ᠰᠢᠯᠢ ᠶ᠋ᠢᠨ ᠭᠣᠣᠯ ᠠᠢᠮᠠᠭ ᠤ᠋ᠨ ᠪᠠᠷᠠᠭᠤᠨ ᠦᠵᠦᠮᠦᠴᠢᠨ ᠬᠣᠰᠢᠭᠤ ᠨᠡᠢᠭᠡᠮ ᠤ᠋ᠨ ᠥᠩᠭᠡᠨ ᠬᠡᠷᠡᠭᠯᠡᠭᠡᠨ ᠳ᠋ᠤ᠌ ᠮᠣᠩᠭᠤᠯ ᠬᠢᠲᠠᠳ ᠬᠤᠶᠠᠷ ᠵᠦᠢᠯ ᠤ᠋ᠨ ᠦᠰᠦᠭ ᠪᠢᠴᠢᠭ ᠢ᠋ ᠵᠡᠷᠭᠡ ᠪᠡᠷ ᠭᠡᠷᠡᠭᠯᠡᠬᠦ ᠠᠵᠢᠯ ᠢ᠋ ᠣᠯᠠᠨ ᠠᠷᠭ᠎ᠠ ᠵᠠᠮ ᠢ᠋ᠶ᠋ᠡᠷ ᠡᠷᠴᠢᠮᠵᠢᠭᠦᠯᠵᠦ ᠪᠠᠢᠨ᠎ᠠ
ᠢᠷᠡᠯᠲᠡ᠄ ᠰᠢᠯᠢ ᠶ᠋ᠢᠨ ᠭᠣᠣᠯ ᠠᠢᠮᠠᠭ ᠤ᠋ᠨ ᠦᠨᠳᠦᠰᠦᠲᠡᠨ ᠤ᠋ ᠵᠥᠪᠯᠡᠯ
2019.03.01

 

