ᠥᠪᠦᠷ ᠮᠣᠩᠭᠤᠯ ᠤ᠋ᠨ 《ᠮᠣᠩᠭᠤᠯ ᠰᠢᠲᠠᠷ᠎ᠠ ᠶ᠋ᠢᠨ ᠰᠣᠶᠤᠯ ᠢ᠋ ᠤᠯᠠᠮᠵᠢᠯᠠᠨ ᠬᠥᠭᠵᠢᠭᠦᠯᠬᠦ ᠰᠠᠭᠤᠷᠢᠨ ᠭᠠᠵᠠᠷ》 ᠤ᠋ᠨ ᠫᠠᠢᠰᠠ ᠡᠯᠭᠦᠬᠦ ᠶᠣᠰᠤᠯᠠᠯ ᠪᠣᠯᠤᠨ ᠠᠪᠠᠭ᠎ᠠ ᠬᠣᠰᠢᠭᠤᠨ ᠤ᠋ ᠠᠩᠬᠠᠳᠤᠭᠠᠷ ᠤᠳᠠᠭᠠᠨ ᠤ᠋ 《ᠲᠡᠮᠦᠷ ᠬᠤᠨᠳᠠᠭᠠᠲᠤ》 ᠮᠣᠩᠭᠤᠯ ᠰᠢᠲᠠᠷ᠎ᠠ ᠶ᠋ᠢᠨ ᠤᠷᠤᠯᠳᠤᠭᠠᠨ ᠠᠪᠠᠭ᠎ᠠ ᠬᠣᠰᠢᠭᠤᠨ ᠳ᠋ᠤ᠌ ᠦᠪᠡᠳᠡᠭᠱᠢ ᠶᠡᠬᠡ ᠪᠡᠷ ᠪᠣᠯᠪᠠ
ᠢᠷᠡᠯᠲᠡ᠄ ᠱᠢᠯᠢ ᠶ᠋ᠢᠨ ᠭᠣᠣᠯ ᠠᠢᠮᠠᠭ ᠤ᠋ᠨ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ
2018.10.19

 

10 ᠰᠠᠷ᠎ᠠ ᠶ᠋ᠢᠨ12 ᠤ᠋ᠨ ᠡᠳᠦᠷ ᠥᠪᠦᠷ ᠮᠣᠩᠭᠤᠯ ᠤ᠋ᠨ 《ᠮᠣᠩᠭᠤᠯ ᠰᠢᠲᠠᠷ᠎ᠠ ᠶ᠋ᠢᠨ ᠰᠣᠶᠤᠯ ᠢ᠋ ᠤᠯᠠᠮᠵᠢᠯᠠᠨ ᠬᠥᠭᠵᠢᠭᠦᠯᠬᠦ ᠰᠠᠭᠤᠷᠢᠨ ᠭᠠᠵᠠᠷ》 ᠤ᠋ᠨ ᠫᠠᠢᠰᠠ ᠡᠯᠭᠦᠬᠦ ᠶᠣᠰᠤᠯᠠᠯ ᠪᠣᠯᠤᠨ ᠠᠪᠠᠭ᠎ᠠ ᠬᠣᠰᠢᠭᠤᠨ ᠤ᠋ ᠠᠩᠬᠠᠳᠤᠭᠠᠷ ᠤᠳᠠᠭᠠᠨ ᠤ᠋ 《ᠲᠡᠮᠦᠷ ᠬᠤᠨᠳᠠᠭᠠᠲᠤ》ᠮᠣᠩᠭᠤᠯ ᠰᠢᠲᠠᠷ᠎ᠠ ᠶ᠋ᠢᠨ ᠤᠷᠤᠯᠳᠤᠭᠠᠨ ᠠᠪᠠᠭ᠎ᠠ ᠬᠣᠰᠢᠭᠤᠨ ᠤ᠋ ᠮᠣᠩᠭᠤᠯ ᠳᠤᠮᠳᠠᠳᠤ ᠰᠤᠷᠭᠠᠭᠤᠯᠢ ᠶ᠋ᠢᠨ ᠪᠡᠶ᠎ᠡ ᠶ᠋ᠢᠨ ᠲᠠᠮᠢᠷ ᠤ᠋ᠨ ᠣᠷᠳᠤᠨ ᠳ᠋ᠤ᠌ ᠦᠪᠡᠳᠡᠭᠱᠢ ᠶᠡᠬᠡ ᠪᠡᠷ ᠪᠣᠯᠪᠠ᠃ ᠥᠪᠦᠷ ᠮᠣᠩᠭᠤᠯ ᠤ᠋ᠨ ᠦᠨᠳᠦᠰᠦᠲᠡᠨ ᠦ᠌ ᠵᠥᠪᠯᠡᠯ ᠦ᠋ᠨ ᠳᠡᠳ᠋ ᠡᠷᠬᠢᠯᠡᠭᠴᠢ᠂ ᠥᠪᠡᠷᠲᠡᠭᠡᠨ ᠵᠠᠰᠠᠬᠤ ᠣᠷᠤᠨ ᠤ᠋ ᠠᠪᠠᠭ᠎ᠠ ᠬᠣᠰᠢᠭᠤᠨ ᠳ᠋ᠤ᠌ ᠰᠠᠭᠤᠭ᠎ᠠ ᠶᠠᠳᠠᠭᠤ ᠠ᠋ᠴᠠ ᠠᠩᠭᠢᠵᠢᠷᠠᠭᠤᠯᠬᠤ ᠱᠢᠪᠲᠤᠯᠤᠯᠲᠠ ᠶ᠋ᠢᠨ ᠠᠵᠢᠯ ᠤ᠋ᠨ ᠶᠡᠷᠦᠩᠬᠡᠢ ᠠᠩᠭᠢ ᠶ᠋ᠢᠨ ᠳᠠᠷᠤᠭ᠎ᠠ ᠪᠥᠭᠡᠳ ᠠᠪᠠᠭ᠎ᠠ ᠬᠣᠰᠢᠭᠤᠨ ᠤ᠋ ᠨᠠᠮ ᠤ᠋ᠨ ᠬᠣᠷᠢᠶᠠᠨ ᠤ᠋ ᠳᠡᠳ᠋ ᠱᠦᠵᠢ ᠶᠦᠨ ᠭᠦᠸᠧ ᠱᠧᠩ᠂ ᠥᠪᠦᠷ ᠮᠣᠩᠭᠤᠯ ᠤ᠋ᠨ ᠮᠣᠩᠭᠤᠯ ᠰᠢᠲᠠᠷ᠎ᠠ ᠶ᠋ᠢᠨ ᠨᠡᠢᠭᠡᠮᠯᠢᠭ ᠦ᠋ᠨ ᠲᠡᠷᠢᠭᠦᠯᠡᠭᠴᠢ ᠨᠠᠰᠤᠨ᠂ ᠠᠪᠠᠭ᠎ᠠ ᠬᠣᠰᠢᠭᠤᠨ ᠤ᠋ ᠳᠥᠷᠪᠡᠨ ᠤᠳᠤᠷᠢᠳᠭᠤ ᠪᠠᠭ ᠤ᠋ᠨ ᠤᠳᠤᠷᠢᠳᠤᠯᠭ᠎ᠠ ᠨᠠᠷ ᠡᠬᠢᠯᠡᠯᠲᠡ ᠶ᠋ᠢᠨ ᠶᠣᠰᠤᠯᠠᠯ ᠳ᠋ᠤ᠌ ᠣᠷᠤᠯᠴᠠᠵᠤ ᠬᠠᠮᠲᠤ ᠳ᠋ᠤ᠌ ᠪᠠᠨ ᠰᠠᠭᠤᠷᠢᠨ ᠭᠠᠵᠠᠷ ᠤ᠋ᠨ ᠫᠠᠢᠰᠠ ᠶ᠋ᠢ ᠰᠡᠬᠦᠭᠰᠡᠨ ᠪᠠᠢᠨ᠎ᠠ᠃ ᠱᠢᠯᠢᠩᠬᠤᠲᠠ᠂ ᠪᠠᠷᠠᠭᠤᠨ ᠦᠵᠦᠮᠦᠴᠢᠨ ᠬᠣᠱᠢᠭᠤ᠂ ᠵᠡᠭᠦᠨ ᠦᠵᠦᠮᠦᠴᠢᠨ ᠬᠣᠱᠢᠭᠤ᠂ ᠬᠥᠯᠦᠨ ᠪᠤᠢᠷ ᠵᠡᠷᠭᠡ ᠭᠠᠵᠠᠷ ᠣᠷᠤᠨ ᠠ᠋ᠴᠠ ᠬᠦᠷᠦᠯᠴᠡᠨ ᠢᠷᠡᠭᠰᠡᠨ 196 ᠱᠢᠲᠠᠷᠠᠴᠢᠳ ᠢ᠋ ᠴᠡᠴᠡᠷᠯᠢᠭ᠂ ᠪᠠᠭ᠎ᠠ ᠰᠤᠷᠭᠠᠭᠤᠯᠢ᠂ ᠠᠩᠬ᠎ᠠ ᠳᠤᠮᠳᠠᠳᠤ᠂ ᠥᠨᠳᠦᠷ ᠳᠤᠮᠳᠠᠳᠤ ᠪᠠ ᠲᠣᠮᠤᠴᠤᠤᠯ ᠤ᠋ᠨ ᠳᠤᠭᠤᠢᠯᠠᠩ ᠭᠡᠬᠦ ᠲᠠᠪᠤᠨ ᠳᠤᠭᠤᠢᠯᠠᠩ ᠬᠤᠪᠢᠶᠠᠵᠤ᠂ ᠨᠢᠭᠡ ᠡᠳᠦᠷ ᠦ᠋ᠨ ᠬᠤᠭᠤᠴᠠᠭ᠎ᠠ ᠲᠠᠢ ᠱᠢᠭᠱᠢᠭᠡ ᠤᠷᠤᠯᠳᠤᠭᠠᠨ ᠬᠢᠵᠡᠢ᠃ ᠤᠷᠤᠯᠳᠤᠭᠠᠨ ᠳ᠋ᠤ᠌ ᠣᠷᠤᠯᠴᠠᠭᠰᠠᠳ ᠤ᠋ᠨ ᠬᠠᠮᠤᠭ ᠤ᠋ᠨ ᠪᠠᠭ᠎ᠠ ᠨᠢ 5 ᠨᠠᠰᠤᠲᠠᠢ ᠵᠢᠭᠠᠯ᠂ ᠬᠠᠮᠤᠭ ᠤ᠋ᠨ ᠥᠨᠳᠦᠷ ᠨᠠᠰᠤᠲᠠᠢ ᠨᠢ ᠳᠠᠯᠠ ᠭᠠᠷᠤᠭᠰᠠᠨ ᠠᠬᠠᠮᠠᠳ ᠪᠤᠭᠤᠷᠤᠯ ᠪᠥᠭᠡᠳ 100 ᠭᠠᠷᠤᠢ ᠱᠢᠲᠠᠷᠠᠴᠢᠳ ᠤᠷ᠎ᠠ ᠤᠬᠠᠭᠠᠨ ᠢ᠋ᠶ᠋ᠠᠨ ᠰᠣᠷᠢᠭᠰᠠᠨ ᠪᠠᠢᠨ᠎ᠠ᠃

 

 

ᠣᠷᠴᠢᠭᠤᠯᠤᠭᠴᠢ᠄ ᠴᠠᠨ᠎ᠠ

ᠬᠢᠨᠠᠭᠴᠢ᠄ ᠪᠤᠶᠠᠨ᠌ᠥ᠌ᠯᠵᠡᠢ

ᠬᠠᠷᠢᠭᠤᠴᠠᠭᠰᠠᠨ ᠨᠠᠢᠷᠠᠭᠤᠯᠤᠭᠴᠢ᠄ ᠴᠠᠨ᠎ᠠ

ᠸᠢᠴᠠᠲ ᠲᠤ ᠪᠠᠨ ᠬᠤᠪᠢᠶᠠᠯᠴᠠᠬᠤ