ ᠰᠠᠢᠲᠤᠷ ᠬᠢᠬᠦ ᠶ᠋ᠢᠨ ᠳᠠᠭᠠᠤ ᠰᠤᠪᠤᠷᠭ᠎ᠠ ᠪᠠᠯᠭᠠᠰᠤᠨ ᠳ᠋ᠤ᠌《ᠴᠠᠭᠠᠨ ᠰᠠᠭᠠᠯᠢ》ᠮᠠᠯᠴᠢᠨ ᠤ᠋ ᠳᠠᠭᠤᠯᠠᠯ ᠮᠣᠩᠭᠤᠯ ᠰᠣᠶᠤᠯ ᠢ ᠣᠢᠯᠠᠭᠠᠬᠤ ᠰᠠᠭᠤᠷᠢᠨ ᠭᠠᠵᠠᠷ ᠢ᠋ ᠪᠠᠢᠭᠤᠯᠵᠤ᠂ ᠮᠣᠩᠭᠤᠯ ᠬᠡᠯᠡ ᠪᠢᠴᠢᠭ ᠢ᠋ ᠰᠤᠷᠴᠤ ᠬᠡᠷᠡᠭᠯᠡᠬᠦ ᠶ᠋ᠢ ᠳᠦᠷᠢᠮᠵᠢᠭᠦᠯᠬᠦ ᠨᠣᠷᠮ᠎ᠠ ᠶ᠋ᠢ ᠳᠡᠭᠡᠭᠱᠢᠯᠡᠭᠦᠯᠬᠦ ᠪᠡᠷ ᠲᠥᠯᠦᠪᠯᠡᠵᠦ ᠪᠠᠢᠨ᠎ᠠ᠃ ᠡᠭᠦᠨ ᠡᠴᠡ ᠭᠠᠳᠠᠨ᠎ᠠ᠂《 ᠪᠣᠭᠳᠠ ᠡᠵᠡᠨ ᠦ᠌ ᠡᠭᠡᠱᠢᠭᠯᠡᠯ ᠊ ᠡᠬᠡ ᠬᠡᠯᠡᠨ ᠦ᠌ ᠤᠩᠱᠢᠭᠤ》ᠶ᠋ᠢ ᠭᠣᠣᠯᠯᠠᠨ ᠡᠷᠬᠢᠯᠡᠵᠦ᠂《ᠠᠵᠢᠨᠠᠢ ᠬᠥᠯᠦᠭ ᠦ᠋ᠨ ᠦᠦᠷᠰᠡᠭᠡ》ᠵᠡᠷᠭᠡ ᠱᠢᠯᠦᠭ ᠳᠠᠭᠤᠤ᠂ ᠤᠷᠠᠨ ᠤᠩᠱᠢᠯᠭ᠎ᠠ ᠶ᠋ᠢᠨ ᠤᠷᠤᠯᠳᠤᠭᠠᠨ ᠢ᠋ ᠳᠠᠭᠠᠭᠠᠴᠢᠯᠠᠨ ᠡᠷᠬᠢᠯᠡᠵᠦ᠂ ᠦᠨᠳᠦᠰᠦᠲᠡᠨ ᠦ᠌ ᠤᠯᠠᠮᠵᠢᠯᠠᠯᠲᠤ ᠬᠡᠯᠡ ᠰᠣᠶᠤᠯ ᠢ᠋ᠶ᠋ᠠᠨ ᠪᠠᠳᠠᠷᠠᠭᠤᠯᠵᠤ᠂ ᠡᠯ᠎ᠡ ᠦᠨᠳᠦᠰᠦᠲᠡᠨ ᠦ᠌ ᠠᠷᠠᠳ ᠲᠦᠮᠡᠨ ᠦ᠌ ᠪᠦᠯᠬᠦᠮᠳᠡᠯ ᠨᠥᠬᠦᠷᠯᠡᠯ ᠲᠡᠢ᠂ ᠬᠠᠮᠲᠤ ᠪᠠᠷ ᠳᠠᠪᠱᠢᠬᠤ ᠣᠬᠢ ᠰᠠᠢᠨ ᠨᠡᠢᠭᠡᠮ ᠦ᠋ᠨ ᠣᠷᠴᠢᠨ ᠢ᠋ ᠲᠠᠰᠤᠷᠠᠯᠳᠠ ᠦᠭᠡᠢ ᠴᠣᠭᠴᠠᠯᠠᠬᠤ ᠪᠠᠷ ᠪᠠᠢᠨ᠎ᠠ᠃

ᠮᠣᠩᠭᠤᠯ ᠬᠡᠯᠡᠨ ᠦ᠌ ᠠᠯᠪᠠᠨ ᠪᠢᠴᠢᠭ ᠦ᠋ᠨ ᠣᠷᠴᠢᠭᠤᠯᠭ᠎ᠠ ᠶ᠋ᠢ ᠴᠢᠩᠭᠠᠳᠭᠠᠪᠠ᠃ ᠪᠦᠬᠦ ᠬᠣᠱᠢᠭᠤᠨ ᠤ᠋ ᠮᠣᠩᠭᠤᠯ ᠣᠷᠴᠢᠭᠤᠯᠭ᠎ᠠ ᠶ᠋ᠢᠨ ᠠᠵᠢᠯᠲᠠᠳ ᠢ᠋ ᠢᠳᠡᠪᠬᠢᠲᠡᠢ ᠵᠣᠬᠢᠶᠠᠨ ᠪᠠᠢᠭᠤᠯᠵᠤ᠂ ᠥᠪᠡᠷᠲᠡᠭᠡᠨ ᠵᠠᠰᠠᠬᠤ ᠣᠷᠤᠨ ᠤ᠋ ᠪᠠ ᠬᠣᠲᠠ ᠶ᠋ᠢᠨ ᠡᠯ᠎ᠡ ᠲᠥᠷᠦᠯ ᠦ᠋ᠨ ᠣᠷᠴᠢᠭᠤᠯᠭ᠎ᠠ ᠶ᠋ᠢᠨ ᠪᠣᠯᠪᠠᠰᠤᠷᠠᠯ ᠳ᠋ᠤ᠌ ᠣᠷᠤᠯᠴᠠᠭᠤᠯᠵᠤ᠂ ᠪᠣᠯᠪᠠᠰᠤᠷᠠᠯ ᠳ᠋ᠤ᠌ ᠣᠷᠤᠯᠴᠠᠭᠰᠠᠨ ᠨᠣᠷᠮ᠎ᠠ ᠶ᠋ᠢ 98% ᠳ᠋ᠤ᠌ ᠬᠦᠷᠭᠡᠵᠡᠢ᠃ ᠮᠣᠩᠭᠤᠯ ᠣᠷᠴᠢᠭᠤᠯᠤᠭᠴᠢ ᠶ᠋ᠢᠨ ᠡᠩᠨᠡᠭᠡ ᠶ᠋ᠢᠨ ᠪᠠᠢᠭᠤᠯᠤᠯᠲᠠ ᠶ᠋ᠢ ᠴᠢᠩᠭᠠᠳᠭᠠᠬᠤ ᠪᠠᠷ ᠳᠠᠮᠵᠢᠭᠠᠳ ᠣᠳᠤᠬᠠᠨ᠎ᠠ ᠬᠣᠱᠢᠭᠤᠨ ᠤ᠋ ᠳᠥᠷᠪᠡᠨ ᠶᠡᠬᠡ ᠤᠳᠤᠷᠢᠳᠭᠤ ᠪᠠᠭ᠂ ᠱᠢᠭᠦᠬᠦ ᠬᠣᠷᠢᠶ᠎ᠠ᠂ ᠪᠠᠢᠴᠠᠭᠠᠬᠤ ᠬᠣᠷᠢᠶ᠎ᠠ᠂ ᠡᠳ᠋ ᠦ᠋ᠨ ᠵᠠᠰᠠᠭ ᠤ᠋ᠨ ᠲᠣᠪᠴᠢᠶ᠎ᠠ᠂ ᠭᠠᠢᠯᠢ ᠶ᠋ᠢᠨ ᠲᠣᠪᠴᠢᠶ᠎ᠠ᠂ ᠡᠯ᠎ᠡ ᠪᠠᠯᠭᠠᠰᠤ ᠨᠡᠢᠭᠡᠮ ᠲᠣᠭᠤᠷᠢᠭ ᠵᠡᠷᠭᠡ ᠪᠠᠢᠭᠤᠯᠭ᠎ᠠ ᠨᠢᠭᠡᠴᠢ ᠳ᠋ᠦ᠍ ᠴᠥᠮ ᠲᠤᠰᠭᠠᠢ ᠣᠷᠴᠢᠭᠤᠯᠤᠭᠴᠢ ᠲᠣᠬᠢᠷᠠᠭᠤᠯᠤᠭᠰᠠᠨ ᠪᠥᠭᠡᠳ ᠮᠣᠩᠭᠤᠯ ᠬᠡᠯᠡᠨ ᠦ᠌ ᠦᠢᠯᠡᠴᠢᠯᠡᠭᠡᠨ ᠦ᠌ ᠴᠣᠩᠬᠤ ᠭᠠᠷᠭᠠᠵᠤ᠂ ᠪᠦᠬᠦ ᠬᠣᠱᠢᠭᠤᠨ ᠤ᠋《ᠬᠣᠶᠠᠷ ᠬᠤᠷᠠᠯ》ᠪᠠ ᠲᠣᠮᠤ ᠠᠵᠢᠯᠯᠠᠭᠠᠨ ᠤ᠋ ᠪᠢᠴᠢᠭ ᠮᠠᠲ᠋ᠧᠷᠢᠶᠠᠯ ᠢ᠋ ᠣᠷᠴᠢᠭᠤᠯᠤᠭᠰᠠᠨ ᠨᠤᠷᠮ᠎ᠠ ᠶ᠋ᠢ 96% ᠬᠦᠷᠭᠡᠪᠡ᠃ ᠪᠠᠰᠠ ᠢᠯᠡ ᠱᠢᠯᠭᠠᠯᠲᠠ ᠪᠠᠷ 1 ᠣᠷᠴᠢᠭᠤᠯᠤᠭᠴᠢ ᠡᠯᠰᠡᠭᠰᠡᠨ ᠪᠠ ᠮᠣᠩᠭᠤᠯ ᠬᠡᠯᠡᠨ ᠦ᠌ ᠵᠠᠰᠠᠭ ᠤ᠋ᠨ ᠶᠠᠪᠤᠳᠠᠯ ᠤ᠋ᠨ ᠰᠦᠯᠵᠢᠶᠡᠨ ᠦ᠌ ᠴᠡᠭ ᠦ᠋ᠨ ᠬᠡᠷᠡᠭᠯᠡᠭᠡᠨ ᠦ᠌ ᠲᠥᠪ ᠢ᠋ ᠪᠠᠢᠭᠤᠯᠵᠠᠢ᠃

ᠮᠣᠩᠭᠤᠯ ᠬᠡᠯᠡ ᠦᠰᠦᠭ ᠪᠢᠴᠢᠭ ᠦ᠋ᠨ ᠨᠡᠢᠭᠡᠮ ᠦ᠋ᠨ ᠭᠠᠳᠠᠷ ᠬᠡᠷᠡᠭᠯᠡᠭᠡᠨ ᠦ᠌ ᠠᠵᠢᠯ ᠢ᠋ ᠴᠢᠩᠭᠠᠳᠭᠠᠪᠠ᠃《ᠮᠣᠩᠭᠤᠯ ᠬᠡᠯᠡ ᠪᠢᠴᠢᠭ ᠦ᠋ᠨ ᠮᠡᠳᠡᠭᠡ ᠵᠠᠩᠭᠢᠵᠢᠯᠲᠠ ᠶ᠋ᠢᠨ ᠪᠠᠢᠭᠤᠯᠤᠯᠲᠠ ᠶ᠋ᠢ ᠲᠦᠷᠭᠡᠳᠬᠡᠨ ᠠᠬᠢᠭᠤᠯᠬᠤ ᠲᠤᠬᠠᠢ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠠᠷᠠᠳ ᠤ᠋ᠨ ᠵᠠᠰᠠᠭ ᠤ᠋ᠨ ᠣᠷᠳᠤᠨ ᠤ᠋ ᠰᠠᠨᠠᠯ》ᠤ᠋ᠨ ᠱᠠᠭᠠᠷᠳᠠᠯᠭ᠎ᠠ ᠪᠠᠷ ᠬᠠᠮᠲᠤᠷᠠᠭᠰᠠᠨ ᠬᠠᠤᠯᠢ ᠬᠡᠷᠡᠭᠵᠢᠭᠦᠯᠬᠦ ᠪᠠᠢᠴᠠᠭᠠᠬᠤ ᠳᠤᠭᠤᠢᠯᠠᠩ ᠢ᠋ ᠲᠦᠷᠦᠭᠦᠯᠡᠨ ᠵᠣᠬᠢᠶᠠᠨ ᠪᠠᠢᠭᠤᠯᠵᠤ᠂ ᠵᠡᠭᠡᠯᠢ ᠭᠤᠳᠤᠮᠵᠢ᠂ ᠵᠠᠮ ᠤ᠋ᠨ ᠵᠢᠭᠠᠯᠲᠠ᠂ ᠵᠠᠷ ᠤ᠋ᠨ ᠫᠠᠢᠰᠠ ᠵᠡᠷᠭᠡ ᠳ᠋ᠦ᠍ ᠮᠣᠩᠭᠤᠯ ᠬᠢᠲᠠᠳ ᠬᠣᠶᠠᠷ ᠲᠥᠷᠦᠯ ᠦ᠋ᠨ ᠦᠰᠦᠭ ᠪᠢᠴᠢᠭ ᠢ᠋ ᠵᠡᠷᠭᠡ ᠪᠡᠷ ᠬᠡᠷᠡᠭᠯᠡᠵᠦ ᠪᠠᠢᠭ᠎ᠠ ᠪᠠᠢᠳᠠᠯ ᠢ᠋ ᠴᠢᠩᠭ᠎ᠠ ᠨᠢᠮᠪᠠᠢ ᠪᠠᠢᠴᠠᠭᠠᠵᠤ᠂《ᠨᠡᠢᠭᠡᠮ ᠦ᠋ᠨ ᠭᠠᠳᠠᠷ ᠬᠡᠷᠡᠭᠯᠡᠭᠡᠨ ᠳ᠋ᠦ᠍ ᠮᠣᠩᠭᠤᠯ ᠬᠢᠲᠠᠳ ᠬᠣᠶᠠᠷ ᠲᠥᠷᠦᠯ ᠦ᠋ᠨ ᠦᠰᠦᠭ ᠪᠢᠴᠢᠭ ᠢ᠋ ᠵᠡᠷᠭᠡ ᠪᠡᠷ ᠬᠡᠷᠡᠭᠯᠡᠵᠦ ᠪᠠᠢᠭ᠎ᠠ ᠪᠠᠢᠳᠠᠯ ᠢ᠋ ᠬᠢᠨᠠᠨ ᠬᠠᠮᠢᠶᠠᠷᠬᠤ ᠰᠠᠢᠨ ᠳᠤᠷᠠᠴᠣᠳ》ᠤ᠋ᠨ ᠸᠢᠴᠠᠲ ᠤ᠋ᠨ ᠪᠦᠯᠦᠭ ᠢ᠋ ᠪᠠᠢᠭᠤᠯᠵᠤ᠂ 700 ᠭᠠᠷᠤᠢ ᠡᠯ᠎ᠡ ᠵᠦᠢᠯ ᠦ᠋ᠨ ᠫᠠᠢᠰᠠ ᠱᠣᠱᠢᠭ᠎ᠠ ᠶ᠋ᠢ ᠪᠠᠢᠴᠠᠭᠠᠵᠤ᠂ 120 ᠭᠠᠷᠤᠢ ᠴᠡᠭᠴᠡᠯᠡᠨ ᠰᠠᠢᠵᠢᠷᠠᠭᠤᠯᠬᠤ ᠮᠡᠳᠡᠭᠳᠡᠯ ᠢ᠋ ᠪᠠᠭᠤᠯᠭᠠᠪᠠ᠃ ᠨᠡᠢᠭᠡᠮ ᠦ᠋ᠨ ᠭᠠᠳᠠᠷ ᠬᠡᠷᠡᠭᠯᠡᠭᠡᠨ ᠳ᠋ᠦ᠍ ᠮᠣᠩᠭᠤᠯ ᠬᠢᠲᠠᠳ ᠬᠣᠶᠠᠷ ᠲᠥᠷᠦᠯ ᠦ᠋ᠨ ᠦᠰᠦᠭ ᠪᠢᠴᠢᠭ ᠢ᠋ ᠵᠡᠷᠭᠡ ᠪᠡᠷ ᠬᠡᠷᠡᠭᠯᠡᠬᠦ ᠪᠠᠢᠳᠠᠯ ᠢ᠋ ᠲᠤᠰᠭᠠᠢᠯᠠᠨ ᠪᠠᠢᠴᠠᠭᠠᠬᠤ ᠠᠵᠢᠯ ᠢ᠋ ᠭᠦᠨᠵᠡᠭᠡᠢ ᠥᠷᠨᠢᠭᠦᠯᠵᠦ᠂ ᠮᠣᠩᠭᠤᠯ ᠬᠢᠲᠠᠳ ᠬᠣᠶᠠᠷ ᠲᠥᠷᠦᠯ ᠦ᠋ᠨ ᠦᠰᠦᠭ ᠪᠢᠴᠢᠭ ᠢ᠋ ᠵᠡᠷᠭᠡ ᠪᠡᠷ ᠬᠡᠷᠡᠭᠯᠡᠭᠰᠡᠨ ᠨᠣᠷᠮ᠎ᠠ ᠶ᠋ᠢ 98% ᠳᠤ ᠬᠦᠷᠭᠡᠵᠦ᠂ ᠣᠨᠤᠪᠴᠢ ᠶ᠋ᠢᠨ ᠨᠣᠷᠮ᠎ᠠ ᠶ᠋ᠢ 96% ᠬᠦᠷᠭᠡᠪᠡ᠃

 

 

ᠣᠷᠴᠢᠭᠤᠯᠤᠭᠴᠢ᠄ ᠮᠸᠩ ᠵᠢᠶᠠᠩ

ᠬᠢᠨᠠᠭᠴᠢ᠄ ᠪᠤᠶᠠᠨ᠌ᠦ᠌ᠯᠵᠡᠢ

ᠬᠠᠷᠢᠭᠤᠴᠠᠭᠰᠠᠨ ᠨᠠᠢᠷᠠᠭᠤᠯᠤᠭᠴᠢ᠄ ᠮᠸᠩ ᠵᠢᠶᠠᠩ

ᠸᠢᠴᠠᠲ ᠲᠤ ᠪᠠᠨ ᠬᠤᠪᠢᠶᠠᠯᠴᠠᠬᠤ