ᠨᠡᠢᠭᠡᠮ ᠤ᠋ᠨ ᠥᠩᠭᠡᠨ ᠬᠡᠷᠡᠭᠯᠡᠭᠡᠨ ᠳ᠋ᠤ᠌ ᠮᠣᠩᠭᠤᠯ ᠬᠢᠲᠠᠳ ᠬᠤᠶᠠᠷ ᠵᠦᠢᠯ ᠤ᠋ᠨ ᠦᠰᠦᠭ ᠪᠢᠴᠢᠭ ᠢ᠋ ᠵᠡᠷᠭᠡ ᠪᠡᠷ ᠭᠡᠷᠡᠭᠯᠡᠬᠦ ᠠᠵᠢᠯ ᠢ᠋ ᠦᠨᠡᠨ ᠬᠦ᠌ ᠰᠠᠢᠲᠤᠷ ᠬᠢᠵᠦ᠂ ᠬᠣᠶᠠᠷ ᠬᠡᠯᠡᠨ ᠤ᠋ ᠡᠶ᠎ᠡ ᠵᠣᠬᠢᠴᠠᠯ ᠢ᠋ ᠠᠬᠢᠭᠤᠯᠬᠤ ᠶ᠋ᠢᠨ ᠲᠥᠯᠦᠭᠡ ᠰᠢᠯᠢ ᠶ᠋ᠢᠨ ᠭᠣᠣᠯ ᠠᠢᠮᠠᠭ ᠤ᠋ᠨ ᠪᠠᠷᠠᠭᠤᠨ ᠦᠵᠦᠮᠦᠴᠢᠨ ᠬᠣᠰᠢᠭᠤ ᠨᠡᠢᠭᠡᠮ ᠤ᠋ᠨ ᠥᠩᠭᠡᠨ ᠬᠡᠷᠡᠭᠯᠡᠭᠡᠨ  ᠳ᠋ᠤ᠌ ᠮᠣᠩᠭᠤᠯ ᠬᠢᠲᠠᠳ ᠬᠤᠶᠠᠷ ᠵᠦᠢᠯ ᠤ᠋ᠨ ᠦᠰᠦᠭ ᠪᠢᠴᠢᠭ ᠢ᠋ ᠵᠡᠷᠭᠡ ᠪᠡᠷ ᠭᠡᠷᠡᠭᠯᠡᠬᠦ ᠠᠵᠢᠯ ᠢ᠋ ᠣᠯᠠᠨ ᠠᠷᠭ᠎ᠠ ᠵᠠᠮ ᠢ᠋ᠶ᠋ᠡᠷ ᠡᠷᠴᠢᠮᠵᠢᠭᠦᠯᠵᠦ ᠪᠤᠢ᠃ ᠶᠠᠭᠤᠨ ᠤ᠋ ᠡᠮᠦᠨ᠎ᠡ᠂《 < ᠮᠣᠩᠭᠤᠯ ᠬᠢᠲᠠᠳ ᠬᠣᠶᠠᠷ ᠵᠦᠢᠯ ᠤ᠋ᠨ ᠦᠰᠦᠭ ᠪᠢᠴᠢᠭ ᠢ᠋ ᠵᠡᠷᠭᠡ ᠪᠡᠷ ᠬᠡᠷᠡᠭᠯᠡᠬᠦ ᠪᠣᠯᠤᠨ ᠨᠡᠢᠭᠡᠮ ᠤ᠋ᠨ ᠥᠩᠭᠡᠨ ᠬᠡᠷᠡᠭᠯᠡᠭᠡᠨ ᠳ᠋ᠤ᠌ ᠮᠣᠩᠭᠤᠯ ᠬᠢᠲᠠᠳ ᠬᠣᠶᠠᠷ ᠵᠦᠢᠯ ᠤ᠋ᠨ ᠦᠰᠦᠭ ᠪᠢᠴᠢᠭ ᠢ᠋ ᠵᠡᠷᠭᠡ ᠪᠡᠷ ᠬᠡᠷᠡᠭᠯᠡᠬᠦ ᠪᠠᠷᠠᠭᠤᠨ ᠦᠵᠦᠮᠦᠴᠢᠨ ᠬᠤᠰᠢᠭᠤᠨ ᠤ᠋ ᠬᠡᠷᠡᠭᠵᠢᠭᠦᠯᠬᠦ ᠲᠥᠰᠦᠯ> ᠤ᠋ᠨ ᠮᠡᠳᠡᠭᠳᠡᠯ》 ᠢ᠋ ᠲᠣᠭᠲᠠᠭᠠᠨ ᠲᠠᠷᠬᠠᠭᠠᠵᠤ᠂ ᠡᠯ᠎ᠡ ᠰᠤᠮᠤ ᠪᠠᠯᠭᠠᠰᠤ᠂ ᠡᠯ᠎ᠡ ᠰᠠᠯᠠᠭ᠎ᠠ ᠮᠥᠴᠢᠷ ᠨᠡᠢᠭᠡᠮ ᠤ᠋ᠨ ᠥᠩᠭᠡᠨ ᠬᠡᠷᠡᠭᠯᠡᠭᠡᠨ ᠪᠢᠴᠢᠭ ᠮᠠᠲ᠋ᠧᠷᠢᠶᠠᠯ ᠪᠠᠭᠤᠯᠭᠠᠬᠤ  ᠳ᠋ᠤ᠌ ᠮᠣᠩᠭᠤᠯ ᠬᠢᠲᠠᠳ ᠬᠣᠶᠠᠷ ᠵᠦᠢᠯ ᠤ᠋ᠨ ᠦᠰᠦᠭ ᠪᠢᠴᠢᠭ ᠢ᠋ ᠵᠡᠷᠭᠡ ᠪᠡᠷ ᠬᠡᠷᠡᠭᠯᠡᠬᠦ ᠶ᠋ᠢ ᠱᠠᠭᠠᠷᠳᠠᠵᠠᠢ᠃ ᠳᠠᠷᠠᠭ᠎ᠠ ᠳ᠋ᠤᠨᠢ᠂ ᠪᠦᠬᠦ ᠬᠣᠰᠢᠭᠤᠨ ᠤ᠋ ᠬᠡᠪᠴᠢᠶᠡᠨ ᠳ᠋ᠤ᠌ ᠮᠣᠩᠭᠤᠯ ᠬᠢᠲᠠᠳ ᠬᠤᠶᠠᠷ ᠵᠦᠢᠯ ᠤ᠋ᠨ ᠦᠰᠦᠭ ᠪᠢᠴᠢᠭ ᠢ᠋ ᠵᠡᠷᠭᠡ ᠪᠡᠷ ᠭᠡᠷᠡᠭᠯᠡᠬᠦ ᠠᠵᠢᠯ ᠪᠠ ᠪᠣᠯᠪᠠᠰᠤᠷᠠᠯ ᠤ᠋ᠨ ᠬᠤᠷᠠᠯ ᠶᠠᠪᠤᠭᠳᠠᠭᠤᠯᠵᠤ᠂ ᠬᠣᠯᠪᠤᠭᠳᠠᠬᠤ ᠠᠵᠢᠯ  ᠤ᠋ᠨ ᠲᠤᠬᠠᠢ ᠲᠤᠰᠭᠠᠢ ᠰᠡᠳᠤᠪᠲᠤ ᠲᠠᠢᠯᠦᠮᠵᠢ ᠬᠢᠵᠦ᠂ ᠨᠡᠢᠭᠡᠮ ᠤ᠋ᠨ ᠥᠩᠭᠡᠨ ᠬᠡᠷᠡᠭᠯᠡᠭᠡᠨ ᠳ᠋ᠤ᠌ ᠮᠣᠩᠭᠤᠯ ᠬᠢᠲᠠᠳ ᠬᠤᠶᠠᠷ ᠵᠦᠢᠯ ᠤ᠋ᠨ ᠦᠰᠦᠭ ᠪᠢᠴᠢᠭ ᠢ᠋ ᠵᠡᠷᠭᠡ ᠪᠡᠷ ᠭᠡᠷᠡᠭᠯᠡᠬᠦ  ᠳ᠋ᠤ᠌  ᠪᠠᠲᠤ ᠰᠠᠭᠤᠷᠢ ᠲᠠᠯᠪᠢᠵᠠᠢ᠃ ᠭᠤᠷᠪᠠᠳᠤᠭᠠᠷ ᠲᠤᠨᠢ᠂ ᠪᠦᠬᠦ ᠬᠤᠰᠢᠭᠤᠨ ᠤ᠋ ᠬᠡᠪᠴᠢᠶᠡᠨ ᠳ᠋ᠡᠬᠢ ᠨᠡᠢᠭᠡᠮ ᠤ᠋ᠨ ᠥᠩᠭᠡᠨ ᠬᠡᠷᠡᠭᠯᠡᠭᠡᠨ ᠤ᠋ ᠫᠠᠢᠰᠠ ᠢᠯᠡᠷᠬᠡᠢᠯᠡᠯ  ᠳ᠋ᠡᠬᠢ ᠮᠣᠩᠭᠤᠯ ᠬᠢᠲᠠᠳ ᠬᠣᠶᠠᠷ ᠵᠦᠢᠯ ᠤ᠋ᠨ ᠦᠰᠦᠭ ᠪᠢᠴᠢᠭ ᠢ᠋ ᠵᠡᠷᠭᠡ ᠪᠡᠷ ᠬᠡᠷᠡᠭᠯᠡᠵᠤ ᠪᠠᠢᠭ᠎ᠠ ᠪᠠᠢᠳᠠᠯ  ᠢ᠋ ᠪᠠᠢᠴᠠᠭᠠᠨ ᠴᠢᠭᠴᠢᠯᠡᠯᠲᠡ ᠬᠢᠵᠤ᠂ ᠮᠣᠩᠭᠤᠯ  ᠬᠡᠯᠡ ᠪᠢᠴᠢᠭ ᠤ᠋ᠨ ᠠᠵᠢᠯ ᠤ᠋ᠨ ᠳᠦᠷᠢᠮ ᠪᠠ ᠨᠡᠢᠭᠡᠮ  ᠤ᠋ᠨ ᠥᠩᠭᠡᠨ ᠬᠡᠷᠡᠭᠯᠡᠭᠡᠨ  ᠳ᠋ᠤ᠌ ᠮᠣᠩᠭᠤᠯ ᠬᠢᠲᠠᠳ ᠬᠣᠶᠠᠷ ᠵᠦᠢᠯ ᠤ᠋ᠨ ᠦᠰᠦᠭ ᠪᠢᠴᠢᠭ ᠢ᠋ ᠵᠡᠷᠭᠡ ᠪᠠᠷ ᠬᠡᠷᠡᠭᠯᠡᠬᠦ ᠬᠠᠮᠢᠶᠠᠷᠤᠯᠲᠠ ᠶ᠋ᠢᠨ ᠠᠷᠭ᠎ᠠ ᠵᠡᠷᠭᠡ  ᠬᠠᠤᠯᠢ ᠳᠦᠷᠢᠮ ᠲᠥᠷᠦ ᠶ᠋ᠢᠨ ᠪᠣᠳᠤᠯᠭ᠎ᠠ ᠶ᠋ᠢ ᠤᠬᠠᠭᠤᠯᠤᠨ᠂ ᠬᠣᠶᠠᠷ ᠬᠡᠯᠡᠨ ᠤ᠋ ᠡᠶ᠎ᠡ ᠵᠣᠬᠢᠴᠠᠩᠭᠤᠢ ᠨᠡᠢᠭᠡᠮ  ᠤ᠋ᠨ ᠣᠷᠴᠢᠨ ᠢ᠋ ᠪᠤᠢ ᠪᠣᠯᠭᠠᠬᠤ ᠪᠡᠷ ᠴᠢᠷᠮᠠᠢᠵᠤ ᠪᠤᠢ᠃

 

 

ᠣᠷᠴᠢᠭᠤᠯᠤᠭᠴᠢ᠄ ᠡᠷᠳᠡᠨᠢᠴᠡᠴᠡᠭ

ᠬᠢᠨᠠᠭᠴᠢ᠄ ᠪᠤᠶᠠᠨ᠌ᠥ᠌ᠯᠵᠡᠢ

ᠬᠠᠷᠢᠭᠤᠴᠠᠭᠰᠠᠨ ᠨᠠᠢᠷᠠᠭᠤᠯᠤᠭᠴᠢ᠄ ᠡᠷᠳᠡᠨᠢᠴᠡᠴᠡᠭ

 

ᠸᠢᠴᠠᠲ ᠲᠤ ᠪᠠᠨ ᠬᠤᠪᠢᠶᠠᠯᠴᠠᠬᠤ